ᠰᠡᠳᠬᠢᠯ ᠨᠢᠭᠡᠳᠤᠨ ᠬᠦᠴᠤ ᠪᠠᠨ ᠬᠠᠮᠳᠤᠳᠬᠠᠵᠤ ᠬᠠᠮᠲᠤ ᠪᠡᠷ ᠪᠠᠢᠭᠤᠯᠤᠨ ᠬᠠᠮᠲᠤ ᠪᠡᠷ ᠡᠳ᠋ᠯᠡᠬᠦ᠌ ᠱᠢᠨ᠎ᠡ ᠵᠢᠷᠤᠭ ᠲᠥᠰᠦᠪ ᠢ᠋ ᠵᠢᠷᠤᠭ᠍ᠯᠠᠪᠠ
2025-10-22 09:14:35
ᠵᠣᠬᠢᠶᠠᠭ᠍ᠴᠢ᠄
ᠪᠠᠶ ᠳ᠋ᠠᠨ
ᠣᠩᠱᠢᠭ᠍ᠰᠠᠨ ᠣᠳᠠᠭ᠎ᠠ᠄
★★★☆☆

ᠨᠡᠢᠭᠡᠮ ᠤ᠋ᠨ ᠵᠠᠰᠠᠯᠲᠠ ᠶ᠋ᠢᠨ ᠪᠦᠲᠦᠮᠵᠢᠲᠡᠶ ᠠᠷᠭ᠎ᠠ ᠵᠠᠮ ᠤ᠋ᠨ ᠱᠢᠨ᠎ᠡ ᠵᠢ ᠡᠭᠦᠳᠴᠦ᠍᠂ ᠵᠥᠷᠢᠴᠡᠯ ᠵᠠᠭᠤᠷᠠᠯᠳᠤᠭᠠᠨ ᠢ᠋ ᠦᠨᠳᠦᠰᠦᠨ ᠱᠠᠲᠤᠨ ᠳ᠋ᠤ ᠰᠢᠢᠳᠪᠦᠷᠢᠯᠡᠨ᠂ ᠤᠶᠤᠨᠴᠢ  ᠲᠠᠪᠴᠠᠩ ᠢ᠋ᠶ᠋ᠡᠷ ᠦᠨᠳᠦᠰᠦᠨ ᠱᠠᠲᠤᠨ ᠤ᠋ ᠵᠠᠰᠠᠯᠲᠠ ᠳ᠋ᠤ ᠬᠦᠴᠦᠨ ᠨᠡᠮᠡᠷᠢᠯᠡᠪᠡ ᠁ 《ᠠᠷᠪᠠᠨ ᠳᠥᠷᠪᠡᠳᠦᠭᠡᠷ ᠲᠠᠪᠤᠨ ᠵᠢᠯ》  ᠤ᠋ᠨ ᠲᠥᠯᠥᠪᠵᠢᠭᠦᠯᠭᠡ ᠶ᠋ᠢᠨ ᠬᠤᠭᠤᠴᠠᠭᠠᠨ ᠳ᠋ᠤ ᠦᠪᠤᠷ ᠮᠤᠡᠭᠭᠤᠯ ᠨᠡᠢᠭᠡᠮ ᠤ᠋ᠨ ᠵᠠᠰᠠᠯᠲᠠ ᠶ᠋ᠢᠨ ᠬᠦᠷᠢᠶᠡᠨ ᠳ᠋ᠡᠬᠢ ᠥᠭᠡᠷᠡᠴᠢᠯᠡᠯᠲᠡ ᠬᠢᠵᠦ᠍ ᠱᠢᠨ᠎ᠡ ᠵᠢ ᠡᠭᠦᠳᠬᠦ᠌ ᠵᠢ ᠶᠡᠬᠡ ᠪᠡᠷ ᠠᠬᠢᠭᠤᠯᠵᠤ᠂ ᠬᠠᠮᠲᠤ ᠪᠡᠷ ᠪᠠᠢᠭᠤᠯᠬᠤ ᠬᠠᠮᠲᠤ ᠪᠡᠷ ᠵᠠᠰᠠᠬᠤ ᠬᠠᠮᠲᠤ ᠪᠡᠷ ᠡᠳ᠋ᠯᠡᠬᠦ᠌ ᠵᠠᠰᠠᠯᠲᠠ ᠶ᠋ᠢᠨ ᠪᠠᠢᠷᠢᠱᠢᠯ ᠢ᠋ ᠲᠦᠷᠭᠡᠳᠭᠡᠨ ᠪᠠᠢᠭᠤᠯᠵᠤ ᠂ ᠨᠡᠢᠭᠡᠮ ᠤ᠋ᠨ ᠵᠠᠰᠠᠯᠲᠠ ᠶ᠋ᠢᠨ ᠦᠷ᠎ᠡ ᠪᠦᠲᠦᠮᠵᠢ ᠢᠯᠡᠳᠲᠡ ᠳᠡᠭᠡᠭ᠌ᠰᠢᠯᠡᠪᠡ ᠃

ᠪᠢᠴᠢᠯ ᠵᠠᠰᠠᠯᠲᠠ ᠨᠢ  ᠶᠡᠬᠡ ᠡᠨ᠋ᠸᠷᠬᠢ᠎ᠵᠢ ᠪᠠᠳᠠᠷᠠᠭᠤᠯᠪᠠ

ᠠᠯᠠᠱᠠ ᠠᠢᠮᠠᠭ ᠤ᠋ᠨ ᠠᠯᠠᠱᠠ ᠵᠡᠭᠦᠨ ᠬᠣᠱᠢᠭᠤᠨ ᠤ᠋ ᠸᠠᠩ ᠤ᠋ᠨ ᠣᠷᠳᠣᠨ ᠵᠡᠭᠡᠯᠢ ᠭᠤᠳᠤᠮᠵᠢ ᠶ᠋ᠢᠨ ᠲᠩᠷᠢ ᠨᠡᠢᠭᠡᠮ ᠲᠣᠭᠣᠷᠢᠭ ᠤ᠋ᠨ ᠨᠠᠮ ᠤ᠋ᠨ ᠬᠣᠷᠢᠶᠠᠨ ᠤ᠋ ᠳᠡᠳ᠋ ᠱᠦᠵᠢ ᠮᠦᠳᠠᠨ ᠨᠡᠢᠭᠡᠮ ᠲᠣᠭᠣᠷᠢᠭ ᠤ᠋ᠨ ᠠᠵᠢᠯ ᠢ᠋ ᠬᠠᠷᠢᠭᠤᠴᠠᠬᠤ ᠶ᠋ᠢᠨ ᠬᠠᠮᠲᠤ ᠪᠠᠰᠠ ᠨᠢᠭᠡᠨ ᠲᠤᠤᠷᠵᠢᠯ ᠤ᠋ᠨ ᠠᠵᠢᠯᠲᠠᠨ ᠪᠠᠢᠵᠤ᠂ ᠮᠡᠳᠡᠭᠡ ᠵᠠᠩᠭᠢ ᠴᠤᠭ᠍ᠯᠠᠭᠤᠯᠬᠤ᠂ ᠲᠥᠷᠥ ᠶ᠋ᠢᠨ ᠪᠣᠳᠣᠯᠭ᠎ᠠ ᠶ᠋ᠢ ᠤᠬᠠᠭᠤᠯᠬᠤ᠂ ᠠᠮᠤᠷ ᠲᠦᠪᠱᠢᠨ ᠤ᠋ ᠲᠣᠭᠣᠷᠢᠨ ᠪᠠᠢᠴᠠᠭᠠᠯᠲᠠ ᠬᠢᠬᠦ ᠵᠡᠷᠭᠡ ᠨᠢ ᠴᠥᠮ ᠲᠡᠭᠦᠨ ᠤ᠋ ᠡᠳᠦᠷ ᠲᠤᠲᠤᠮ ᠤ᠋ᠨ ᠠᠵᠢᠯ ᠤ᠋ᠨ ᠠᠭᠤᠯᠭ᠎ᠠ ᠪᠣᠯᠤᠨ᠎ᠠ᠃ 《ᠲᠣᠣᠷᠵᠢᠯ ᠤ᠋ᠨ ᠠᠵᠢᠯᠲᠠᠳ ᠪᠣᠯ ᠵᠠᠰᠠᠭ ᠤ᠋ᠨ ᠣᠷᠳᠣᠨ ᠪᠣᠯᠤᠨ ᠰᠠᠭᠤᠭᠠᠯᠢ ᠠᠷᠠᠳ ᠢ᠋ ᠬᠣᠯᠪᠣᠬᠤ ᠬᠥᠭᠥᠷᠭᠡ ᠱᠢᠭ ᠪᠠᠢᠵᠤ᠂ ᠲᠦᠷᠦ᠍ ᠶ᠋ᠢᠨ ᠪᠤᠳᠤᠯᠭ᠎ᠠ ᠎ᠵᠢ ᠡᠷᠦᠬᠡ ᠪᠦᠷᠢ ᠎ᠳᠤ ᠤᠬᠠᠭᠤᠯᠵᠤ᠂ ᠰᠠᠭᠤᠭᠠᠯᠢ ᠠᠷᠠᠳ ᠨᠢᠭᠡᠪᠦᠷᠢ ᠶ᠋ᠢᠨ ᠬᠡᠷᠡᠭ᠌ᠴᠡᠭᠡ ᠱᠠᠭᠠᠷᠳᠠᠯᠭ᠎ᠠ ᠳ᠋ᠤ  ᠴᠠᠭ ᠲᠤᠬᠠᠢ ᠳ᠋ᠤᠨᠢ ᠬᠠᠷᠢᠭᠤ ᠲᠤᠰᠬᠠᠯ ᠦᠭᠬᠦ ᠵᠢ ᠦᠨᠡᠨ ᠬᠦ᠌ ᠪᠠᠲᠤᠯᠠᠬᠤ ᠬᠡᠷᠡᠭ᠌ᠲᠡᠢ》 ᠭᠡᠵᠦ ᠲᠡᠷᠡ ᠬᠡᠯᠡᠨ᠎ᠠ᠃

5 ᠵᠢᠯ ᠤ᠋ᠨ ᠲᠤᠷᠰᠢ ᠥᠪᠥᠷ ᠮᠣᠩᠭᠣᠯ ᠨᠠᠮ ᠤ᠋ᠨ ᠤᠳᠤᠷᠢᠳᠤᠯᠭ᠎ᠠ ᠵᠢ ᠴᠢᠩᠭᠠᠳᠭᠠᠬᠤ ᠵᠢ ᠦᠨᠳᠦᠰᠦᠨ ᠱᠠᠲᠤᠨ ᠤ᠋ ᠵᠠᠰᠠᠯᠲᠠ ᠶ᠋ᠢᠨ ᠬᠦᠴᠢᠷ ᠠᠰᠠᠭᠤᠳᠠᠯ ᠢ᠋ ᠱᠢᠶ᠋ᠳᠪᠦᠷᠢᠯᠡᠬᠦ᠌ ᠦᠨᠳᠦᠰᠦᠨ ᠭᠠᠷᠳᠠᠴᠠ ᠪᠠ ᠦᠶ᠋ᠯᠡᠳᠦᠯᠭᠡ ᠶ᠋ᠢᠨ ᠠᠷᠭ᠎ᠠ ᠵᠠᠮ ᠪᠣᠯᠭᠠᠵᠤ᠂ ᠨᠠᠮ ᠤ᠋ᠨ ᠪᠠᠢᠭᠤᠯᠤᠯᠲᠠ ᠶ᠋ᠢᠨ ᠳᠠᠪᠠᠭᠤᠯᠢᠭ ᠢ᠋ ᠲᠠᠰᠤᠷᠠᠯᠲᠠ ᠥᠬᠡᠶ ᠵᠠᠰᠠᠯᠲᠠ ᠶ᠋ᠢᠨ ᠳᠠᠪᠠᠭᠤᠯᠢᠭ ᠪᠣᠯᠭᠠᠨ ᠬᠤᠪᠢᠷᠠᠭᠤᠯᠵᠤ᠂ ᠦᠨᠳᠦᠰᠦᠨ ᠱᠠᠲᠤᠨ ᠤ᠋ ᠵᠠᠰᠠᠯᠲᠠ ᠪᠠ ᠣᠯᠠᠨ ᠲᠦᠮᠡᠨ ᠳ᠋ᠤ ᠦᠶ᠋ᠯᠡᠴᠢᠯᠡᠬᠦ᠌ 《ᠡᠴᠦᠰ ᠤ᠋ᠨ ᠵᠠᠭᠤᠨ ᠮᠧᠲ᠋ᠷ》  ᠢ᠋ ᠪᠥᠬᠥ᠌ ᠬᠦᠴᠦᠨ ᠢ᠋ᠶ᠋ᠡᠷ ᠢ᠋ᠶ᠋ᠡᠨ ᠨᠡᠪᠲᠡᠷᠡᠭᠦᠯᠪᠡ᠃ ᠪᠥᠬᠥ᠌ ᠣᠷᠣᠨ ᠳ᠋ᠤ 8.6 ᠲᠦᠮᠡ ᠭᠠᠷᠤᠶ ᠦᠨᠳᠦᠰᠦᠨ ᠱᠠᠲᠤᠨ ᠤ᠋ ᠨᠠᠮ ᠤ᠋ᠨ ᠵᠣᠬᠢᠶᠠᠨ ᠪᠠᠢᠭᠤᠯᠤᠯᠲᠠ ᠵᠢ ᠪᠠᠢᠭᠤᠯᠤᠨ ᠬᠦᠴᠦᠷᠬᠡᠭ᠌ᠵᠢᠭᠦᠯᠬᠦ᠌ ᠪᠡᠷ ᠳᠡᠮᠵᠢᠨ ᠨᠠᠮ ᠤ᠋ᠨ ᠪᠠᠢᠭᠤᠯᠤᠯᠲᠠ ᠵᠢ ᠠᠳᠭᠤᠵᠤ ᠦᠨᠳᠦᠰᠦᠨ ᠱᠠᠲᠤᠨ ᠤ᠋ ᠵᠠᠰᠠᠯᠲᠠ ᠵᠢ ᠠᠬᠢᠭᠤᠯᠬᠤ ᠡᠭᠦᠷᠭᠡ ᠬᠠᠷᠢᠭᠤᠴᠠᠯᠭ᠎ᠠ ᠵᠢ ᠱᠠᠲᠤ ᠳᠠᠷᠠᠭᠠᠯᠠᠨ ᠲᠣᠳᠣᠷᠬᠠᠢᠯᠠᠵᠤ᠂ ᠥᠪᠡᠷᠲᠡᠭᠡᠨ ᠵᠠᠰᠠᠬᠤ ᠣᠷᠣᠨ ᠡᠴᠡ ᠨᠢᠭᠡᠳᠦᠯᠲᠡᠶ ᠲᠥᠯᠥᠪᠵᠢᠭᠦᠯᠵᠦ᠂ ᠡᠯ᠎ᠡ ᠠᠢᠮᠠᠭ ᠬᠣᠲᠠ ᠪᠣᠳᠠᠲᠠᠶ ᠵᠢᠯᠣᠭᠣᠳᠴᠤ᠌᠂ ᠲᠣᠭᠣᠷᠢᠭ ᠱᠢᠶᠠᠨ᠂ ᠱᠢᠶᠠᠩ ᠪᠠᠯᠭᠠᠰᠤ (ᠵᠡᠭᠡᠯᠢ ᠭᠤᠳᠤᠮᠵᠢ )᠂ ᠨᠡᠢᠭᠡᠮ ᠲᠣᠭᠣᠷᠢᠭ᠂ ᠲᠤᠤᠷᠵᠢᠯ ᠤ᠋ᠨ ᠳᠥᠷᠪᠡᠨ ᠱᠠᠲᠤ ᠬᠣᠯᠪᠣᠭᠠᠯᠠᠨ ᠡᠬᠢ ᠪᠠᠶᠠᠯᠢᠭ ᠢ᠋ ᠳᠠᠢᠴᠢᠯᠠᠵᠤ ᠨᠠᠢᠳᠠᠪᠤᠷᠢᠵᠢᠭᠤᠯᠬᠤ ᠠᠵᠢᠯ ᠤ᠋ᠨ ᠪᠠᠢᠷᠢᠱᠢᠯ ᠢ᠋ ᠪᠠᠢᠭᠤᠯᠪᠠ᠃

ᠵᠢᠵᠢᠭ ᠲᠤᠤᠷᠵᠢᠯ ᠨᠢ ᠶᠡᠬᠡ ᠡᠨᠧᠷᠭᠢ ᠵᠢ ᠪᠠᠳᠠᠷᠠᠭᠤᠯᠵᠤ᠂ ᠨᠠᠷᠢᠨ ᠵᠦᠶ᠋ᠯᠡᠰ ᠤ᠋ᠨ ᠵᠠᠰᠠᠯᠲᠠ ᠨᠢ ᠨᠡᠢᠭᠡᠮ ᠤ᠋ᠨ ᠡᠶ᠎ᠡ ᠵᠣᠬᠢᠴᠠᠡᠭᠭᠤᠢ᠎ᠵᠢᠨ ᠢᠷᠠᠭᠤ ᠡᠭᠡᠱᠢᠭ ᠢ᠋  ᠴᠤᠤᠷᠢᠶᠠᠳᠤᠭᠤᠯᠪᠠ᠃ 5 ᠵᠢᠯ ᠤ᠋ᠨ ᠲᠤᠷᠰᠢ  ᠨᠢᠭᠡ ᠪᠦᠯᠦᠭ ᠱᠢᠨ᠎ᠡ ᠵᠢ ᠡᠭᠦᠳᠬᠦ᠌ ᠠᠷᠭ᠎ᠠ ᠬᠢᠳᠡᠯ  ᠢ᠋ ᠦᠨᠳᠦᠰᠦᠨ ᠱᠠᠲᠤᠨ ᠳ᠋ᠤ ᠦᠢᠯᠡᠳᠤᠯᠭᠡᠵᠢᠬᠦᠯᠤᠨ᠂ ᠤᠯᠠᠨ ᠲᠦᠮᠡᠨ ᠳ᠋ᠤ ᠦᠢᠯᠡᠴᠢᠯᠡᠵᠦ᠍᠂ ᠤᠯᠠᠨ ᠲᠦᠮᠡᠨ ᠤ᠋ ᠪᠠᠴᠢᠮᠳᠠᠵᠤ ᠳᠦᠪᠡᠭᠳᠡᠵᠦ ᠵᠤᠪᠠᠨᠢᠵᠤ ᠬᠦᠰᠡᠵᠦ ᠪᠠᠢᠭ᠎ᠠ ᠠᠰᠠᠭᠤᠳᠠᠯ ᠤ᠋ᠳ ᠢ᠋ ᠱᠢᠢᠳᠪᠦᠷᠢᠯᠡᠵᠦ᠍᠂ ᠠᠷᠠᠳ ᠲᠦ᠍ ᠠᠱᠢᠭ ᠬᠦᠷᠲᠡᠭᠡᠬᠦ᠌ ᠪᠣᠳᠠᠲᠤ ᠶᠠᠪᠤᠳᠠᠯ ᠵᠠᠯᠭᠠᠭ᠎ᠠ ᠪᠡᠷ ᠨᠠᠢᠳᠠᠪᠤᠷᠢᠵᠢᠭᠤᠯᠤᠭ᠍ᠳᠠᠪᠠ᠃

ᠵᠠᠭᠤᠷᠠᠯᠳᠤᠭᠠᠨ ᠢ᠋ ᠡᠶᠡᠳᠠᠬᠦᠯᠵᠤ ᠡᠶ᠎ᠡ ᠵᠣᠬᠢᠴᠠᠡᠭᠭᠤᠢ ᠲᠣᠣᠷ ᠢ᠋ ᠨᠢᠬᠲᠠ ᠰᠦᠯᠵᠢᠪᠡ

《ᠳᠤᠯᠠᠭᠠᠯᠠᠭ᠎ᠠ ᠶ᠋ᠢᠨ ᠬᠣᠭᠣᠯᠠᠶ ᠬᠠᠭᠤᠴᠢᠷᠠᠵᠤ᠂ ᠡᠪᠦᠯ᠎ᠤᠨ ᠬᠦᠢᠳᠡᠨ᠎ᠳᠤ ᠭᠡᠷ ᠬᠦᠢᠳᠡᠨ ᠪᠠᠢᠨ᠎ᠠ》᠃ 《ᠠᠰᠠᠷ ᠤ᠋ᠨ ᠭᠠᠳᠠᠨᠠᠬᠢ ᠱᠠᠲᠤ ᠶ᠋ᠢᠨ ᠬᠠᠰᠢᠯᠭ᠎ᠠ ᠵᠢᠪᠡᠷᠡᠨ ᠰᠤᠯᠠᠷᠠᠵᠤ᠂ ᠠᠮᠤᠷ ᠲᠦᠪᠱᠢᠨ ᠤ᠋ ᠬᠡᠮ ᠰᠣᠭᠣᠭ᠎ᠲᠠᠶ》᠃ ᠣᠢᠷ᠎ᠠ ᠳ᠋ᠤ ᠤᠯᠠᠭᠠᠨᠴᠠᠪ ᠬᠣᠲᠠ ᠶ᠋ᠢᠨ ᠵᠢᠨᠢᠩ ᠲᠣᠭᠣᠷᠢᠭ ᠤ᠋ᠨ ᠴᠢᠶᠣᠤ ᠳ᠋ᠦᠩ ᠵᠡᠭᠡᠯᠢ ᠭᠤᠳᠤᠮᠵᠢ ᠶ᠋ᠢᠨ ᠳ᠋ᠦᠩ ᠮᠢᠨ ᠵᠢᠶᠠᠨ ᠨᠡᠢᠭᠡᠮ ᠲᠣᠭᠣᠷᠢᠭ ᠤ᠋ᠨ ᠱᠢᠨ᠎ᠲᠡᠶ ᠵᠢᠶᠠ ᠶᠤᠸᠠᠨ ᠰᠠᠭᠤᠭᠠᠯᠢ ᠠᠷᠠᠳ ᠤ᠋ᠨ ᠲᠣᠭᠣᠷᠢᠭ ᠤ᠋ᠨ ᠬᠦᠷᠢᠶᠡᠨ ᠳ᠋ᠤ ᠨᠢᠭᠡᠨ ᠤᠳᠠᠭᠠᠨ ᠤ᠋ 《ᠬᠥᠷ ᠬᠥᠭ᠌ᠵᠢᠶᠡᠨ ᠲᠠᠢ 》 ᠵᠥᠪᠯᠡᠬᠦ᠌ ᠬᠤᠷᠠᠯ ᠬᠤᠷᠠᠯᠳᠤᠭᠤᠯᠵᠤ᠂ ᠨᠡᠢᠭᠡᠮ ᠲᠣᠭᠣᠷᠢᠭ ᠡᠴᠡ ᠰᠠᠭᠤᠭᠠᠯᠢ ᠠᠷᠠᠳ ᠤ᠋ᠨ ᠲᠣᠭᠣᠷᠢᠭ ᠤ᠋ᠨ 《ᠰᠠᠭᠤᠭᠠᠯᠢ ᠠᠷᠠᠳ ᠤ᠋ᠨ ᠲᠤᠭᠤᠷᠢᠭ ᠤ᠋ᠨ ᠨᠠᠮ ᠤ᠋ᠨ ᠭᠡᠰᠢᠭᠦᠨ ᠤ᠋ ᠭᠤᠤᠯᠳᠠᠯᠭᠠᠲᠤ ᠡᠷᠦᠬᠡ᠂ ᠠᠰᠠᠷ ᠤ᠋ᠨ ᠨᠠᠮ ᠤ᠋ᠨ ᠭᠡᠰᠢᠭᠦᠨ ᠤ᠋ ᠪᠡᠬᠢᠯᠡᠯᠲᠦ ᠡᠷᠦᠬᠡ᠂ ᠤᠷᠤᠴᠠ ᠶ᠋ᠢᠨ ᠨᠠᠮ ᠤ᠋ᠨ ᠭᠡᠰᠢᠭᠦᠨ ᠤ᠋ ᠬᠤᠰᠢᠭᠤᠴᠢ ᠡᠷᠦᠬᠡ᠂ ᠲᠤᠤᠷᠵᠢᠯ ᠤ᠋ᠨ ᠳᠠᠷᠤᠭ᠎ᠠ᠂ ᠰᠠᠭᠤᠭᠠᠯᠢ ᠠᠷᠠᠳ ᠤ᠋ᠨ ᠲᠤᠭᠤᠷᠢᠭ ᠤ᠋ᠨ ᠳᠠᠷᠤᠭ᠎ᠠ᠂ ᠠᠰᠠᠷ ᠤ᠋ᠨ ᠳᠠᠷᠤᠭ᠎ᠠ᠂ ᠤᠷᠤᠴᠠ ᠶ᠋ᠢᠨ ᠲᠠᠷᠤᠭ᠎ᠠ》᠂ ᠳᠠᠭᠠᠭᠠᠴᠢᠯᠠᠨ ᠬᠠᠷᠢᠭᠤᠴᠠᠬᠤ ᠨᠢᠭᠡᠴᠢ᠂ ᠰᠠᠭᠤᠭᠠᠯᠢ ᠠᠷᠠᠳ ᠤ᠋ᠨ ᠲᠥᠯᠥᠭᠡᠯᠡᠭ᠌ᠴᠢ ᠵᠢ ᠵᠣᠬᠢᠶᠠᠨ ᠪᠠᠢᠭᠤᠯᠵᠤ ᠰᠠᠭᠤᠭᠠᠯᠢ ᠠᠷᠠᠳ ᠤ᠋ᠨ ᠲᠣᠭᠣᠷᠢᠭ ᠤ᠋ᠨ ᠬᠦᠴᠢᠷ ᠠᠰᠠᠭᠤᠳᠠᠯ ᠢ᠋ ᠬᠠᠮᠲᠤ ᠪᠡᠷ ᠵᠥᠪᠳᠡᠯᠴᠡᠨ ᠱᠢᠶ᠋ᠳᠪᠦᠷᠢᠯᠡᠪᠡ᠃

ᠳ᠋ᠦᠩ ᠮᠢᠨ ᠵᠢᠶᠠᠨ ᠨᠡᠢᠭᠡᠮ ᠲᠣᠭᠣᠷᠢᠭ ᠭᠡᠵᠤ ᠬᠠᠭᠤᠴᠢᠨ ᠬᠣᠲᠠ ᠶ᠋ᠢᠨ ᠭᠤᠤᠯ ᠬᠡᠰᠡᠭ᠎ᠲᠦ ᠪᠠᠢᠷᠢᠯᠠᠵᠤ ᠪᠤᠢ᠃ 《ᠰᠠᠭᠤᠭᠠᠯᠢ ᠠᠷᠠᠳ ᠤ᠋ᠨ ᠲᠤᠭᠤᠷᠢᠭ ᠤ᠋ᠨ ᠨᠠᠮ ᠤ᠋ᠨ ᠭᠡᠰᠢᠭᠦᠨ ᠤ᠋ ᠭᠤᠤᠯᠳᠠᠯᠭᠠᠲᠤ ᠡᠷᠦᠬᠡ᠂ ᠠᠰᠠᠷ  ᠤ᠋ᠨ ᠨᠠᠮ ᠤ᠋ᠨ ᠭᠡᠰᠢᠭᠦᠨ ᠤ᠋ ᠪᠡᠬᠢᠯᠡᠯᠲᠦ ᠡᠷᠦᠬᠡ᠂ ᠤᠷᠤᠴᠠ ᠶ᠋ᠢᠨ ᠨᠠᠮ ᠤ᠋ᠨ ᠭᠡᠰᠢᠭᠦᠨ ᠤ᠋ ᠬᠤᠰᠢᠭᠤᠴᠢ ᠡᠷᠦᠬᠡ᠂ ᠲᠤᠤᠷᠵᠢᠯ ᠤ᠋ᠨ ᠳᠠᠷᠤᠭ᠎ᠠ᠂ ᠰᠠᠭᠤᠭᠠᠯᠢ ᠠᠷᠠᠳ ᠤ᠋ᠨ ᠲᠤᠭᠤᠷᠢᠭ ᠤ᠋ᠨ ᠳᠠᠷᠤᠭ᠎ᠠ᠂ ᠠᠰᠠᠷ ᠤ᠋ᠨ ᠳᠠᠷᠤᠭ᠎ᠠ᠂ ᠤᠷᠤᠴᠠ ᠶ᠋ᠢᠨ ᠳᠠᠷᠤᠭ᠎ᠠ》  ᠶ᠋ᠢᠨ ᠳᠡᠮᠵᠢᠯᠭᠡ ᠲᠠᠢ ᠪᠤᠯᠤᠬᠰᠠᠨ ᠵᠢᠴᠢ ᠨᠡᠢᠭᠡᠮ ᠲᠣᠭᠣᠷᠢᠭ ᠤ᠋ᠨ ᠠᠰᠠᠷ ᠲᠠᠭ᠍ᠲᠤ ᠶ᠋ᠢᠨ ᠰᠠᠭᠤᠭᠠᠯᠢ ᠠᠷᠠᠳ ᠤ᠋ᠨ ᠥᠪᠡᠰᠤᠪᠠᠨ ᠵᠠᠰᠠᠬᠤ ᠵᠢ ᠪᠥᠬᠥ᠌ ᠲᠠᠯ᠎ᠠ ᠪᠡᠷ ᠬᠡᠷᠡᠭ᠌ᠵᠢᠭᠦᠯᠦᠭ᠌ᠰᠡᠨ ᠡᠴᠡ 《ᠰᠠᠭᠤᠭᠠᠯᠢ ᠠᠷᠠᠳ ᠤ᠋ᠨ ᠶᠠᠪᠤᠳᠠᠯ ᠢ᠋ ᠰᠠᠭᠤᠭᠠᠯᠢ ᠠᠷᠠᠳ ᠭᠦᠢᠴᠡᠳᠭᠡᠵᠦ᠂ ᠣᠯᠠᠨ ᠤ᠋ ᠶᠠᠪᠤᠳᠠᠯ ᠢ᠋ ᠣᠯᠠᠨ ᠢ᠋ᠶ᠋ᠡᠷ ᠢ᠋ᠶ᠋ᠡᠨ ᠬᠠᠮᠢᠶᠠᠷᠬᠤ》  ᠵᠢ ᠦᠨᠡᠨ ᠬᠦ᠌ ᠪᠡᠶᠡᠯᠡᠭᠦᠯᠪᠡ᠃

ᠡᠢᠮᠦᠷᠬᠦᠦ ᠨᠠᠮ ᠤ᠋ᠨ ᠵᠣᠬᠢᠶᠠᠨ ᠪᠠᠢᠭᠤᠯᠤᠯᠲᠠ ᠡᠴᠡ ᠤᠳᠤᠷᠢᠳᠴᠤ᠂ ᠣᠯᠠᠨ ᠲᠦᠮᠡᠨ ᠣᠷᠣᠯᠴᠠᠭ᠍ᠰᠠᠨ ᠦᠨᠳᠦᠰᠦᠨ ᠱᠠᠲᠤᠨ ᠤ᠋ ᠬᠡᠷᠡᠭ ᠵᠥᠪᠯᠡᠬᠦ᠌ ᠲᠣᠭ᠍ᠲᠠᠴᠠ ᠵᠢ ᠥᠪᠥᠷ ᠮᠣᠩᠭᠣᠯ ᠤ᠋ᠨ ᠡᠯ᠎ᠡ ᠭᠠᠵᠠᠷ ᠲᠦ᠍ ᠨᠠᠢᠳᠠᠪᠤᠷᠢᠵᠢᠭᠤᠯᠤᠨ ᠬᠡᠷᠡᠭ᠌ᠵᠢᠭᠦᠯᠪᠡ᠃ 5 ᠵᠢᠯ ᠤ᠋ᠨ ᠬᠤᠭᠤᠴᠠᠭᠠᠨ ᠳ᠋ᠤ ᠪᠥᠬᠥ᠌ ᠣᠷᠣᠨ ᠤ᠋ ᠡᠯ᠎ᠡ ᠠᠢᠮᠠᠭ ᠬᠣᠲᠠ ᠶ᠋ᠢᠨ ᠬᠢᠨ ᠥᠪᠡᠷᠲᠡᠭᠡᠨ ᠵᠠᠰᠠᠬᠤ ᠵᠣᠬᠢᠶᠠᠨ ᠪᠠᠢᠭᠤᠯᠤᠯᠲᠠ ᠶ᠋ᠢᠨ ᠱᠢᠰᠲ᠋ᠧᠮ ᠢ᠋ ᠪᠠᠢᠭᠤᠯᠤᠨ ᠬᠦᠴᠦᠷᠬᠡᠭ᠌ᠵᠢᠭᠦᠯᠬᠦ᠌ ᠵᠢ ᠪᠠᠷᠢᠮᠲᠠᠯᠠᠵᠤ᠂ ᠨᠡᠢᠭᠡᠮ ᠲᠣᠭᠣᠷᠢᠭ ᠤ᠋ᠨ ᠲᠤᠤᠷᠵᠢᠯ ᠤ᠋ᠨ ᠳᠠᠷᠤᠭ᠎ᠠ ᠶ᠋ᠢᠨ ᠵᠢᠯᠣᠭᠣᠳᠣᠯᠭ᠎ᠠ ᠳᠤᠤᠷ᠎ᠠ ᠰᠠᠭᠤᠭᠠᠯᠢ ᠠᠷᠠᠳ ᠢ᠋ ᠳᠠᠢᠴᠢᠯᠠᠨ ᠨᠡᠢᠭᠡᠮ ᠲᠣᠭᠣᠷᠢᠭ ᠤ᠋ᠨ ᠬᠡᠷᠡᠭ ᠶᠠᠪᠤᠳᠠᠯ ᠳ᠋ᠤ ᠬᠠᠯᠠᠭᠤᠨ ᠰᠡᠳᠭᠢᠯ ᠲᠠᠢ ᠰᠠᠭᠤᠭᠠᠯᠢ ᠠᠷᠠᠳ ᠤ᠋ᠨ ᠲᠥᠯᠥᠭᠡᠯᠡᠭ᠌ᠴᠢ ᠵᠢ ᠲᠠᠨᠢᠯᠴᠠᠭᠤᠯᠵᠤ ᠰᠠᠭᠤᠭᠠᠯᠢ ᠠᠷᠠᠳ ᠤ᠋ᠨ ᠲᠣᠭᠣᠷᠢᠭ ᠤ᠋ᠨ ᠳᠠᠷᠤᠭ᠎ᠠ᠂ ᠠᠰᠠᠷ ᠤ᠋ᠨ ᠳᠠᠷᠤᠭ᠎ᠠ᠂ ᠤᠷᠤᠴᠠ ᠶ᠋ᠢᠨ ᠳᠠᠷᠤᠭ᠎ᠠ ᠶ᠋ᠢᠨ ᠲᠤᠱᠢᠶᠠᠯ ᠢ᠋ ᠡᠭᠦᠷᠭᠡᠯᠡᠭᠦᠯᠵᠦ᠍᠂ ᠳᠡᠭᠡᠭ᠌ᠰᠢ ᠳᠠᠮᠵᠢᠭᠤᠯᠵᠤ ᠳᠤᠷᠤᠬᠰᠢ ᠤᠯᠠᠮᠵᠢᠯᠠᠬᠤ 《ᠬᠤᠯᠪᠤᠭᠠᠴᠢᠨ》᠂ ᠴᠢᠭ᠌ᠯᠡᠯᠲᠡ ᠲᠥᠷᠥ ᠶ᠋ᠢᠨ ᠪᠣᠳᠣᠯᠭ᠎ᠠ ᠶ᠋ᠢᠨ 《ᠤᠬᠠᠭᠤᠯᠤᠭ᠍ᠴᠢ》᠂ ᠵᠥᠷᠢᠴᠡᠯ ᠵᠠᠭᠤᠷᠠᠯᠳᠤᠭᠠᠨ  ᠤ᠋ 《ᠡᠶᠡᠳᠡᠭᠦᠯᠦᠭ᠌ᠴᠢ》 ᠪᠠ ᠪᠣᠯᠪᠠᠰᠤᠨ ᠤ᠋ ᠴᠤᠬᠴᠠᠯᠠᠬᠴᠢ ᠶ᠋ᠢᠨ 《 ᠬᠢᠨᠠᠯᠲᠠ ᠲᠠᠯᠪᠢᠭ᠍ᠴᠢ》 ᠵᠢᠨ ᠠᠵᠢᠯ ᠢ᠋ ᠰᠠᠢᠲᠤᠷ ᠬᠢᠪᠠ ᠃

ᠨᠡᠢᠭᠡᠮ ᠤ᠋ᠨ ᠵᠠᠰᠠᠯᠲᠠ ᠶ᠋ᠢᠨ ᠨᠢᠭᠡ ᠲᠠᠯ᠎ᠠ ᠨᠢ ᠠᠷᠠᠳ ᠤ᠋ᠨ ᠰᠡᠳᠭᠢᠯ ᠢ᠋ ᠬᠣᠯᠪᠣᠵᠤ ᠂ ᠨᠢᠭᠡ ᠲᠠᠯ᠎ᠠ ᠨᠢ ᠨᠠᠮ ᠤ᠋ᠨ ᠰᠡᠳᠭᠢᠯ ᠢ᠋ ᠬᠣᠯᠪᠣᠵᠤ ᠪᠠᠢᠳᠠᠭ᠃  ᠠᠷᠠᠳ ᠢᠷᠭᠡᠳ ᠨᠡᠢᠭᠡᠮ ᠤ᠋ᠨ ᠬᠥᠭ᠌ᠵᠢᠯᠲᠡ ᠶ᠋ᠢᠨ ᠠᠯᠬᠤᠮ ᠨᠢᠭᠡᠪᠦᠷᠢ ᠳ᠋ᠤ ᠴᠥᠮ ᠦᠨᠡᠨ ᠪᠣᠳᠠᠲᠠᠶ᠂ ᠨᠢᠳᠦᠨ ᠳ᠋ᠤ ᠦᠵᠡᠭ᠌ᠳᠡᠵᠦ᠍ ᠭᠠᠷ ᠲᠦ᠍ ᠪᠠᠷᠢᠭ᠍ᠳᠠᠮ᠎ᠠ ᠠᠮᠤᠷ ᠲᠦᠪᠱᠢᠨ ᠤ᠋ ᠲᠥᠷᠥᠭ᠌ᠳᠡᠯ ᠪᠠ  ᠵᠢᠷᠭᠠᠯᠲᠦ ᠲᠥᠷᠥᠭ᠌ᠳᠡᠯ ᠲᠠᠢ ᠪᠣᠯᠪᠠ᠃

ᠤᠶᠤᠨᠴᠢᠯᠡᠯᠳᠠ ᠨᠢ 《 ᠪᠢᠴᠢᠯ 》 ᠵᠠᠰᠠᠯᠲᠠ ᠳ᠋ᠤ ᠬᠦᠴᠦᠨ ᠨᠡᠮᠡᠷᠢᠯᠡᠪᠡ

ᠪᠥᠬᠥ᠌ ᠤᠯᠤᠰ ᠤ᠋ᠨ ᠲᠦᠷᠦᠭᠦᠦ ᠪᠦᠯᠦᠭ ᠤ᠋ᠨ ᠤᠯᠤᠰ ᠤ᠋ᠨ ᠣᠶᠤᠨᠴᠢ ᠨᠡᠢᠭᠡᠮ ᠤ᠋ᠨ ᠵᠠᠰᠠᠯᠲᠠ ᠶ᠋ᠢᠨ ᠲᠤᠷᠱᠢᠯᠲᠠ ᠶ᠋ᠢᠨ ᠶᠡᠷᠦᠩᠬᠡᠢᠯᠡᠭ᠌ᠰᠡᠨ ᠰᠠᠭᠤᠷᠢᠨ ᠪᠣᠯᠤᠭ᠍ᠰᠠᠨ ᠤ᠋ ᠬᠤᠪᠢ ᠳ᠋ᠤ ᠣᠷᠳᠣᠰ ᠬᠣᠲᠠ ᠲᠣᠭᠠᠴᠢᠯᠠᠭ᠍ᠰᠠᠨ ᠤᠶᠤᠨᠴᠢᠯᠠᠬ᠍ᠰᠠᠨ ᠠᠷᠭ᠎ᠠ ᠪᠠᠷᠢᠯ ᠢ᠋ᠶ᠋ᠡᠷ ᠪᠥᠬᠥ᠌ ᠠᠷᠠᠳ ᠤ᠋ᠨ ᠦᠨᠳᠦᠰᠦᠨ ᠱᠠᠲᠤᠨ ᠤ᠋ ᠨᠡᠢᠭᠡᠮ ᠤ᠋ᠨ ᠵᠠᠰᠠᠯᠲᠠ ᠳ᠋ᠤ ᠤᠷᠤᠯᠴᠬᠠᠤ ᠳ᠋ᠤ ᠬᠦᠴᠦᠨ ᠨᠡᠮᠡᠷᠢᠯᠡᠵᠦ᠍᠂ ᠣᠶᠤᠨᠴᠢ ᠠᠮᠢᠳᠤᠷᠠᠯ᠂ ᠣᠶᠤᠨᠴᠢ ᠦᠶ᠋ᠯᠡᠴᠢᠯᠡᠭᠡ᠂ ᠣᠶᠤᠨᠴᠢ ᠵᠠᠰᠠᠯᠲᠠ ᠶ᠋ᠢᠨ ᠬᠣᠲᠠ ᠶ᠋ᠢᠨ ᠬᠡᠪᠴᠢᠶᠡᠨ ᠤ᠋ ᠨᠡᠢᠭᠡᠮ ᠤ᠋ᠨ ᠵᠠᠰᠠᠯᠲᠠ ᠶ᠋ᠢᠨ 《 ᠣᠶᠤᠨᠴᠢ ᠵᠠᠰᠠᠯᠲᠠ 》  ᠶ᠋ᠢᠨ ᠱᠢᠨ᠎ᠡ ᠰᠡᠳᠭᠢᠴᠠ ᠵᠢ ᠰᠦᠪᠡᠭ᠌ᠴᠢᠯᠡᠨ ᠭᠠᠷᠭᠠᠵᠤ᠂ 《ᠲᠣᠭᠠᠴᠢᠯᠠᠭ᠍ᠰᠠᠨ ᠶᠡᠬᠡ ᠲᠠᠷᠢᠬᠢ 》  ᠵᠢ ᠦᠨᠳᠦᠰᠦᠨ ᠱᠠᠲᠤᠨ ᠤ᠋ ᠨᠡᠢᠭᠡᠮ ᠤ᠋ᠨ ᠵᠠᠰᠠᠯᠲᠠ ᠶ᠋ᠢᠨ ᠬᠦᠴᠢᠷ ᠠᠰᠠᠭᠤᠳᠠᠯ ᠢ᠋ ᠱᠢᠶ᠋ᠳᠪᠦᠷᠢᠯᠡᠬᠦ᠌ ᠮᠡᠷᠭᠡᠵᠢᠯ ᠤ᠋ᠨ ᠨᠢᠭᠤᠴᠠ ᠨᠣᠮᠧᠷ ᠪᠣᠯᠭᠠᠪᠠ᠃

ᠣᠢᠷ᠎ᠠ ᠶ᠋ᠢᠨ ᠵᠢᠯ ᠡᠴᠡ ᠥᠪᠥᠷ ᠮᠣᠩᠭᠣᠯ ᠦᠨᠳᠦᠰᠦᠨ ᠱᠠᠲᠤᠨ ᠤ᠋ ᠵᠠᠰᠠᠯᠲᠠ ᠶ᠋ᠢᠨ 《ᠣᠶᠤᠨᠴᠢ ᠵᠠᠰᠠᠯᠲᠠ ᠶ᠋ᠢᠨ ᠱᠢᠰᠲ᠋ᠧᠮ 》  ᠢ᠋ ᠪᠠᠢᠭᠤᠯᠤᠨ ᠬᠦᠴᠦᠷᠬᠡᠭ᠌ᠵᠢᠭᠦᠯᠬᠦ᠌ ᠵᠢ ᠪᠠᠷᠢᠮᠲᠠᠯᠠᠵᠤ᠂ 《ᠢᠨᠲ᠋ᠧᠷ ᠰᠦᠯᠵᠢᠶ᠎ᠡ + ᠨᠠᠮ ᠤ᠋ᠨ ᠵᠣᠬᠢᠶᠠᠨ ᠪᠠᠢᠭᠤᠯᠤᠯᠲᠠ + ᠲᠤᠤᠷᠵᠢᠯ》 ᠤ᠋ᠨ ᠠᠵᠢᠯᠯᠠᠭ᠎ᠠ ᠵᠢ ᠬᠡᠷᠡᠭ᠌ᠵᠢᠭᠦᠯᠦᠨ᠂ ᠰᠠᠭᠤᠷᠢ ᠳ᠋ᠠᠢᠲ᠋ᠠ ᠶ᠋ᠢᠨ ᠬᠡᠰᠡᠭ᠂ ᠪᠦᠷᠢᠳᠭᠡᠨ ᠵᠠᠳᠠᠯᠬᠤ ᠲᠠᠪᠴᠠᠩ᠂ ᠠᠵᠢᠯ ᠶᠠᠪᠤᠳᠠᠯ ᠭᠦᠶ᠋ᠴᠡᠳᠭᠡᠬᠦ᠌ ᠳ᠋ᠤ ᠦᠶ᠋ᠯᠡᠴᠢᠯᠡᠬᠦ᠌ ᠬᠡᠰᠡᠭ ᠵᠡᠷᠭᠡ ᠬᠡᠷᠡᠭ᠌ᠴᠡᠭᠡ ᠪᠡᠷ ᠬᠠᠮᠤᠭ ᠤ᠋ᠨ ᠲᠥᠪᠯᠡᠷᠡᠭ᠌ᠰᠡᠨ᠂ ᠵᠥᠷᠢᠴᠡᠯ ᠢ᠋ᠶ᠋ᠡᠷ ᠬᠠᠮᠤᠭ ᠤ᠋ᠨ ᠲᠣᠪᠣᠢᠮ᠎ᠠ᠂ ᠬᠡᠷᠡᠭ᠌ᠯᠡᠯᠲᠡ ᠪᠡᠷ ᠬᠠᠮᠤᠭ ᠤ᠋ᠨ ᠣᠯᠠᠨ ᠪᠠᠢᠳᠠᠭ ᠴᠢᠳᠠᠮᠵᠢ ᠪᠠᠨ ᠲᠡᠭᠦᠯᠳᠡᠷᠵᠢᠭᠦᠯᠬᠦ᠌ ᠪᠠ ᠦᠶ᠋ᠯᠡᠳᠦᠯ ᠢ᠋ᠶ᠋ᠡᠨ ᠪᠠᠳᠠᠷᠠᠭᠤᠯᠬᠤ ᠵᠢ ᠭᠤᠤᠯᠳᠠᠯᠭ᠎ᠠ ᠲᠠᠢ ᠠᠬᠢᠭᠤᠯᠪᠠ᠃ 《ᠣᠶᠤᠨᠴᠢ ᠨᠡᠢᠭᠡᠮ ᠲᠣᠭᠣᠷᠢᠭ ᠤ᠋ᠨ ᠲᠠᠪᠴᠠᠩ + ᠲᠤᠤᠷᠵᠢᠯ ᠤ᠋ᠨ ᠵᠢᠷᠭᠢᠶ᠎ᠡ ᠪᠡᠷ ᠬᠠᠷᠢᠯᠴᠠᠬᠤ ᠪᠦᠯᠦᠭᠵᠢᠯ + ᠭᠠᠷ ᠤᠲᠠᠰᠤᠨ ᠤ᠋ ᠬᠡᠷᠡᠭ᠌ᠯᠡᠭᠡ》 ᠎ᠵᠢᠨ ᠲᠣᠭᠠᠴᠢᠯᠠᠭ᠍ᠰᠠᠨ ᠲᠤᠤᠷ ᠰᠦᠯᠵᠢᠶ᠎ᠡ ᠶ᠋ᠢᠨ ᠬᠡᠷᠡᠭ᠌ᠯᠡᠭᠡᠨ ᠤ᠋ ᠱᠢᠰᠲ᠋ᠧᠮ ᠢ᠋ ᠲᠡᠭᠦᠯᠳᠡᠷᠵᠢᠭᠦᠯᠵᠦ᠍᠂ ᠮᠡᠳᠡᠭᠡ ᠵᠠᠩᠭᠢ ᠴᠤᠭ᠍ᠯᠠᠭᠤᠯᠬᠤ᠂ ᠠᠰᠠᠭᠤᠳᠠᠯ ᠢ᠋ ᠢᠯᠡᠷᠡᠭᠦᠯᠬᠦ᠌᠂ ᠡᠭᠦᠷᠭᠡ ᠵᠢ ᠬᠤᠪᠢᠶᠠᠨ ᠭᠦᠶ᠋ᠴᠡᠳᠭᠡᠬᠦᠯᠬᠦ᠂ ᠬᠠᠮᠵᠢᠯᠴᠠᠨ ᠱᠢᠶ᠋ᠳᠪᠦᠷᠢᠯᠡᠬᠦ᠌᠂ ᠦᠷ᠎ᠡ ᠳ᠋ᠦᠩ ᠢ᠋ ᠬᠠᠷᠢᠭᠤ ᠲᠤᠰᠭᠠᠬᠤ ᠠᠵᠢᠯ ᠤ᠋ᠨ ᠲᠣᠭ᠍ᠲᠠᠴᠠ ᠵᠢ ᠪᠦᠷᠢᠨᠱᠢᠬᠦᠯᠥᠨ᠂ ᠠᠷᠠᠳ ᠤ᠋ᠨ ᠬᠡᠷᠡᠭᠴᠡᠭᠡ ᠱᠠᠭᠠᠷᠳᠠᠯᠭ᠎ᠠ ᠳ᠋ᠤ ᠡᠷᠬᠡᠪᠰᠢ ᠲᠤᠰᠬᠠᠯ ᠭᠠᠷᠭᠠᠬᠤ ᠵᠢ ᠴᠢᠷᠮᠠᠢᠨ ᠪᠡᠶᠡᠯᠡᠭᠦᠯᠪᠡ᠃ ᠲᠤᠮᠤ ᠳ᠋ᠠᠢᠲ᠋ᠠ ᠪᠠ ᠮᠡᠳᠡᠭᠡ ᠵᠠᠩᠭᠢᠴᠢᠯᠠᠯᠳᠠ ᠶ᠋ᠢᠨ ᠠᠷᠭ᠎ᠠ ᠪᠠᠷᠢᠯ ᠢ᠋ ᠠᠱᠢᠭ᠍ᠯᠠᠨ ᠨᠡᠢᠭᠡᠮ ᠲᠣᠭᠣᠷᠢᠭ ᠤ᠋ᠨ ᠦᠢᠯᠡᠴᠢᠯᠡᠭᠡ᠂ ᠲᠤᠤᠷᠵᠢᠯ ᠤ᠋ᠨ ᠵᠠᠰᠠᠯᠲᠠ᠂ ᠨᠠᠮ ᠤ᠋ᠨ ᠭᠡᠱᠢᠭᠦᠨ ᠤ᠋ ᠨᠡᠷ᠎ᠡ ᠮᠡᠳᠡᠭᠦᠯᠦᠨ ᠦᠢᠯᠡᠴᠢᠯᠡᠬᠦ ᠪᠣᠳᠠᠲᠤ ᠲᠡᠮᠳᠡᠭ᠌ᠯᠡᠯ ᠪᠠ ᠦᠨᠡᠯᠡᠯᠲᠡ ᠵᠢ ᠴᠢᠩᠭᠠᠳᠭᠠᠵᠤ᠂ ᠦᠨᠳᠦᠰᠦᠨ ᠱᠠᠲᠤᠨ ᠤ᠋ ᠵᠠᠰᠠᠯᠲᠠ ᠶ᠋ᠢᠨ ᠮᠡᠳᠡᠭᠡ ᠵᠠᠩᠭᠢᠴᠢᠯᠠᠯᠳᠠ ᠶ᠋ᠢᠨ ᠲᠦᠪᠱᠢᠨ ᠢ᠋ ᠳᠡᠭᠡᠭ᠌ᠰᠢᠯᠡᠭᠦᠯᠪᠡ᠃

ᠵᠠᠰᠠᠯᠲᠠ ᠪᠠᠷ ᠤᠯᠠᠨ ᠲᠦᠮᠡᠨ ᠤ᠋ ᠬᠦᠰᠡᠯ ᠱᠠᠭᠠᠷᠳᠠᠯᠭ᠎ᠠ ᠵᠢ ᠬᠠᠩᠭᠠᠵᠤ᠂ ᠬᠦᠭᠵᠢᠯᠲᠡ ᠶ᠋ᠢᠨ ᠬᠡᠷᠡᠭᠴᠡᠭᠡ ᠱᠠᠭᠠᠷᠳᠠᠯᠭ᠎ᠠ ᠵᠢ ᠵᠠᠰᠠᠯᠲᠠ ᠶ᠋ᠢᠨ ᠠᠵᠢᠯᠯᠠᠭ᠎ᠠ ᠪᠠᠷ ᠰᠢᠢᠳᠪᠦᠷᠢᠯᠡᠪᠡ᠃ ᠱᠢᠨ᠎ᠡ ᠠᠶᠠᠨ ᠵᠠᠮ ᠳ᠋ᠤ᠂ ᠦᠨᠳᠦᠰᠦᠨ ᠱᠠᠲᠤᠨ ᠤ᠋ ᠵᠠᠰᠠᠯᠲᠠ ᠶ᠋ᠢᠨ ᠣᠳᠣᠬᠢᠴᠢᠯᠠᠯᠲᠠ ᠶ᠋ᠢᠨ ᠱᠢᠨ᠎ᠡ ᠪᠠᠢᠳᠠᠯ ᠱᠢᠨ᠎ᠡ ᠡᠭᠦᠷᠭᠡ ᠶ᠋ᠢᠨ ᠡᠮᠦᠨ᠎ᠡ᠂ ᠥᠪᠥᠷ ᠮᠣᠩᠭᠣᠯ ᠤ᠋ᠨ 《ᠵᠠᠰᠠᠯᠲᠠ ᠶ᠋ᠢᠨ ᠬᠠᠭᠤᠳᠠᠰᠤ》 ᠦᠷᠬᠦᠯᠵᠢᠯᠡᠨ ᠭᠣᠴᠤ ᠰᠠᠢᠬᠠᠨ ᠪᠢᠴᠢᠭᠯᠡᠭᠳᠡᠬᠦ ᠪᠤᠯᠤᠨ᠎ᠠ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号