— ᠣᠯᠠᠨ᠎ᠢᠶᠠᠷ᠎ᠢᠶᠠᠨ ᠡᠨᠡ ᠬᠤᠶᠠᠷ ᠡᠳᠦᠷ ᠬᠦᠷᠢᠶ᠎ᠡ ᠬᠠᠰᠢᠶ᠎ᠠ᠎ᠪᠠᠨ ᠱᠠᠯᠠᠪᠳᠠᠨ ᠴᠡᠪᠡᠷᠯᠡᠵᠦ᠂ ᠠᠮᠤ ᠪᠤᠳᠠᠭ᠎ᠠ ᠨᠦᠬᠡᠴᠡᠯᠡᠬᠦ ᠪᠠᠭᠠᠵᠢ ᠳᠦᠬᠦᠭᠡᠷᠦᠮᠵᠢ ᠪᠠᠨ ᠭᠠᠷᠭᠠᠵᠤ ᠪᠠᠢᠭᠠᠷᠠᠢ᠂ ᠬᠡᠷᠪᠡ ᠠᠮᠦ ᠪᠤᠳᠠᠭ᠎ᠠ ᠨᠦᠬᠡᠴᠡᠯᠡᠬᠦ ᠳᠦᠭᠦᠭᠡᠷᠦᠮᠵᠢ ᠨᠡᠮᠡᠨ ᠠᠪᠬᠤ ᠴᠢᠬᠤᠯᠠᠳᠠᠢ ᠪᠤᠯ ᠨᠠᠳᠠ ᠲᠠᠢ ᠳᠦᠷᠭᠡᠨ ᠬᠤᠯᠪᠤᠭ᠎ᠠ ᠠᠪᠤᠭᠠᠷᠠᠢ !
ᠤᠢᠷ᠎ᠠ᠎ᠳᠤ᠂ ᠬᠢᠩᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠱᠢᠭᠤᠨ᠎ᠤ ᠳ᠋ᠠᠱ᠌ᠢᠵᠠᠶ ᠪᠠᠯᠭᠠᠰᠤᠨ᠎ᠤ ᠳ᠋ᠦᠩ ᠹᠠᠩ ᠬᠤᠩ ᠲᠣᠰᠭᠤᠨ᠎ᠤ ᠨᠠᠮ᠎ᠤᠨ ᠡᠭᠦᠷ᠎ᠤᠨ ᠱᠦᠵᠢ ᠴᠢᠦᠶ ᠶᠦᠩ ᠪᠥᠸᠧ ᠲᠣᠰᠭᠤᠨ ᠤ ᠵᠢᠷᠬᠢᠶ᠎ᠡ ᠵᠢᠨ ᠬᠤᠯᠪᠤᠭᠠᠨ ᠳ᠋ᠡᠭᠠᠨ ᠡᠨᠡ ᠬᠦ᠌ ᠮᠡᠳᠡᠭᠡ ᠵᠢ ᠶᠠᠪᠤᠭᠤᠯᠬᠤ ᠳ᠋ᠤ ᠲᠠᠪᠤ ᠵᠢᠷᠭᠣᠭᠠᠨ ᠳᠣᠰᠭᠣᠠ ᠤ᠋ ᠠᠷᠠᠳ ᠱᠢᠠᠵᠢᠯᠠᠭᠦ᠌ ᠣᠬᠠᠭᠠᠨᠴᠢ ᠪᠡᠷ ᠠᠮᠤ ᠪᠤᠲᠠᠭ᠎ᠠ ᠨᠦᠬᠡᠴᠡᠯᠡᠬᠦ ᠳᠦᠭᠦᠭᠡᠷᠣᠮᠵᠢ ᠬᠤᠳᠠᠯᠳᠤᠨ ᠠᠪᠬᠤ ᠪᠡᠷ ᠳᠡᠭᠦᠨ ᠳ᠋ᠤ ᠤᠳᠠᠰᠦ ᠠᠪᠤᠪᠡ᠃
ᠴᠢᠦᠢ ᠶᠦᠩ ᠪᠥᠸᠧ᠄ 《ᠮᠠᠨ ᠤ ᠲᠣᠰᠭᠤᠨ ᠤ ᠳᠠᠷᠢᠶᠠᠴᠢᠨ ᠣᠳᠣ ᠴᠥᠮ 〈ᠱᠢᠨᠵᠢᠯᠡᠬᠦ᠌ ᠤᠬᠠᠭᠠᠨᠴᠢ᠎ᠪᠠᠷ ᠠᠮᠤ ᠪᠤᠳᠠᠭ᠎ᠠ ᠨᠥᠭᠡᠴᠡᠯᠡᠬᠦ᠌〉 ᠪᠣᠯᠴᠢᠬᠠᠯ᠎ᠠ》 ᠭᠡᠵᠦ ᠶᠠᠷᠢᠵᠤ ᠪᠠᠢᠯ᠎ᠠ᠃
ᠲᠣᠰᠭᠤᠨ᠎ᠤ ᠠᠷᠠᠳ ᠵᠧᠦ ᠮᠠᠨᠳ᠋ᠠ ᠬᠦᠷᠢᠶᠡᠨᠳ᠋ᠡᠬᠡᠨ ᠲᠡᠮᠦᠷ ᠲᠣᠣᠷ ᠰᠦᠯᠵᠢᠨ᠂ ᠱᠢᠨ᠎ᠡ ᠬᠤᠳᠠᠯᠳᠤᠨ ᠠᠪᠤᠭᠰᠠᠨ ᠡᠷᠳᠡᠨᠢ ᠱᠢᠰᠢᠵᠥᠭᠡᠭᠡᠪᠦᠷᠢᠯᠡᠬᠥ ᠮᠠᠱᠢᠨᠵᠢᠨᠨ ᠤᠭ᠍ᠰᠠᠷᠠᠵᠦ ᠶᠠᠭᠠᠷᠠᠨ᠎ᠠ᠃ ᠲᠡᠷᠡ᠄ 《ᠡᠨᠡ ᠪᠣᠯ ᠮᠢᠨᠦ᠍ ᠳᠤᠰᠬᠠᠢᠯᠠᠨ ᠬᠤᠳᠠᠯᠳᠤᠨ ᠠᠪᠤᠭ᠍ᠰᠠᠨ ᠡᠷᠳᠡᠨᠢ ᠱᠢᠰᠢᠵᠥᠭᠡᠭᠡᠪᠦᠷᠢᠯᠡᠬᠥ ᠮᠠᠱᠢᠨ ᠪᠣᠯᠤᠨ᠎ᠠ᠂ ᠬᠦᠴᠦ᠍ ᠠᠷᠪᠢᠯᠠᠬᠤ ᠪᠦᠭᠡᠳ ᠥᠨᠳᠥᠷ ᠪᠦᠲᠦᠮᠵᠢᠲᠡᠶ ᠠᠵᠢᠯᠯᠠᠨ᠎ᠠ 》 ᠭᠡᠵᠦ ᠲᠠᠨᠢᠯᠴᠠᠭᠤᠯᠵᠦ ᠪᠠᠢᠯ᠎ᠠ ᠃ ᠡᠨᠡ ᠵᠢᠯ ᠵᠸᠦ ᠮᠠᠨᠳᠠ 50 ᠮᠦ᠍ ᠡᠷᠳᠡᠨᠢ ᠱᠢᠰᠢ ᠲᠠᠷᠢᠵᠤ᠂ ᠵᠢᠱ᠌ᠢᠯᠲᠡ᠎ᠪᠡᠷ 35 ᠲᠣᠨ ᠬᠤᠷᠢᠶᠠᠬᠤ ᠪᠣᠯᠤᠨ᠎ᠠ᠃
《ᠤᠤᠯ ᠳ᠋ᠠᠭᠠᠨ ᠠᠮᠦ ᠪᠤᠳᠠᠭ᠎ᠠ ᠨᠦᠭᠡᠴᠡᠯᠡᠬᠦ ᠳ᠋ᠡᠭᠡᠨ ᠪᠢᠳᠡ ᠨᠠᠷᠠᠨ ᠬᠤᠸᠠᠷ᠎ᠤᠨ ᠡᠰᠢ ᠰᠦᠷᠡᠯ᠂ ᠡᠷᠳᠡᠨᠢ ᠱᠢᠰᠢ᠎ᠶ᠋ᠢᠨ ᠡᠰᠢ ᠰᠦᠷᠡᠯᠵᠢᠨᠷ ᠬᠠᠰᠢᠶᠠᠨ ᠳ᠋ᠠᠭᠠᠨ ᠳᠦᠭᠦᠮᠬᠡᠨ ᠬᠦᠮᠤᠷᠭᠡ ᠪᠠᠢᠭᠤᠯᠤᠭᠠᠳ ᠠᠮᠦ ᠪᠤᠳᠠᠭ᠎ᠠ ᠪᠠᠨ ᠨᠦᠬᠡᠴᠡᠯᠡᠵᠦ ᠪᠠᠢᠵᠠᠢ᠂ ᠭᠡᠪᠡᠴᠦ ᠳᠡᠷᠡ ᠨᠢ ᠰᠠᠯᠬᠢ ᠨᠡᠪᠲᠡᠷᠡᠬᠦ᠌ ᠨᠢ ᠮᠠᠭᠤ ᠪᠤᠯᠬᠤᠷ ᠠᠮᠠᠷᠬᠠᠨ ᠸᠠᠯᠠᠴᠢᠬᠠᠳᠠᠭ᠂ ᠤᠳᠤ ᠱᠢᠨᠵᠢᠯᠡᠬᠦ᠌ ᠤᠬᠠᠭᠠᠨᠴᠢ᠎ᠪᠠᠷ ᠠᠮᠤ ᠪᠤᠳᠠᠭ᠎ᠠ ᠨᠥᠭᠡᠴᠡᠯᠡᠬᠦ᠌ᠪᠤᠯᠤᠭᠰᠠᠨ ᠡᠴᠡ ᠡᠷᠳᠡᠨᠢ ᠰᠢᠰᠢ ᠵᠢᠨ ᠬᠤᠷᠤᠭᠳᠠᠯ ᠢ᠋ ᠪᠠᠭᠠᠰᠬᠠᠬᠰᠠᠨ ᠵᠢᠨᠷ ᠪᠠᠷᠠᠬᠤ ᠦᠭᠡᠢ ᠵᠢᠩ ᠪᠦᠷᠢ ᠳ᠋ᠡᠬᠡᠨ ᠢᠯᠡᠭᠦᠦ 5 ᠮᠥᠩᠭᠥ ᠬᠤᠳᠠᠯᠳᠤᠬᠤ ᠪᠤᠯᠵᠠᠢ》 ᠭᠡᠵᠦ ᠵᠧᠦ ᠮᠠᠨᠳ᠋ᠠ ᠪᠠᠶᠠᠷᠯᠠᠨ᠎ᠠ᠃ ᠣᠳᠣᠬᠠᠨ᠎ᠳᠤ᠂ ᠲᠣᠰ ᠲᠣᠰᠭᠤᠨ᠎ᠳᠤ ᠰᠢᠨᠵᠢᠯᠡᠬᠦ ᠤᠬᠠᠭᠠᠨᠴᠢ ᠪᠡᠷ ᠠᠮᠦ ᠪᠤᠳᠠᠭ᠎ᠠ ᠨᠦᠬᠡᠴᠡᠯᠡᠬᠦ ᠳᠦᠭᠦᠭᠡᠷᠦᠮᠵᠢ 500 ᠭᠠᠷᠤᠶ ᠪᠤᠢ᠂ ᠡᠭᠦᠨ᠎ᠳᠤ ᠪᠦᠷᠭᠦᠴᠡ ᠵᠢᠨ ᠨᠤᠷᠮ᠎ᠠ ᠨᠢ 90% ᠡᠴᠡ ᠳᠡᠭᠡᠭ᠌ᠰᠢ ᠪᠤᠯᠵᠠᠢ᠃
《ᠪᠠᠭᠠᠵᠢ ᠲᠥᠬᠥᠭᠡᠷᠦᠮᠵᠢ ᠳᠠᠭᠠᠵᠤ ᠠᠮᠵᠢᠭ᠍ᠰᠠᠨᠢᠶᠠᠷ ᠦᠯᠦ᠍ ᠪᠠᠷᠠᠮ ᠠᠷᠠᠳ ᠣᠯᠠᠨ᠎ᠤ ᠦᠵᠡᠯᠲᠡ ᠲᠠᠨᠢᠯᠲᠠ ᠴᠤ᠌ ᠬᠣᠪᠢᠷᠠᠵᠠᠢ》 ᠭᠡᠵᠦ ᠬᠤᠷᠴᠢᠨ ᠪᠠᠷᠠᠭᠤᠨ ᠭᠠᠷᠤᠨ ᠡᠮᠦᠨᠡᠲᠦ ᠬᠤᠱᠢᠭᠤᠨ ᠤ ᠳ᠋ᠠᠱ᠌ᠢᠵᠠᠶ ᠪᠠᠯᠭᠠᠰᠤᠨ᠎ᠤ ᠲᠠᠷᠢᠶᠠᠯᠠᠩ᠎ᠤᠨ ᠱᠢᠨᠵᠢᠯᠡᠬᠦ᠌ ᠤᠬᠠᠭᠠᠨ᠎ᠤ ᠥᠷᠲᠡᠭᠡᠨ᠎ᠤ ᠳᠡᠳ᠋ ᠳᠠᠷᠤᠭ᠎ᠠ ᠪᠠᠶ ᠮᠢᠩ ᠮᠢᠩ ᠬᠡᠯᠡᠪᠡ᠃
