ᠪᠠᠶᠠᠨᠨᠠᠭᠤᠷ ᠤ᠋ᠨ ᠬᠢᠯᠢ ᠢ᠋ᠢᠨ ᠬᠠᠮᠢᠶᠠᠷᠤᠯᠲᠠ ᠢ᠋ᠢᠨ ᠰᠠᠯᠪᠤᠷᠢ ᠠᠩᠭᠢ ᠢ᠋ᠢᠨ ᠴᠤᠡᠭᠵᠢ ᠳ᠋ᠡᠬᠢ ᠬᠢᠯᠢ ᠢ᠋ᠢᠨ ᠲᠣᠮᠢᠯᠠᠭ᠍ᠰᠠᠨ ᠰᠠᠯᠪᠤᠷᠢ ᠢ᠋ᠢᠨ《ᠮᠣᠷᠢᠨ ᠨᠢᠷᠤᠭᠤᠨ ᠳᠡᠭᠡᠷᠡᠬᠢ ᠬᠢᠯᠢ ᠬᠠᠮᠠᠭᠠᠯᠠᠬᠤ ᠠᠩᠭᠢ》2023 ᠣᠨ ᠳ᠋ᠤ ᠪᠠᠢᠭᠤᠯᠤᠭ᠍ᠳᠠᠭ᠍ᠰᠠᠨ ᠡᠴᠡ ᠨᠠᠭᠠᠰᠢ᠂ ᠬᠢᠯᠢ ᠢ᠋ᠢᠨ ᠴᠠᠭ᠍ᠳᠠᠨ ᠪᠠᠢᠴᠠᠭᠠᠯᠲᠠ ᠢ᠋ᠢ ᠨᠡᠢᠲᠡ 2000 ᠭᠠᠷᠤᠶ ᠺᠢᠯᠣᠮᠧᠲ᠋ᠷ ᠥᠷᠨᠢᠭᠦᠯᠵᠦ᠍᠂ ᠬᠢᠯᠢ ᠬᠢᠵᠠᠭᠠᠷ ᠣᠷᠣᠨ ᠤ᠋ ᠠᠮᠤᠷ ᠲᠦᠪᠱᠢᠨ ᠢ᠋ ᠪᠦᠲᠦᠮᠵᠢᠲᠡᠢ ᠬᠠᠮᠠᠭᠠᠯᠠᠪᠠ᠃
ᠠᠮᠤᠷ ᠲᠦᠪᠱᠢᠨ ᠪᠣᠯ ᠬᠥᠭ᠌ᠵᠢᠯᠲᠡ ᠢ᠋ᠢᠨ ᠤᠷᠢᠲᠠᠯ᠂ ᠬᠥᠭ᠌ᠵᠢᠯᠲᠡ ᠪᠣᠯ ᠠᠮᠤᠷ ᠲᠦᠪᠱᠢᠨ ᠤ᠋ ᠪᠠᠲᠤᠯᠠᠭ᠎ᠠ ᠮᠥᠨ᠃ ᠶᠡᠷᠦᠩᠬᠡᠶ ᠱᠦᠵᠢ ᠰᠢ ᠵᠢᠨ ᠫᠢᠩ ᠤ᠋ᠨ ᠥᠪᠥᠷ ᠮᠣᠩᠭᠣᠯ ᠳ᠋ᠤ ᠣᠯᠭᠣᠭ᠍ᠰᠠᠨ ᠪᠠᠢᠯᠳᠤᠬᠤ ᠪᠣᠳᠣᠯᠭ᠎ᠠ ᠢ᠋ᠢᠨ ᠪᠠᠢᠷᠢ ᠲᠣᠭ᠍ᠲᠠᠭᠠᠯᠲᠠ ᠢ᠋ᠢᠨ ᠨᠢᠭᠡ ᠪᠣᠯ ᠳᠠᠷᠤᠶ ᠡᠬᠡ ᠤᠯᠤᠰ ᠤ᠋ᠨ ᠤᠮᠠᠷᠠᠲᠤ ᠢ᠋ᠢᠨ ᠠᠮᠤᠷ ᠲᠦᠪᠱᠢᠨ ᠲᠣᠭ᠍ᠲᠠᠭᠤᠨ ᠤ᠋ ᠬᠠᠯᠬᠠᠪᠴᠢ ᠢ᠋ᠢ ᠪᠠᠲᠤ ᠴᠣᠭ᠍ᠴᠠᠯᠠᠬᠤ ᠶᠠᠪᠤᠳᠠᠯ ᠪᠣᠯᠤᠨ᠎ᠠ᠃ ᠥᠪᠥᠷ ᠮᠣᠩᠭᠣᠯ ᠶᠡᠷᠦᠩᠬᠡᠶ ᠱᠦᠵᠢ ᠰᠢ ᠵᠢᠨ ᠫᠢᠩ ᠤ᠋ᠨ ᠴᠢᠩ ᠰᠡᠳᠭᠢᠯ ᠤ᠋ᠨ ᠬᠦᠰᠡᠯ ᠨᠠᠢᠳᠠᠯᠭ᠎ᠠ ᠢ᠋ᠢ ᠪᠠᠲᠤ ᠴᠡᠭᠡᠵᠢᠯᠡᠵᠦ᠍᠂ 《ᠠᠷᠪᠠᠨ ᠳᠥᠷᠪᠡᠳᠦᠭᠡᠷ ᠲᠠᠪᠤᠨ ᠵᠢᠯ》 ᠳ᠋ᠤ ᠳᠤᠮᠳᠠᠳᠤ ᠢ᠋ᠢᠨ ᠦᠨᠳᠦᠰᠦᠲᠡᠨ ᠤ᠋ ᠬᠠᠮᠲᠤ ᠢ᠋ᠢᠨ ᠴᠣᠭ᠍ᠴᠠ ᠢ᠋ᠢᠨ ᠤᠬᠠᠮᠰᠠᠷ ᠢ᠋ ᠪᠠᠲᠤ ᠴᠣᠭ᠍ᠴᠠᠯᠠᠬᠤ ᠠᠵᠢᠯ ᠤ᠋ᠨ ᠭᠤᠤᠯ ᠱᠢᠵᠢᠮ ᠲᠠᠢ ᠨᠢᠭ᠍ᠲᠠ ᠤᠶᠠᠯᠳᠤᠭᠤᠯᠤᠨ᠂ ᠨᠠᠩ ᠪᠣᠳᠠᠲᠠᠶ ᠢ᠋ᠢ ᠡᠷᠬᠢᠮᠯᠡᠭ᠌ᠰᠡᠨ ᠥᠨᠳᠥᠷ ᠪᠦᠲᠦᠮᠵᠢᠲᠡᠶ ᠠᠷᠭ᠎ᠠ ᠬᠡᠮᠵᠢᠶ᠎ᠡ ᠪᠡᠷ ᠦᠨᠳᠦᠰᠦᠲᠡᠨ ᠤ᠋ ᠪᠦᠯᠬᠦᠮᠳᠡᠯ᠂ ᠨᠡᠢᠭᠡᠮ ᠤ᠋ᠨ ᠲᠣᠭ᠍ᠲᠠᠭᠤᠨ ᠪᠤᠯᠤᠨ ᠬᠢᠯᠢ ᠬᠢᠵᠠᠭᠠᠷ ᠤ᠋ᠨ ᠠᠮᠤᠷ ᠲᠣᠭ᠍ᠲᠠᠭᠤᠨ ᠤ᠋ ᠰᠠᠢᠨ ᠰᠠᠢᠬᠠᠨ ᠪᠠᠢᠳᠠᠯ ᠢ᠋ ᠪᠡᠬᠢᠵᠢᠭᠦᠯᠦᠨ ᠬᠦᠭᠵᠢᠭᠦᠯᠪᠠ᠃
ᠬᠡᠬᠦᠳᠡᠭ ᠴᠡᠭᠡᠵᠢᠨ ᠳ᠋ᠡᠭᠡᠨ ᠶᠡᠬᠡ ᠲᠠᠯ᠎ᠠ ᠢ᠋ᠢ ᠪᠠᠭ᠍ᠲᠠᠭᠠᠵᠤ ᠠᠮᠤᠷ ᠲᠦᠪᠱᠢᠨ ᠤ᠋ ᠰᠡᠷᠭᠡᠢᠯᠡᠯᠲᠡ ᠢ᠋ᠢᠨ ᠱᠤᠭᠤᠮ ᠢ᠋ ᠪᠠᠲᠤ ᠴᠣᠭ᠍ᠴᠠᠯᠠᠪᠠ
ᠲᠦᠷᠦᠭᠦᠬᠡᠨ ᠬᠥᠬᠡᠬᠣᠲᠠ ᠢ᠋ᠢᠨ ᠤᠯᠤᠰ ᠤ᠋ᠨ ᠠᠮᠤᠷ ᠲᠦᠪᠱᠢᠨ ᠤ᠋ ᠬᠥᠮᠦᠵᠢᠯ ᠤ᠋ᠨ ᠰᠠᠭᠤᠷᠢᠨ ᠤ᠋ ᠤᠯᠤᠰ ᠲᠥᠷᠥ ᠢ᠋ᠢᠨ ᠠᠮᠤᠷ ᠲᠦᠪᠱᠢᠨ ᠤ᠋ ᠭᠤᠤᠯ ᠰᠡᠳᠦᠪᠲᠦ ᠣᠷᠳᠣᠨ ᠵᠢᠩᠬᠢᠨᠢ ᠪᠡᠷ ᠠᠰᠢᠭᠯᠠᠯᠲᠠ ᠳ᠋ᠤ ᠤᠷᠤᠵᠤ᠂ ᠥᠰᠥᠭ ᠵᠢᠷᠤᠭ᠂ ᠪᠣᠳᠠᠲᠤ ᠪᠣᠳᠠᠰ ᠤ᠋ᠨ ᠱᠢᠨᠵᠢᠯᠡᠬᠦ᠌ ᠤᠬᠠᠭᠠᠨ ᠢ᠋ ᠲᠦᠭᠡᠮᠡᠯᠵᠢᠭᠦᠯᠬᠦ᠌ ᠦᠵᠡᠭᠦᠯᠭᠡ᠂ ᠺᠢᠨᠣ᠋ ᠲᠧᠯᠸᠢᠰ ᠤ᠋ᠨ ᠦᠢᠯᠡᠳᠦᠯᠴᠡᠯ ᠵᠡᠷᠭᠡ ᠬᠡᠯᠪᠡᠷᠢ ᠪᠡᠷ ᠲᠣᠭᠣᠷᠢᠨ ᠦᠵᠡᠭ᠌ᠰᠡᠳ ᠲᠤ᠌ ᠤᠯᠤᠰ ᠤ᠋ᠨ ᠠᠮᠤᠷ ᠲᠦᠪᠱᠢᠨ ᠤ᠋ ᠬᠠᠤᠯᠢ ᠲᠣᠭ᠍ᠲᠠᠭᠠᠯ ᠢ᠋ ᠱᠢᠰᠲ᠋ᠧᠮ ᠲᠠᠢ ᠰᠤᠷᠤᠯᠴᠠᠭᠤᠯᠵᠤ ᠪᠠᠢᠯ᠎ᠠ᠃
ᠥᠪᠥᠷ ᠮᠣᠩᠭᠣᠯ ᠢᠮᠠᠭ᠍ᠲᠠ ᠤᠯᠤᠰ ᠤ᠋ᠨ ᠠᠮᠤᠷ ᠲᠦᠪᠱᠢᠨ ᠢ᠋ ᠬᠠᠮᠠᠭᠠᠯᠠᠬᠤ ᠢ᠋ᠢ ᠲᠡᠷᠢᠭᠦᠨ ᠴᠢᠬᠤᠯᠠ ᠶᠠᠪᠤᠳᠠᠯ ᠪᠣᠯᠭᠠᠨ ᠠᠳᠬᠤᠵᠤ᠂ ᠤᠯᠤᠰ ᠤ᠋ᠨ ᠠᠮᠤᠷ ᠲᠦᠪᠱᠢᠨ ᠤ᠋ ᠶᠡᠷᠦᠩᠬᠡᠶ ᠴᠣᠭ᠍ᠴᠠ ᠢ᠋ᠢᠨ ᠦᠵᠡᠯᠲᠡ ᠢ᠋ᠢ ᠡᠯ᠎ᠡ ᠱᠠᠲᠤᠨ ᠤ᠋ ᠨᠠᠮ ᠤ᠋ᠨ ᠬᠣᠷᠢᠶ᠎ᠠ (ᠨᠠᠮ ᠤ᠋ᠨ ᠤᠳᠤᠷᠢᠳᠭᠤ ᠳᠤᠭᠤᠢᠯᠠᠩ) ᠶ᠋ᠢᠨ ᠣᠨᠣᠯ ᠰᠤᠷᠤᠯᠴᠠᠬᠤ ᠭᠤᠤᠯ ᠳᠤᠭᠤᠢᠯᠠᠩ ᠪᠣᠯᠤᠨ ᠨᠠᠮ ᠤ᠋ᠨ ᠰᠤᠷᠭᠠᠭᠤᠯᠢ (ᠵᠠᠰᠠᠭ ᠵᠠᠬᠢᠷᠭᠠᠨ ᠤ᠋ ᠳᠡᠭᠡᠳᠦ ᠰᠤᠷᠭᠠᠭᠤᠯᠢ) ᠢ᠋ᠢᠨ ᠭᠤᠤᠯ ᠴᠣᠭ᠍ᠴᠠ ᠢ᠋ᠢᠨ ᠠᠩᠭᠢ ᠢ᠋ᠢᠨ ᠭᠤᠤᠯᠳᠠᠯᠭ᠎ᠠ ᠲᠠᠶ ᠰᠤᠷᠤᠯᠴᠠᠬᠤ ᠠᠭᠤᠯᠭ᠎ᠠ ᠳ᠋ᠤ ᠣᠷᠣᠭᠤᠯᠵᠤ᠂ ᠠᠢᠮᠠᠭ ᠬᠣᠲᠠ ᠪᠦᠬᠦᠨ ᠳ᠋ᠤ ᠲᠣᠭᠣᠷᠢᠨ ᠬᠢᠴᠢᠶᠡᠯᠯᠡᠬᠦ᠌ ᠪᠣᠯᠪᠠᠰᠤᠷᠠᠯ ᠢ᠋ ᠪᠦᠷᠬᠦᠭᠦᠯᠵᠤ᠂ ᠨᠠᠮ ᠤ᠋ᠨ ᠭᠡᠱᠢᠭᠦᠨ ᠺᠠᠳ᠋ᠷ ᠢ᠋ ᠬᠥᠮᠦᠵᠢᠭᠦᠯᠦᠨ ᠵᠢᠯᠣᠭᠣᠳᠴᠤ᠌ ᠪᠠᠢᠭᠠᠳ ᠬᠦᠨᠳᠦ ᠶᠡᠬᠡ ᠠᠶᠤᠯ ᠲᠦᠭ᠌ᠰᠢᠭᠦᠷᠢ ᠢ᠋ᠢ ᠰᠡᠷᠭᠡᠢᠯᠡᠬᠦ ᠴᠢᠳᠠᠪᠤᠷᠢ ᠢ᠋ᠢ ᠲᠠᠰᠤᠷᠠᠯᠲᠠ ᠥᠬᠡᠶ ᠳᠡᠭᠡᠭ᠌ᠰᠢᠯᠡᠭᠦᠯᠪᠡ᠃ 《ᠰᠦᠯᠵᠢᠶᠡᠨ ᠤ᠋ ᠠᠮᠤᠷ ᠲᠦᠪᠱᠢᠨ ᠤ᠋ ᠤᠬᠠᠭᠤᠯᠭ᠎ᠠ ᠢ᠋ᠢᠨ ᠭᠠᠷᠠᠭ》 ᠵᠡᠷᠭᠡ ᠭᠤᠤᠯ ᠰᠡᠳᠦᠪᠲᠦ ᠤᠬᠠᠭᠤᠯᠭ᠎ᠠ ᠢ᠋ᠢᠨ ᠠᠵᠢᠯᠯᠠᠭ᠎ᠠ ᠡᠷᠭᠢᠯᠡᠨ᠂ ᠦᠨᠳᠦᠰᠦᠲᠡᠨ ᠨᠤᠭᠦᠳ ᠤ᠋ᠨ ᠺᠠᠳ᠋ᠷ ᠣᠯᠠᠨ ᠲᠦᠮᠡᠨ ᠢ᠋ ᠬᠥᠮᠦᠵᠢᠭᠦᠯᠦᠨ ᠵᠢᠯᠣᠭᠣᠳᠴᠤ᠌ ᠪᠠᠢᠭᠠᠳ ᠰᠠᠬᠢᠨ ᠪᠡᠷᠡᠯᠡᠵᠦ᠍ ᠬᠠᠷᠢᠯᠴᠠᠨ ᠬᠠᠪᠰᠤᠷᠤᠯᠴᠠᠵᠤ᠂ ᠡᠬᠡ ᠤᠯᠤᠰ ᠤ᠋ᠨ ᠤᠮᠠᠷᠠᠲᠤ ᠬᠢᠯᠢ ᠢ᠋ᠢ ᠬᠠᠮᠲᠤ ᠪᠠᠷ ᠰᠠᠬᠢᠨ ᠬᠠᠮᠠᠭᠠᠯᠠᠪᠠ᠃ ᠪᠦᠬᠦ᠌ ᠲᠠᠯ᠎ᠠ ᠪᠠᠷ ᠪᠠᠢᠷᠢᠱᠢᠭᠤᠯᠬᠤ᠂ ᠪᠦᠬᠦ᠌ ᠬᠦᠷᠢᠶᠡᠨ ᠳ᠋ᠤ ᠲᠥᠯᠥᠪᠵᠢᠭᠦᠯᠬᠦ᠌᠂ ᠪᠦᠬᠦ᠌ ᠨᠡᠢᠭᠡᠮ ᠢ᠋ ᠳᠠᠢᠴᠢᠯᠠᠬᠤ ᠢ᠋ᠢ ᠪᠠᠷᠢᠮᠲᠠᠯᠠᠵᠤ᠂ ᠤᠯᠤᠰ ᠤ᠋ᠨ ᠵᠠᠰᠠᠭ ᠤ᠋ᠨ ᠡᠷᠬᠡ ᠢ᠋ᠢᠨ ᠠᠮᠤᠷ ᠲᠦᠪᠱᠢᠨ᠂ ᠪᠠᠢᠭᠤᠯᠤᠯ ᠤ᠋ᠨ ᠠᠮᠤᠷ ᠲᠦᠪᠱᠢᠨ᠂ ᠦᠵᠡᠯ ᠤᠬᠠᠮᠰᠠᠷ ᠤ᠋ᠨ ᠬᠡᠯᠪᠡᠷᠢ ᠢ᠋ᠢᠨ ᠠᠮᠤᠷ ᠲᠦᠪᠱᠢᠨ ᠢ᠋ ᠡᠷᠡᠰ ᠬᠠᠮᠠᠭᠠᠯᠠᠪᠠ᠃
