ᠠᠯᠲᠠᠨ ᠨᠠᠮᠤᠷ ᠤ᠋ᠨ ᠤᠯᠠᠷᠢᠯ ᠳ᠋ᠤ ᠣᠷᠳᠣᠰ ᠬᠣᠲᠠ ᠵᠢᠨ ᠬᠠᠩᠭᠢᠨ ᠬᠣᠰᠢᠭᠤᠨ ᠤ᠋ ᠪᠠᠯᠭᠤᠨ ᠪᠠᠯᠭᠠᠰᠤ ᠵᠢᠨ ᠴᠠᠭᠠᠨᠪᠠᠢ ᠲᠣᠰᠬᠣᠨ ᠤ᠋ 3400 ᠮᠦ᠍ ᠲᠥᠮᠥᠰᠥ ᠡᠯᠪᠡᠭ ᠬᠤᠷᠢᠶᠠᠯᠲᠠ ᠪᠡᠨ ᠤᠭᠳᠤᠵᠤ᠂ ᠳᠦᠮᠦᠰᠦ ᠬᠤᠷᠢᠶᠠᠬᠤ ᠮᠠᠰᠢᠨ ᠳᠠᠷᠢᠶᠠᠨ ᠭᠠᠵᠠᠷ ᠶ᠋ᠢᠡᠷ ᠬᠦᠷᠴᠢᠭᠢᠨᠡᠨ ᠶᠠᠪᠤᠵᠤ ᠬᠦᠷᠦᠰᠦ ᠵᠢ ᠤᠷᠪᠠᠭᠤᠯᠬᠤ ᠲᠠᠢ ᠵᠡᠷᠭᠡ ᠰᠢᠷᠭᠠᠯ ᠳᠦᠮᠦᠰᠦ ᠪᠦᠮᠪᠦᠭᠡᠨᠡᠨ ᠭᠠᠷᠴᠤ ᠢᠷᠡᠬᠡᠳ ᠳᠠᠮᠵᠢᠭᠤᠯᠬᠤ ᠪᠦᠰᠡ ᠪᠡᠷ ᠳᠠᠮᠵᠢᠨ ᠠᠴᠢᠶᠠᠨ ᠤ᠋ ᠳᠡᠷᠭᠡ ᠵᠢ ᠳᠦᠬᠦᠷᠭᠡᠨᠡ᠃

ᠷᠦᠨ ᠺᠧ ᠲᠠᠷᠢᠶᠠᠯᠠᠩ ᠤ᠋ᠨ ᠬᠢᠵᠠᠭᠠᠷᠲᠤ ᠺᠣᠮᠫᠠᠨᠢ ᠡᠴᠡ ᠬᠠᠷᠢᠭᠤᠴᠠᠨ ᠡᠵᠡᠩᠨᠡᠵᠤ ᠪᠠᠢᠭ᠎ᠠ ᠡᠨᠡ ᠬᠦ᠌ ᠲᠥᠮᠥᠰᠥ ᠲᠠᠷᠢᠬᠤ ᠰᠠᠭᠤᠷᠢᠨ ᠳ᠋ᠤ ᠡᠨᠡ ᠵᠢᠯ 《 ᠳᠠ ᠰᠢ ᠶᠠᠩ 》 ᠡᠭᠦᠯᠳᠡᠷ ᠤ᠋ᠨ ᠲᠥᠮᠥᠰᠥ ᠶ᠋ᠢ ᠲᠠᠷᠢᠵᠤ᠂ ᠮᠦ᠍ ᠪᠦᠷᠢ ᠵᠢᠨ ᠤᠨᠠᠯᠲᠠ ᠨᠢ 6000 ᠵᠢᠩ ᠢ᠋ ᠳᠠᠪᠠᠵᠠᠢ᠃

《 ᠥᠩᠭᠡᠷᠡᠭᠰᠡᠨ ᠳ᠋ᠤ ᠲᠣᠰᠬᠣᠨ ᠤ᠋ ᠳᠠᠷᠢᠶᠠᠨ ᠭᠠᠵᠠᠷ ᠤ᠋ᠨ ᠲᠦᠷᠢᠶᠡᠰᠦᠨ ᠮᠥᠩᠭᠥ ᠮᠦ᠍ ᠪᠦᠷᠢ ᠳ᠋ᠡᠭᠡᠨ 200 — 500 ᠲᠥᠭᠥᠷᠢᠭ ᠤ᠋ᠨ ᠬᠤᠭᠤᠷᠤᠨᠳᠤ ᠪᠠᠢᠵᠠᠢ᠃ ᠡᠨᠡ ᠵᠢᠯ ᠡᠵᠡᠩᠨᠡᠯᠳᠡ ᠵᠢᠨ ᠡᠷᠬᠡ ᠪᠡᠨ ᠠᠵᠤ ᠠᠬᠤᠢᠯᠠᠯ ᠳ᠋ᠤ ᠨᠢᠭᠡᠳᠦᠯᠲᠡᠢ ᠰᠢᠯᠵᠢᠭᠦᠯᠵᠤ ᠥᠭᠬᠦᠭᠰᠡᠨ ᠡᠴᠡ ᠮᠦ᠍ ᠪᠦᠷᠢ ᠵᠢᠨ ᠲᠦᠷᠢᠶᠡᠰᠦᠨ ᠮᠥᠩᠭᠥ ᠨᠢ 700 ᠲᠥᠭᠥᠷᠢᠭ ᠲᠤ᠌ ᠬᠦᠷᠤᠯ᠎ᠠ 》 ᠭᠡᠵᠦ ᠴᠠᠭᠠᠨᠪᠠᠢ ᠲᠣᠰᠬᠣᠨ ᠤ᠋ ᠨᠠᠮ ᠤ᠋ᠨ ᠡᠭᠦᠷ ᠤ᠋ᠨ ᠱᠦᠵᠢ ᠶᠤᠸᠠᠨ ᠾᠧ ᠫᠢᠩ ᠪᠠᠶᠠᠷᠳᠠᠢ ᠬᠡᠯᠡᠨ᠎ᠠ᠃