2024 ᠣᠨ᠎ᠳᠤ ᠬᠢᠩᠭᠠᠨ ᠠᠢᠮᠠᠭ᠎ᠤᠨ ᠡᠷᠳᠡᠨᠢ ᠱᠢᠰᠢ᠎ᠶ᠋ᠢᠨ ᠤᠨᠠᠯᠲᠠ 119.91 ᠳ᠋ᠦᠩᠱᠢᠭᠤᠷ ᠵᠢᠩ ᠳ᠋ᠤ ᠬᠦᠷᠴᠡᠢ᠂ ᠡᠭᠦᠨ᠎ᠳᠤ 96 ᠳ᠋ᠦᠩᠱᠢᠭᠤᠷ ᠵᠢᠩ ᠡᠷᠳᠡᠨᠢ ᠱᠢᠰᠢ ᠵᠢ ᠱᠢᠨᠵᠢᠯᠡᠬᠦ᠌ ᠤᠬᠠᠭᠠᠨᠴᠢ᠎ᠪᠠᠷ ᠨᠦᠬᠡᠴᠡᠯᠡᠭᠡᠳ᠂ ᠠᠮᠤ ᠪᠤᠳᠠᠭᠠᠨ ᠤ ᠰᠦᠢᠳᠦᠯ᠎ᠢ 4.8 ᠳ᠋ᠦᠩᠱᠢᠭᠤᠷ ᠵᠢᠩ ᠪᠠᠭᠠᠰᠭᠠᠵᠠᠢ᠃
《ᠤᠳᠦ ᠵᠢᠨ ᠡᠷᠳᠡᠨᠢ ᠰᠢᠰᠢ ᠬᠠᠳᠤᠵᠦ ᠬᠤᠷᠢᠶᠠᠬᠤ ᠮᠠᠰᠢᠨ ᠤᠯᠠᠮᠵᠢᠯᠠᠯᠲᠤ ᠡᠷᠳᠡᠨᠢ ᠰᠢᠰᠢ ᠬᠤᠷᠢᠶᠠᠬᠤ ᠠᠷᠭ᠎ᠠ ᠬᠡᠯᠪᠡᠷᠢ᠎ᠲᠠᠢ ᠬᠠᠷᠢᠴᠠᠭᠤᠯᠪᠠᠯ ᠬᠤᠷᠤᠭᠳᠠᠯ᠎ᠤᠨ ᠨᠣᠷᠮ᠎ᠠ᠎ᠨᠢ ᠪᠠᠷᠤᠭ 5% ᠪᠡᠷ ᠪᠠᠭᠤᠷᠠᠵᠠᠢ 》 ᠭᠡᠵᠦ ᠬᠢᠩᠭᠠᠨ ᠠᠲᠠᠷ ᠬᠠᠭᠠᠯᠪᠤᠷᠢᠯᠠᠯᠲᠠ᠎ᠶ᠋ᠢᠨ ᠲᠦᠯᠢᠶᠡᠮᠤᠳᠤ ᠲᠠᠷᠢᠶᠠᠯᠠᠩ᠎ᠤᠨ ᠲᠠᠯᠠᠪᠠᠢ᠎ᠶ᠋ᠢᠨ ᠳᠡᠳ᠋ ᠳᠠᠷᠤᠭ᠎ᠠ ᠳ᠋ᠢᠩ ᠱᠢᠶᠤᠤ ᠮᠢᠩ ᠲᠠᠨᠢᠯᠴᠠᠭᠤᠯᠪᠠ᠃ 2025 ᠣᠨ᠎ᠳᠤ ᠬᠢᠩᠭᠠᠨ ᠠᠲᠠᠷ ᠬᠠᠭᠠᠯᠪᠤᠷᠢᠯᠠᠯᠲᠠ᠎ᠶ᠋ᠢᠨ ᠺᠤᠮᠫᠠᠨᠢ ᠵᠢᠨ ᠲᠦᠯᠢᠶᠡᠮᠣᠳᠤ ᠲᠠᠷᠢᠶᠠᠯᠠᠩ᠎ᠤᠨ ᠲᠠᠯᠠᠪᠠᠶ᠎ᠶ᠋ᠢᠨ ᠡᠷᠳᠡᠨᠢ ᠱᠢᠰᠢ ᠳᠠᠷᠢᠬᠤ ᠲᠠᠯᠠᠪᠠᠶ 5.4 ᠲᠦᠮᠡᠨ ᠮᠤ᠌᠎ᠳᠤ ᠬᠦᠷᠴᠠᠢ᠃
ᠲᠦᠯᠢᠶᠡᠮᠤᠳᠤ ᠲᠠᠷᠢᠶᠠᠯᠠᠩ ᠤᠨ ᠲᠠᠯᠠᠪᠠᠢ ᠬᠠᠮᠢᠶᠠᠷᠤᠯᠲᠠ᠎ᠶ᠋ᠢᠨ ᠣᠷᠣᠨ᠎ᠤ ᠳᠣᠲᠣᠷᠠᠬᠢ 6 ᠲᠤᠮᠤ ᠬᠡᠯᠪᠡᠷᠢ᠎ᠶ᠋ᠢᠨ ᠠᠮᠤ ᠪᠤᠳᠠᠭᠠᠨ᠎ᠤ ᠬᠥᠮᠥᠷᠭᠡ᠎ᠶ᠋ᠢ ᠪᠦᠬᠦ᠌ ᠲᠠᠯ᠎ᠠ᠎ᠪᠠᠷ ᠲᠡᠰ ᠳᠡᠪᠱᠢᠭᠦᠯᠵᠦ᠍᠂ ᠲᠤᠰᠭᠠᠢ ᠮᠡᠷᠭᠡᠵᠢᠯ ᠤᠨ ᠠᠭᠠᠷ ᠲᠣᠬᠢᠷᠠᠭᠤᠯᠤᠭ᠍ᠴᠢ ᠤᠭ᠍ᠰᠠᠷᠠᠵᠤ᠂ ᠺᠣᠮᠫᠢᠦ᠋ᠲ᠋ᠧᠷᠵᠢᠨᠷ ᠳᠤᠯᠠᠭᠠᠨ᠎ᠢ ᠡᠵᠡᠮᠳᠡᠨ᠂ ᠪᠠᠷᠢᠮᠵᠢᠶᠠᠵᠢᠭ᠍ᠰᠠᠨ ᠬᠠᠳᠠᠭᠠᠯᠠᠬᠤ ᠨᠥᠬᠦᠴᠡᠯ ᠳᠤ ᠬᠦᠷᠴᠦ᠍᠂ ᠶᠠᠰᠤ ᠴᠢᠨᠠᠷᠪᠠ ᠰᠣᠷᠭᠤᠭ᠎ᠢ ᠪᠠᠲᠤᠯᠠᠬᠤ ᠲᠦᠪᠱᠢᠨ᠎ᠢ ᠢᠯᠡᠳᠲᠡ ᠳᠡᠭᠡᠭ᠌ᠰᠢᠯᠡᠭᠦᠯᠪᠡ᠃ ᠳᠤᠰ ᠲᠠᠷᠢᠶᠠᠯᠠᠩ᠎ᠤᠨ ᠲᠠᠯᠠᠪᠠᠶ ᠪᠠᠰᠠ 20 ᠭᠠᠷᠤᠶ ᠲᠦᠮᠡᠨ ᠲᠥᠭᠦᠷᠢᠭ᠎ᠤᠨ ᠪᠡᠯᠡ ᠣᠷᠣᠭᠤᠯᠵᠤ᠂ ᠠᠵᠢᠯᠲᠠᠨ ᠠᠵᠢᠯᠴᠢᠨ᠎ᠳᠤ ᠠᠮᠤ ᠪᠤᠳᠠᠭ᠎ᠠ ᠨᠥᠭᠡᠴᠡᠯᠡᠬᠦ᠌ ᠪᠣᠰᠤᠭ᠎ᠠ ᠴᠣᠭ᠍ᠴᠠᠲᠤ ᠳᠦᠭᠦᠭᠡᠷᠦᠮᠵᠢ ᠬᠤᠳᠠᠯᠳᠤᠨ ᠠᠪᠴᠤ᠌ ᠦᠭᠭᠦᠭᠡᠳ᠂ ᠠᠵᠢᠯᠲᠠᠨ ᠠᠵᠢᠯᠴᠢᠨ ᠣᠯᠠᠨ ᠲᠦᠮᠡᠨ ᠤ ᠱᠢᠨᠵᠢᠯᠡᠬᠦ᠌ ᠤᠬᠠᠭᠠᠨᠴᠢ ᠪᠡᠷ ᠠᠮᠤ ᠪᠤᠳᠠᠭ᠎ᠠ ᠨᠦᠬᠡᠴᠡᠯᠡᠭᠦ ᠵᠢ ᠵᠣᠷᠢᠭ᠍ᠵᠢᠭᠤᠯᠤᠨ ᠵᠢᠯᠣᠭᠤᠳᠴᠠᠢ᠃ ᠬᠡᠰᠡᠭ ᠠᠮᠤ ᠪᠤᠳᠠᠭ᠎ᠠ᠎ᠶ᠋ᠢ ᠪᠠᠰᠠ《ᠨᠢᠭᠡᠳᠦᠯᠲᠡᠢ ᠬᠤᠷᠢᠶᠠᠵᠤ ᠨᠢᠭᠡᠳᠦᠯᠲᠡᠢ ᠪᠣᠷᠣᠯᠠᠭᠤᠯᠬᠤ》 ᠵᠢ ᠪᠡᠶᠡᠯᠡᠭᠦᠯᠦᠨ᠂ ᠠᠵᠤ ᠠᠬᠤᠢᠯᠠᠯ ᠠᠴᠠ ᠳᠤᠭᠳᠠᠭᠰᠠᠨ ᠦᠨ᠎ᠡ᠎ᠪᠠᠷ ᠲᠥᠪᠯᠡᠷᠡᠭᠦᠯᠦᠨ ᠪᠣᠷᠣᠯᠠᠭᠤᠯᠵᠤ᠂ ᠠᠮᠦ ᠪᠤᠳᠠᠭ᠎ᠠ ᠨᠦᠬᠡᠴᠡᠯᠡᠬᠦ ᠭᠤᠭ᠍ᠴᠣᠭᠠᠨᠳᠡᠬᠢ ᠰᠦᠢᠳᠦᠯ᠎ᠢ ᠪᠠᠭᠠᠰᠬᠠᠵᠠᠢ᠃
ᠱᠢᠨᠵᠢᠯᠡᠬᠦ᠌ ᠤᠬᠠᠭᠠᠨᠴᠢ ᠪᠠᠷ ᠠᠮᠤ ᠪᠤᠳᠠᠭ᠎ᠠ ᠨᠥᠭᠡᠴᠡᠯᠡᠬᠦ᠌᠎ᠶ᠋ᠢ ᠦᠷᠭᠦᠯᠵᠢᠯᠡᠨ ᠠᠬᠢᠭᠤᠯᠬᠤ᠎ᠶ᠋ᠢᠨ ᠲᠥᠯᠥᠭᠡ᠂ 9 ᠰᠠᠷ᠎ᠠ᠎ᠶ᠋ᠢᠨ ᠡᠬᠢ ᠪᠠᠷ᠂ ᠬᠢᠩᠭᠠᠨ ᠠᠢᠮᠠᠭ ᠤᠨ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠵᠥᠪᠯᠡᠯ (ᠠᠮᠤ ᠪᠤᠳᠠᠭᠠᠨ᠎ᠤ ᠲᠣᠪᠴᠢᠶ᠎ᠠ) ᠪᠥᠬᠦ᠌ ᠠᠢᠮᠠᠭ᠎ᠤᠨ ᠱᠢᠨᠵᠢᠯᠡᠬᠦ᠌ ᠤᠬᠠᠭᠠᠨᠴᠢ ᠪᠠᠷ ᠠᠮᠤ ᠪᠤᠳᠠᠭ᠎ᠠ ᠨᠥᠭᠡᠴᠡᠯᠡᠨ ᠠᠮᠤ ᠪᠤᠳᠠᠭᠠᠨ᠎ᠤ ᠬᠤᠷᠣᠭ᠍ᠳᠠᠯ᠎ᠢ ᠪᠠᠭᠠᠰᠭᠠᠬᠤ ᠶᠠᠷᠢᠯᠴᠠᠬᠤ ᠬᠤᠷᠠᠯ᠎ᠢ ᠬᠤᠷᠠᠯᠳᠤᠭᠤᠯᠬᠤ᠎ᠶ᠋ᠢᠨ ᠬᠠᠮᠲᠤ ᠠᠵᠢᠯᠯᠠᠬᠤ ᠳᠤᠭᠤᠢᠯᠠᠩ ᠲᠣᠮᠢᠯᠠᠨ᠂ ᠡᠯ᠎ᠡ ᠬᠤᠱᠢᠭᠤ ᠱᠢᠶᠠᠨ᠎ᠳᠤ ᠭᠦᠨᠵᠡᠭᠡᠢᠷᠡᠭᠦᠯᠦᠨ᠂ ᠲᠠᠷᠢᠶᠠᠴᠢᠨ ᠡᠷᠦᠬᠡ᠎ᠶ᠋ᠢ ᠰᠤᠷᠪᠤᠯᠵᠢᠯᠠᠵᠤ᠂ ᠠᠮᠦ ᠪᠤᠳᠠᠭ᠎ᠠ ᠨᠦᠭᠡᠴᠡᠯᠡᠬᠦ ᠲᠥᠬᠦᠭᠡᠷᠦᠮᠵᠢ᠎ᠶ᠋ᠢ ᠬᠠᠷᠭᠤᠭᠤᠯᠤᠨ ᠪᠠᠢᠴᠠᠭᠠᠵᠤ᠂ ᠪᠠᠯᠠ ᠮᠥᠩᠭᠦ᠎ᠶ᠋ᠢᠨ ᠨᠠᠢᠳᠠᠪᠤᠷᠢᠵᠢᠭᠤᠯᠤᠭ᠍ᠰᠠᠨ ᠪᠠᠢᠳᠠᠯ᠎ᠢ ᠣᠢᠯᠠᠭᠠᠪᠠ᠃《ᠪᠢᠳᠡ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠬᠤ ᠪᠠ ᠮᠡᠷᠭᠡᠵᠢᠯ ᠳᠡᠯᠭᠡᠷᠡᠭᠦᠯᠬᠦ᠎ᠶ᠋ᠢ ᠤᠯᠠᠮ ᠨᠢᠭᠡ ᠠᠯᠬᠤᠮ ᠴᠢᠩᠭᠠᠳᠭᠠᠵᠤ᠂ ᠨᠥᠬᠦᠪᠥᠷᠢᠮᠥᠩᠭᠦᠶ᠋ᠢ ᠢᠳᠡᠪᠬᠢᠲᠡᠶ ᠵᠣᠬᠢᠴᠠᠭᠤᠯᠤᠨ᠂ ᠡᠷᠦᠬᠡ᠎ᠶ᠋ᠢᠨ ᠪᠠᠢᠳᠠᠯ᠎ᠳᠤᠨᠢ ᠲᠣᠬᠢᠷᠠᠭᠤᠯᠤᠨ ᠠᠷᠭ᠎ᠠ ᠪᠣᠳᠣᠯᠭ᠎ᠠ ᠬᠡᠷᠡᠭ᠌ᠵᠢᠭᠦᠯᠵᠦ᠍᠂ ᠠᠮᠤ ᠪᠤᠳᠠᠭ᠎ᠠ ᠨᠥᠭᠡᠴᠡᠯᠡᠬᠦ᠌ ᠠᠵᠢᠯ᠎ᠢ ᠠᠬᠢᠭᠤᠯᠤᠨ᠂ ᠲᠠᠷᠢᠶᠠᠴᠢᠳ᠎ᠤᠨ ᠬᠤᠬᠢᠷᠠᠯ᠎ᠢ ᠪᠠᠭᠠᠰᠬᠠᠨ ᠣᠷᠣᠯᠭ᠎ᠠ᠎ᠶ᠋ᠢ ᠨᠡᠮᠡᠭ᠌ᠳᠡᠭᠦᠯᠬᠦ᠌᠎ᠶ᠋ᠢ ᠦᠨᠡᠨ ᠬᠦ᠌ ᠪᠡᠶᠡᠯᠡᠭᠦᠯᠤᠨ᠎ᠠ 》 ᠭᠡᠵᠦ᠍ ᠬᠢᠩᠭᠠᠨ ᠠᠢᠮᠠᠭ᠎ᠤᠨ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠵᠥᠪᠯᠡᠯ᠎ᠦᠨ ᠨᠠᠮ᠎ᠤᠨ ᠤᠳᠤᠷᠢᠳᠭᠤ ᠳᠤᠭᠤᠢᠯᠠᠩ᠎ᠤᠨ ᠱᠦᠵᠢ᠂ ᠡᠷᠬᠢᠯᠡᠭ᠌ᠴᠢ ᠸᠸᠢ ᠳᠠ ᠶᠦᠩ ᠬᠡᠯᠡᠪᠡ ᠃
ᠪᠠᠷᠠᠭᠤᠨ ᠦᠵᠦᠮᠦᠴᠢᠨ ᠬᠤᠱᠢᠭᠤᠨ᠎ᠤ ᠵᠢᠷ᠎ᠤᠨ ᠭᠤᠤᠯ ᠪᠠᠯᠭᠠᠰᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠤᠷᠳᠤᠨ ᠭᠤᠤᠯᠯᠠᠨ ᠡᠷᠬᠢᠯᠡᠵᠦ᠍᠂ ᠨᠠᠮ᠎ᠤᠨ ᠭᠡᠰᠢᠭᠦᠨ ᠪᠠ ᠤᠯᠡᠨ ᠲᠦᠮᠡᠨ᠎ᠳᠤ ᠦᠢᠯᠡᠴᠢᠯᠡᠬᠦ ᠲᠦᠪ ᠪᠤᠯᠤᠨ ᠱᠢᠨ᠎ᠡ ᠴᠠᠭ ᠦᠶ᠎ᠡ᠎ᠶ᠋ᠢᠨ ᠪᠤᠯᠪᠠᠰᠤᠨ᠎ᠤ ᠦᠢᠯᠡᠳᠦᠯᠬᠡ᠎ᠶ᠋ᠢᠨ ᠲᠦᠪ᠎ᠤᠨ ᠲᠠᠭᠠᠭᠠᠴᠢᠯᠡᠨ ᠡᠷᠬᠢᠯᠡᠭ᠌ᠰᠡᠨ ᠵᠢᠷ ᠤᠨ ᠭᠤᠤᠯ ᠪᠠᠯᠭᠠᠰᠤᠨ᠎ᠤ ᠭᠤᠷᠪᠠᠳᠤᠭᠠᠷ ᠬᠤᠭᠤᠴᠠᠭᠠᠨ᠎ᠤ ᠴᠠᠭᠠᠨ ᠢᠳᠡᠭᠡᠨ᠎ᠤ ᠤᠷᠤᠯᠳᠤᠭᠠᠨ ᠦᠢᠷ᠎ᠡ᠎ᠳᠤ ᠪᠠᠯᠭᠠᠰᠤᠨ᠎ᠤ ᠰᠤᠶᠤᠯ ᠲᠠᠮᠢᠷ᠎ᠤᠨ ᠶᠡᠭᠡ ᠲᠠᠯᠠᠪᠡᠢ᠎ᠳᠤ ᠶᠠᠪᠤᠬ᠍ᠳᠠᠪᠠ᠃
ᠤᠷᠤᠯᠳᠤᠭᠠᠨ᠎ᠤ ᠲᠤᠬᠠᠢ᠎ᠶ᠋ᠢᠨ ᠲᠠᠯᠠᠪᠠᠢ᠎ᠳᠤ ᠦᠷᠢᠰᠦᠯᠳᠦᠭᠴᠢᠳ ᠦᠪᠡᠷ᠎ᠤᠨ ᠪᠤᠯᠪᠠᠰᠤᠷᠠᠭᠤᠯᠤᠬ᠍ᠰᠡᠨ ᠴᠠᠭᠠᠨ ᠢᠳᠡᠭᠡᠨ᠎ᠢᠶᠠᠨ ᠡᠷᠳᠡ᠎ᠠᠴᠠ ᠪᠡᠯᠡᠤᠡᠬᠡᠵᠡᠭᠡᠨ ᠤᠷᠤᠯᠳᠤᠬᠤ᠎ᠳᠤ ᠪᠡᠯᠡᠭᠡᠨ ᠪᠤᠯᠵᠠᠢ᠃ ᠱᠢᠯᠭᠠᠷᠠᠭᠤᠯᠬᠤ ᠺᠤᠮᠢᠰ᠎ᠤᠨ ᠬᠡᠱᠢᠬᠦᠦᠨ ᠪᠦᠳᠦᠬᠡᠯ ᠨᠢᠬᠡᠪᠦᠷᠢ᠎ᠶ᠋ᠢ ᠨᠠᠷᠢᠨ ᠬᠢᠨᠠᠮᠠᠭᠠᠢ ᠠᠮᠳᠠᠯᠠᠵᠦ᠍᠂ ᠭᠠᠳᠡᠷ ᠪᠠᠢᠳᠡᠯ᠂ ᠦᠨᠦᠷ᠂ ᠠᠮᠳᠡ ᠵᠡᠷᠬᠡ ᠤᠯᠡᠨ ᠲᠠᠯ᠎ᠠ᠎ᠪᠡᠷ ᠶᠡᠷᠤᠩᠬᠡᠢᠯᠡᠭ᠌ᠰᠡᠨ ᠦᠨᠡᠯᠡᠯᠳᠡ ᠬᠢᠭᠰᠡᠨ ᠪᠦᠭᠡᠳ ᠪᠠᠰᠠ ᠤᠷᠤᠯᠳᠤᠭᠠᠨ᠎ᠳᠤ ᠤᠷᠤᠯᠴᠡᠬ᠍ᠰᠡᠤᠨᠲᠤ ᠡᠷᠬᠢᠮ ᠨᠠᠠᠳᠢᠨ ᠰᠠᠨᠠᠭᠤᠯᠭ᠎ᠠ ᠦᠭᠴᠦ ᠵᠢᠯᠤᠭᠤᠳᠤᠯᠭ᠎ᠠ ᠬᠠᠨᠭ᠌ᠭᠠᠵᠡᠢ᠃ ᠤᠷᠤᠯᠳᠤᠭᠠᠨ ᠤ ᠡᠴᠤᠰ᠎ᠲᠤ ᠨᠢᠬᠡᠳᠦᠬᠡᠷ ᠲᠡᠰ ᠤᠨ ᠱᠠᠩᠨᠡᠯ᠎ᠳᠤ 1 ᠨᠡᠷ᠎ᠡ᠂ ᠬᠤᠶᠠᠳᠤᠭᠠᠷ ᠲᠡᠰ ᠤᠨ ᠱᠠᠩᠨᠡᠯ᠎ᠳᠤ 2 ᠨᠡᠷ᠎ᠡ᠂ ᠭᠤᠷᠪᠠᠳᠤᠭᠠᠷ ᠲᠡᠰ᠎ᠤᠨ ᠱᠠᠩᠨᠡᠯ ᠳᠤ 3 ᠨᠡᠷ᠎ᠡ ᠲᠤᠳᠤᠷᠠᠵᠡᠢ᠃