ᠦᠪᠤᠷ ᠮᠤᠩᠭᠤᠯ ᠡᠢᠨ ᠬᠦ᠌ ᠠᠯᠢ ᠣᠯᠠᠨ ᠠᠷᠭ᠎ᠠ ᠬᠡᠮᠵᠢᠶ᠎ᠡ ᠢ᠋ᠢ ᠬᠡᠷᠡᠭ᠌ᠵᠢᠭᠦᠯᠵᠤ᠂ ᠠᠮᠤᠷ ᠲᠦᠪᠱᠢᠨ ᠤ᠋ ᠶᠡᠬᠡ ᠣᠢᠯᠠᠭᠠᠭ᠍ᠳᠠᠬᠤᠨ ᠢ᠋ ᠡᠳᠦᠷ ᠢᠷᠡᠬᠦᠶ᠎ᠡ ᠬᠥᠮᠦᠰ ᠤ᠋ᠨ ᠰᠡᠳᠭᠢᠯ ᠳ᠋ᠤ ᠬᠠᠳᠠᠩᠱᠢᠭᠤᠯᠵᠤ᠂ ᠠᠮᠤᠷ ᠲᠦᠪᠱᠢᠨ ᠤ᠋ ᠰᠠᠭᠤᠷᠢ ᠢ᠋ᠢ ᠲᠠᠰᠤᠷᠠᠯᠲᠠ ᠥᠬᠡᠶ ᠵᠤᠵᠠᠭᠠᠳᠭᠠᠪᠠ᠃
ᠬᠢᠯᠢ ᠬᠢᠵᠠᠭᠠᠷ ᠢ᠋ᠢᠡᠨ ᠬᠦᠴᠦᠷᠬᠡᠭ᠌ᠵᠢᠭᠦᠯᠦᠨ ᠠᠷᠠᠳ ᠢ᠋ ᠪᠠᠶᠠᠵᠢᠭᠤᠯᠵᠤ ᠬᠢᠯᠢ ᠢ᠋ᠢᠨ ᠪᠣᠭᠣᠮᠲᠠ ᠢ᠋ᠢᠨ ᠰᠠᠭᠤᠷᠢ ᠢ᠋ᠢ ᠪᠠᠲᠤᠳᠭᠠᠪᠠ
10 ᠰᠠᠷ᠎ᠠ ᠢ᠋ᠢᠨ 11 ᠤ᠋ ᠥᠷᠯᠥᠭᠡᠬᠦᠷ᠂ ᠠᠯᠠᠱᠠ ᠢ᠋ᠢᠨ ᠬᠢᠯᠢ ᠢ᠋ᠢᠨ ᠬᠠᠮᠢᠶᠠᠷᠤᠯᠲᠠ ᠢ᠋ᠢᠨ ᠰᠠᠯᠪᠤᠷᠢ ᠠᠩᠬᠢ ᠢ᠋ᠢᠨ ᠢᠡᠭᠭᠡᠨ ᠳ᠋ᠡᠬᠢ ᠬᠢᠯᠢ ᠢ᠋ᠢᠨ ᠲᠣᠮᠢᠯᠠᠭ᠍ᠰᠠᠨ ᠰᠠᠯᠪᠤᠷᠢ ᠢ᠋ᠢᠨ ᠳᠡᠳ᠋ ᠳᠠᠷᠤᠭ᠎ᠠ᠂ 《ᠬᠢᠯᠢ ᠰᠠᠬᠢᠬᠰᠠᠨ ᠭᠡᠷ ᠪᠦᠯᠢ》 ᠴᠠᠭ᠍ᠳᠠᠭᠠᠨ ᠤ᠋ ᠶᠠᠪᠤᠳᠠᠯ ᠤ᠋ᠨ ᠲᠠᠰᠤᠭ ᠤ᠋ᠨ ᠬᠠᠷᠢᠭᠤᠴᠠᠯᠭᠠᠲᠠᠨ ᠱᠢᠤᠢ ᠨᠠᠢ ᠴᠤᠤ ᠭᠡᠷᠭᠡᠢ ᠯᠢ ᠸᠸᠨ ᠨᠠ ᠲᠠᠢ ᠪᠡᠨ ᠬᠤᠶᠠᠭᠤᠯᠠ ᠥᠷᠯᠥᠭᠡ ᠢ᠋ᠢᠨ ᠴᠠᠢ ᠪᠠᠨ ᠤᠤᠭᠤᠮᠠᠭᠴᠠ ᠮᠠᠱᠢᠨ ᠲᠡᠷᠭᠡ ᠪᠡᠨ ᠵᠢᠯᠤᠭᠤᠳᠴᠤ ᠬᠢᠯᠢ ᠢ᠋ᠢᠨ ᠲᠥᠬᠥᠭᠡᠷᠦᠮᠵᠢ ᠢ᠋ᠢ ᠪᠠᠢᠴᠠᠭᠠᠬᠤ᠂ ᠬᠠᠷᠢᠶ᠎ᠠ ᠣᠷᠣᠨ ᠤ᠋ ᠠᠮᠤᠷ ᠲᠦᠪᠰᠢᠨ ᠢ᠋ ᠲᠣᠭᠣᠷᠢᠨ ᠪᠠᠢᠴᠠᠭᠠᠬᠤ᠂ ᠬᠠᠪᠰᠤᠷᠤᠨ ᠲᠡᠳᠬᠦᠬᠦ᠌ ᠦᠢᠯᠡᠴᠢᠯᠡᠭᠡ ᠥᠷᠨᠢᠭᠦᠯᠬᠦ᠌ ᠵᠡᠷᠭᠡ ᠡᠳᠤᠷ ᠲᠤᠳᠤᠮ ᠤ᠋ᠨ ᠠᠵᠢᠯ ᠵᠢᠡᠨ ᠡᠬᠢᠯᠡᠬᠦᠯᠪᠡ᠃
ᠥᠪᠥᠷ ᠮᠣᠩᠭᠣᠯ ᠨᠠᠮ ᠵᠠᠰᠠᠭ ᠴᠡᠷᠢᠭ ᠴᠠᠭ᠍ᠳᠠᠭᠠ ᠠᠷᠠᠳ ᠬᠦᠴᠦ᠍ ᠪᠡᠨ ᠬᠠᠮᠲᠤᠳᠭᠠᠨ ᠬᠢᠯᠢ ᠢ᠋ᠢ ᠬᠦᠴᠦᠷᠬᠡᠭ᠌ᠵᠢᠭᠦᠯᠵᠦ᠍ ᠰᠡᠷᠭᠡᠢᠯᠡᠯᠲᠡ ᠢ᠋ᠢ ᠪᠡᠬᠢᠵᠢᠭᠦᠯᠬᠦ᠌ ᠢ᠋ᠢ ᠪᠠᠷᠢᠮᠲᠠᠯᠠᠵᠤ᠂ ᠬᠢᠯᠢ ᠢ᠋ᠢᠨ ᠬᠣᠯᠪᠣᠭᠠᠯᠠᠨ ᠰᠡᠷᠭᠡᠢᠯᠡᠬᠦ᠌ ᠪᠠᠢᠭᠤᠯᠤᠮᠵᠢ ᠲᠣᠭ᠍ᠲᠠᠴᠠ ᠢ᠋ᠢ ᠲᠠᠰᠤᠷᠠᠯᠲᠠ ᠥᠬᠡᠶ ᠪᠦᠷᠢᠨᠱᠢᠭᠦᠯᠪᠡ᠃ ᠲᠠᠯ᠎ᠠ ᠨᠤᠲᠤᠭ ᠤ᠋ᠨ 110᠂ ᠮᠣᠩᠭᠣᠯ ᠭᠡᠷ ᠬᠠᠷᠠᠭᠤᠯ ᠤ᠋ᠨ ᠭᠠᠵᠠᠷ ᠵᠡᠷᠭᠡ ᠪᠦᠲᠦᠮᠵᠢᠲᠡᠢ ᠠᠷᠭ᠎ᠠ ᠪᠠᠷᠢᠯ ᠢ᠋ ᠪᠦᠬᠦ᠌ ᠲᠠᠯ᠎ᠠ ᠪᠠᠷ ᠬᠡᠷᠡᠭ᠌ᠵᠢᠭᠦᠯᠵᠦ᠍᠂ ᠬᠢᠯᠢ ᠬᠢᠵᠠᠭᠠᠷ ᠲᠦ᠍ ᠬᠦᠷᠬᠦ᠌ ᠪᠠ ᠨᠡᠭᠦᠳᠡᠯ ᠴᠠᠭ᠍ᠳᠠᠭᠠᠨ ᠤ᠋ ᠶᠠᠪᠤᠳᠠᠯ ᠤ᠋ᠨ ᠲᠠᠰᠤᠭ ᠢ᠋ ᠪᠠᠢᠭᠤᠯᠵᠤ᠂ ᠬᠢᠯᠢ ᠬᠠᠮᠠᠭᠠᠯᠠᠭ᠍ᠴᠢ ᠢ᠋ᠢᠨ ᠲᠣᠭ᠎ᠠ ᠢ᠋ᠢ ᠨᠡᠮᠡᠭ᠌ᠳᠡᠭᠦᠯᠪᠡ᠃ 《ᠤᠶᠤᠨᠲᠤ ᠬᠢᠯᠢ ᠢ᠋ᠢᠨ ᠬᠠᠮᠠᠭᠠᠯᠠᠯᠲᠠ》 ᠵᠢᠨ ᠭᠢᠨ ᠪᠠᠢᠭᠤᠯᠤᠯᠲᠠ ᠢ᠋ᠢ ᠲᠦᠷᠭᠡᠳᠭᠡᠵᠦ᠍᠂ ᠬᠢᠯᠢ ᠢ᠋ᠢᠨ ᠬᠠᠮᠢᠶᠠᠷᠤᠯᠲᠠ ᠡᠵᠡᠮᠳᠡᠯ ᠤ᠋ᠨ ᠤᠶᠤᠨᠴᠢᠯᠠᠬ᠍ᠰᠠᠨ ᠲᠦᠪᠱᠢᠨ ᠢ᠋ ᠲᠠᠰᠤᠷᠠᠯᠳᠠ ᠦᠭᠡᠢ ᠳᠡᠭᠡᠭ᠌ᠰᠢᠯᠡᠭᠦᠯᠦᠭᠰᠡᠨ ᠪᠠᠢᠨ᠎ᠠ᠃
ᠬᠢᠯᠢ ᠬᠢᠵᠠᠭᠠᠷ ᠬᠥᠭ᠌ᠵᠢᠪᠡᠯ ᠬᠢᠯᠢ ᠬᠢᠵᠠᠭᠠᠷ ᠲᠣᠭ᠍ᠲᠠᠭᠤᠨ ᠪᠤᠯᠵᠤ᠂ ᠬᠢᠯᠢ ᠢ᠋ᠢᠨ ᠠᠷᠠᠳ ᠪᠠᠶᠠᠵᠢᠪᠠᠯ ᠬᠢᠯᠢ ᠢ᠋ᠢᠨ ᠬᠠᠮᠠᠭᠠᠯᠠᠯᠲᠠ ᠪᠡᠬᠢᠵᠢᠬᠦᠨ ᠪᠤᠯᠳᠠᠭ᠃ ᠥᠪᠥᠷ ᠮᠣᠩᠭᠣᠯ ᠬᠢᠯᠢ ᠬᠢᠵᠠᠭᠠᠷ ᠣᠷᠣᠨ ᠤ᠋ 《ᠤᠰᠤ ᠴᠠᠬᠢᠯᠭᠠᠨ ᠵᠠᠮ ᠴᠢᠮᠡᠭᠡ ᠬᠣᠯᠪᠣᠭ᠎ᠠ》 ᠶ᠋ᠢᠨ ᠬᠦᠴᠢᠷ ᠠᠰᠠᠭᠤᠳᠠᠯ ᠳ᠋ᠤ ᠴᠢᠭ᠌ᠯᠡᠭᠦᠯᠦᠨ ᠰᠠᠭᠤᠷᠢ ᠲᠦᠬᠦᠭᠡᠷᠦᠮᠵᠢ ᠢ᠋ᠢᠨ ᠪᠥᠲᠥᠭᠡᠨ ᠪᠠᠢᠭᠤᠯᠤᠯᠲᠠ ᠢ᠋ᠢᠨ ᠭᠤᠷᠪᠠᠨ ᠵᠢᠯ ᠤ᠋ᠨ ᠠᠵᠢᠯᠯᠠᠭ᠎ᠠ ᠢ᠋ᠢ ᠨᠠᠢᠳᠠᠪᠤᠷᠢᠵᠢᠭᠤᠯᠵᠤ᠂ ᠨᠡᠢᠲᠡ 203 ᠳ᠋ᠦᠩᠱᠢᠭᠤᠷ ᠲᠥᠭᠥᠷᠢᠭ ᠤ᠋ᠨ ᠪᠠᠯᠠ ᠣᠷᠣᠭᠤᠯᠵᠤ ᠪᠠᠢᠭᠠᠳ 2058 ᠤᠰᠤ ᠬᠠᠩᠭᠠᠬᠤ ᠬᠤᠳᠳᠤᠭ ᠮᠠᠯᠳᠠᠨ᠂ 1883 ᠤᠰᠤᠨ ᠵᠣᠭᠣᠷᠢ ᠪᠠᠢᠭᠤᠯᠵᠤ᠂ 9746 ᠺᠢᠯᠣᠮᠧᠲ᠋ᠷ ᠴᠠᠬᠢᠯᠭᠠᠨ ᠬᠠᠩᠭᠠᠬᠤ ᠤᠲᠠᠰᠤ ᠢ᠋ᠢ ᠱᠢᠨ᠎ᠡ ᠪᠡᠷ ᠳᠠᠳᠠᠭᠰᠠᠨ ᠪᠤᠶᠤ ᠥᠭᠡᠷᠡᠴᠢᠯᠡᠨ ᠪᠠᠢᠭᠤᠯᠵᠤ᠂ ᠡᠯ᠎ᠡ ᠲᠠᠰ ᠤ᠋ᠨ ᠵᠠᠰᠠᠮᠠᠯ ᠵᠠᠮ ᠢ᠋ 1676 ᠺᠢᠯᠣᠮᠧᠲ᠋ᠷ ᠨᠡᠪᠲᠡᠷᠡᠭᠦᠯᠤᠨ᠂ ᠬᠢᠯᠢ ᠬᠢᠵᠠᠭᠠᠷ ᠤ᠋ᠨ ᠰᠠᠭᠤᠷᠢ ᠥᠷᠲᠡᠭᠡ ᠢ᠋ᠢ 633 ᠪᠠᠢᠭᠤᠯᠵᠤ᠂ 6966 ᠺᠢᠯᠣᠮᠧᠲ᠋ᠷ ᠭᠡᠷᠡᠯᠯᠢᠭ ᠤᠲᠠᠰᠤ ᠲᠠᠲᠠᠵᠤ᠂ ᠰᠠᠭᠤᠷᠢ ᠦᠶ᠋ᠯᠡᠴᠢᠯᠡᠭᠡᠨ ᠤ᠋ ᠪᠠᠲᠤᠯᠠᠭ᠎ᠠ ᠢ᠋ᠢᠨ ᠲᠦᠪᠱᠢᠨ ᠢ᠋ ᠶᠡᠬᠡ ᠪᠡᠷ ᠳᠡᠭᠡᠭ᠌ᠰᠢᠯᠡᠭᠦᠯᠪᠡ᠃
ᠥᠪᠥᠷ ᠮᠣᠩᠭᠣᠯ ᠬᠢᠯᠢ ᠬᠢᠵᠠᠭᠠᠷ ᠤ᠋ᠨ ᠠᠮᠤᠷ ᠲᠦᠪᠱᠢᠨ ᠢ᠋ᠢᠡᠷ ᠬᠢᠯᠢ ᠬᠢᠵᠠᠭᠠᠷ ᠤ᠋ᠨ ᠠᠮᠤᠷ ᠲᠣᠭ᠍ᠲᠠᠭᠤᠨ ᠢ᠋ ᠬᠠᠮᠠᠭᠠᠯᠠᠵᠤ᠂ ᠬᠢᠯᠢ ᠬᠢᠵᠠᠭᠠᠷ ᠢ᠋ ᠬᠥᠭ᠌ᠵᠢᠭᠦᠯᠦᠨ ᠠᠷᠠᠳ ᠢ᠋ ᠪᠠᠶᠠᠵᠢᠭᠤᠯᠤᠭ᠍ᠰᠠᠨ ᠦᠷ᠎ᠡ ᠪᠦᠲᠦᠭᠡᠯ ᠢ᠋ᠢᠡᠷ ᠡᠬᠡ ᠤᠯᠤᠰ ᠤ᠋ᠨ ᠤᠮᠠᠷᠠᠲᠤ ᠢ᠋ᠢᠨ ᠦᠵᠡᠮᠵᠢ ᠢ᠋ᠢᠨ ᠣᠷᠣᠨ ᠢ᠋ ᠨᠠᠩ ᠦᠵᠡᠰᠭᠦᠯᠡᠩᠲᠦ ᠰᠠᠢᠬᠠᠨ ᠪᠣᠯᠭᠠᠵᠡᠢ᠃
ᠴᠢᠳᠠᠮᠠᠭᠠᠶ ᠪᠠᠷ ᠵᠠᠰᠠᠵᠤ ᠡᠶ᠎ᠡ ᠵᠣᠬᠢᠴᠠᠯᠲᠤ ᠦᠡᠭᠭᠡ ᠦᠵᠡᠮᠵᠢ ᠢ᠋ᠢ ᠬᠠᠮᠲᠤᠪᠠᠷ ᠵᠢᠷᠤᠭ᠍ᠯᠠᠪᠡ
ᠲᠦᠩᠯᠢᠶᠣᠤ ᠬᠣᠲᠠ ᠢ᠋ᠢᠨ ᠬᠣᠷᠴᠢᠨ ᠲᠣᠭᠣᠷᠢᠭ ᠤ᠋ᠨ ᠪᠦᠯᠬᠦᠮᠳᠡᠯ ᠵᠡᠭᠡᠯᠢ ᠭᠤᠳᠤᠮᠵᠢ 《ᠨᠠᠮ ᠤ᠋ᠨ ᠤᠳᠤᠳᠷᠢᠳᠬᠤ ᠳᠤᠭᠤᠢᠯᠠᠩ + ᠲᠤᠤᠷᠵᠢᠯ ᠤ᠋ᠨ ᠠᠵᠢᠯᠲᠠᠨ + ᠲᠠᠰᠤᠭ ᠤ᠋ᠨ ᠳᠠᠷᠤᠭ᠎ᠠ (ᠬᠣᠯᠪᠣᠭᠠᠲᠤ ᠡᠷᠦᠬᠡ ᠢ᠋ᠢᠨ ᠳᠠᠷᠤᠭ᠎ᠠ)》 ᠢ᠋ᠢᠨ ᠦᠨᠳᠦᠰᠦᠨ ᠱᠠᠲᠤᠨ ᠤ᠋ ᠪᠢᠴᠢᠯ ᠵᠠᠰᠠᠯᠲᠠ ᠢ᠋ᠢᠨ ᠱᠢᠰᠲ᠋ᠧᠮ ᠢ᠋ ᠲᠠᠰᠤᠷᠠᠯᠲᠠ ᠥᠬᠡᠶ ᠲᠡᠭᠦᠯᠳᠡᠷᠵᠢᠭᠦᠯᠵᠦ᠍᠂ ᠠᠰᠠᠭᠤᠳᠠᠯ ᠢ᠋ ᠲᠤᠤᠷᠵᠢᠯ ᠤ᠋ᠨ ᠳᠣᠲᠣᠷ᠎ᠠ ᠢᠯᠡᠷᠡᠭᠦᠯᠬᠦ᠌᠂ ᠦᠶ᠋ᠯᠡᠴᠢᠯᠡᠭᠡ ᠢ᠋ᠢ ᠲᠤᠤᠷᠵᠢᠯ ᠤ᠋ᠨ ᠳᠣᠲᠣᠷ᠎ᠠ ᠬᠠᠩᠭᠠᠬᠤ ᠂ ᠵᠥᠷᠢᠴᠡᠯ ᠢ᠋ ᠲᠤᠤᠷᠵᠢᠯ ᠤ᠋ᠨ ᠳᠣᠲᠣᠷ᠎ᠠ ᠠᠷᠢᠯᠭᠠᠬᠤ ᠢ᠋ᠢ ᠠᠬᠢᠭᠤᠯᠤᠨ᠂ ᠲᠤᠤᠷᠵᠢᠯ ᠢ᠋ ᠦᠨᠡᠨ ᠬᠦ᠌ ᠠᠮᠤᠷ ᠠᠮᠤᠭᠤᠯᠠᠩ ᠤ᠋ᠨ ᠪᠠᠢᠭᠤᠯᠤᠯᠲᠠ ᠢ᠋ᠢᠨ ᠰᠠᠭᠤᠷᠢ ᠨᠢᠭᠡᠴᠢ ᠪᠣᠯᠭᠠᠵᠡᠢ᠃
ᠥᠪᠥᠷ ᠮᠣᠩᠭᠣᠯ ᠱᠢᠨ᠎ᠡ ᠴᠠᠭ ᠦᠶ᠎ᠡ ᠢ᠋ᠢᠨ 《ᠹᠸᠩᠴᠢᠶᠣᠤ ᠢ᠋ᠢᠨ ᠲᠤᠷᠱᠢᠯᠭ᠎ᠠ》 ᠶ᠋ᠢ ᠪᠠᠷᠢᠮᠲᠠᠯᠠᠨ ᠬᠥᠭ᠌ᠵᠢᠭᠦᠯᠵᠦ᠍᠂ ᠶᠡᠷᠦᠩᠬᠡᠢᠯᠡᠨ ᠵᠠᠰᠠᠬᠤ ᠲᠥᠪ ᠢ᠋ ᠵᠢᠷᠤᠮᠵᠢᠭᠤᠯᠬᠤ ᠪᠠᠢᠭᠤᠯᠤᠯᠲᠠ ᠢ᠋ᠢ ᠪᠥᠬᠥ᠌ ᠲᠠᠯ᠎ᠠ ᠪᠠᠷ ᠠᠬᠢᠭᠤᠯᠤᠨ᠂ ᠣᠯᠠᠨ ᠲᠦᠮᠡᠨ ᠤ᠋ ᠵᠥᠷᠢᠴᠡᠯ ᠵᠠᠭᠤᠷᠠᠯᠳᠤᠭᠠᠨ ᠢ᠋ ᠱᠢᠶ᠋ᠳᠪᠦᠷᠢᠯᠡᠬᠦ᠌ ᠳ᠋ᠤ 《ᠬᠠᠮᠤᠭ ᠤ᠋ᠨ ᠤᠯᠠᠨ ᠳ᠋ᠡᠭᠠᠨ ᠨᠢᠭᠡ ᠯᠡ ᠭᠠᠵᠠᠷ ᠲᠦ᠍ ᠤᠴᠢᠬᠤ》 ᠢ᠋ᠢ ᠪᠡᠶᠡᠯᠡᠭᠦᠯᠪᠡ; ᠠᠮᠤᠷ ᠲᠦᠪᠱᠢᠨ ᠤ᠋ ᠬᠡᠮ ᠰᠣᠭᠣᠭ ᠢ᠋ ᠶᠡᠬᠡ ᠪᠡᠷ ᠵᠢᠭ᠍ᠰᠠᠭᠠᠨ ᠪᠠᠢᠴᠠᠭᠠᠵᠤ ᠶᠡᠬᠡ ᠪᠡᠷ ᠴᠡᠭ᠌ᠴᠡᠯᠡᠨ ᠵᠠᠰᠠᠬᠤ ᠪᠠ ᠱᠢᠷᠢᠰ ᠲᠤᠰᠭᠠᠶ ᠴᠡᠭ᠌ᠴᠡᠯᠡᠨ ᠵᠠᠰᠠᠬᠤ ᠠᠵᠢᠯ ᠢ᠋ ᠪᠠᠢᠩᠭᠤᠵᠢᠭᠤᠯᠤᠨ ᠥᠷᠨᠢᠭᠦᠯᠪᠠ; ᠵᠠᠬᠢᠳᠠᠯ ᠰᠤᠷᠪᠤᠯᠵᠢᠯᠡᠯ ᠢ᠋ ᠣᠷᠣᠯᠠᠨ ᠭᠦᠢᠴᠡᠳᠭᠡᠬᠦ᠌ ᠳᠦᠷᠢᠮ ᠢ᠋ ᠪᠦᠬᠦ᠌ ᠲᠠᠯ᠎ᠠ ᠪᠠᠷ ᠬᠡᠷᠡᠭ᠌ᠵᠢᠭᠦᠯᠵᠦ᠍᠂ ᠣᠯᠠᠨ ᠲᠦᠮᠡᠨ ᠤ᠋ ᠭᠡᠷ ᠤ᠋ᠨ ᠡᠭᠦᠳᠡᠨᠳ᠋ᠡᠬᠡᠨ ᠤᠴᠢᠷ ᠶᠠᠪᠤᠳᠠᠯ ᠢ᠋ ᠱᠢᠢᠳᠪᠦᠷᠢᠯᠡᠵᠦ ᠴᠢᠳᠠᠬᠤ ᠪᠤᠯᠭᠠᠪᠠ; ᠠᠵᠤ ᠠᠬᠤᠢᠯᠠᠯ ᠳ᠋ᠤ ᠬᠣᠯᠪᠣᠭ᠍ᠳᠠᠭ᠍ᠰᠠᠨ ᠬᠠᠤᠯᠢ ᠬᠡᠷᠡᠭ᠌ᠵᠢᠭᠦᠯᠦᠯᠲᠡ ᠢ᠋ᠢ ᠵᠢᠷᠤᠮᠵᠢᠭᠤᠯᠬᠤ ᠲᠤᠰᠭᠠᠢ ᠠᠵᠢᠯᠯᠠᠭ᠎ᠠ ᠥᠷᠨᠢᠭᠦᠯᠵᠦ᠍᠂ ᠵᠠᠬ᠎ᠠ ᠳᠡᠯᠭᠡᠭᠦᠷ ᠤ᠋ᠨ ᠡᠮᠬᠢ ᠳᠢᠭ᠌ᠯᠢᠮ ᠢ᠋ ᠡᠪᠳᠡᠭ᠌ᠰᠡᠨ ᠬᠠᠤᠯᠢ ᠡᠴᠡ ᠵᠥᠷᠢᠴᠡᠭ᠌ᠰᠡᠨ ᠶᠠᠯᠠᠲᠤ ᠠᠵᠢᠯᠯᠠᠭ᠎ᠠ ᠢ᠋ᠢ ᠬᠠᠤᠯᠢ ᠶᠣᠰᠣᠭᠠᠷ ᠴᠢᠩᠭ᠎ᠠ ᠱᠢᠳᠭᠡᠪᠡ ᠁ ᠠᠯᠢ ᠤᠯᠠᠨ ᠬᠦᠴᠦᠲᠡᠢ ᠠᠷᠭ᠎ᠠ ᠬᠡᠮᠵᠢᠶ᠎ᠠ ᠨᠢ ᠠᠮᠤᠷ ᠠᠮᠤᠭᠤᠯᠠᠩ ᠥᠪᠥᠷ ᠮᠣᠩᠭᠣᠯ ᠤ᠋ᠨ ᠪᠦᠳᠦᠭᠡᠨ ᠪᠠᠢᠭᠤᠯᠤᠯᠲᠠ ᠢ᠋ᠢᠨ ᠨᠡᠩ ᠥᠨᠳᠥᠷ ᠲᠦᠪᠱᠢᠨ ᠲᠡᠢᠰᠢ ᠤᠷᠤᠭ᠍ᠰᠢᠯᠠᠭ᠍ᠰᠠᠨ ᠪᠠᠲᠤ ᠪᠡᠬᠢ ᠤᠯᠠ ᠮᠥᠷ ᠪᠤᠯᠤᠨ ᠳᠤᠷᠠᠢᠵᠤ ᠪᠠᠢᠨ᠎ᠠ᠃
《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠱᠢᠶ᠋ᠳᠪᠦᠷᠢᠲᠦ ᠢᠯᠠᠯᠲᠠ ᠢ᠋ᠢ ᠣᠯᠬᠤ ᠪᠡᠷ ᠬᠦᠴᠦᠨ ᠢ᠋ᠢᠡᠨ ᠲᠥᠪᠯᠡᠷᠡᠭᠦᠯᠦᠨ ᠤᠷᠤᠭ᠍ᠰᠢᠯᠠᠪᠠ᠃ ᠥᠪᠥᠷ ᠮᠣᠩᠭᠣᠯ ᠲᠡᠮᠡᠴᠡᠯ ᠤ᠋ᠨ ᠴᠤᠭ ᠵᠢᠪᠬᠤᠭ᠎ᠠ ᠪᠡᠷ ᠤᠮᠠᠷᠠᠲᠤ ᠬᠢᠯᠢ ᠢ᠋ᠢᠨ ᠠᠮᠤᠷ ᠲᠣᠭ᠍ᠲᠠᠭᠤᠨ ᠢ᠋ ᠪᠦᠬᠦ᠌ ᠬᠦᠴᠦᠨ ᠢ᠋ᠢᠡᠷ ᠢ᠋ᠢᠡᠨ ᠰᠠᠬᠢᠨ ᠬᠠᠮᠠᠭᠠᠯᠠᠵᠤ᠂ ᠡᠬᠡ ᠤᠯᠤᠰ ᠤ᠋ᠨ ᠤᠮᠠᠷᠠᠲᠤ ᠢ᠋ᠢᠨ ᠠᠮᠤᠷ ᠲᠦᠪᠱᠢᠨ ᠲᠣᠭ᠍ᠲᠠᠭᠤᠨ ᠤ᠋ ᠬᠠᠯᠬᠠᠪᠴᠢ ᠢ᠋ᠢ ᠪᠠᠲᠤ ᠴᠣᠭ᠍ᠴᠠᠯᠠᠬᠤ ᠭᠣᠢᠳᠠ ᠰᠠᠢᠬᠠᠨ ᠬᠠᠷᠢᠭᠤᠯᠲᠠ ᠢ᠋ᠢᠨ ᠬᠠᠭᠤᠳᠠᠰᠤ ᠢ᠋ᠢ ᠪᠢᠴᠢᠭ᠌ᠯᠡᠵᠡᠢ᠃