ᠦᠪᠤᠷ ᠮᠤᠩᠭᠤᠯ ᠮᠤᠩᠭᠤᠯ ᠬᠤᠨᠢ ᠵᠢᠨ ᠦᠷᠡᠵᠢᠯᠳᠠ ᠵᠢᠨ ᠨᠤᠷᠮ᠎ᠠ ᠵᠢ ᠲᠠᠬᠡᠭᠰᠢᠯᠡᠬᠦᠯᠬᠦ 《 ᠪᠤᠭᠤᠮᠢ 》 ᠵᠢ ᠰᠢᠪᠳᠤᠯᠪᠠ
10 ᠰᠠᠷ᠎ᠠ ᠵᠢᠨ 10 ᠤ᠋ ᠡᠳᠤᠷ᠂ ᠦᠪᠦᠷ ᠮᠤᠨᠭᠭᠤᠯ ᠤ᠋ᠨ ᠶᠡᠬᠡ ᠰᠤᠷᠭᠠᠭᠤᠯᠢ ᠶ᠋ᠢᠨ ᠠᠮᠢ ᠰᠢᠨᠵᠢᠯᠡᠬᠡᠨ ᠤ᠋ ᠳᠡᠭᠡᠳᠦ ᠰᠤᠷᠭᠠᠭᠤᠯᠢ ᠶ᠋ᠢᠨ ᠲᠦᠩ ᠪᠢᠨ ᠫᠷᠤᠹᠧᠰᠰᠤᠷ ᠲᠤᠷᠰᠢᠯᠳᠠ ᠶ᠋ᠢᠨ ᠳᠠᠰᠤᠭ ᠲᠠᠭᠠᠨ ᠮᠤᠨᠭᠭᠤᠯ ᠬᠤᠨᠢ ᠵᠢᠨ ᠬᠧᠨ ᠤ᠋ ᠰᠤᠳᠤᠯᠭᠠᠨ ᠳ᠋ᠤ ᠰᠢᠮᠡᠳᠦᠨ᠂ ᠰᠤᠷᠤᠭᠴᠢᠳ ᠨᠢ 2015 ᠤᠨ ᠡᠴᠡ ᠨᠠᠭᠠᠰᠢ ᠴᠤᠭᠯᠠᠭᠤᠯᠤᠭᠰᠠᠨ ᠮᠤᠨᠭᠭᠤᠯ ᠬᠤᠨᠢ ᠵᠢᠨ ᠭᠧᠨ ᠤ᠋ ᠦᠯᠢᠬᠡᠷ ᠡᠳ᠋ ᠢ᠋ ᠨᠢᠭᠡᠳ ᠨᠢᠭᠡ ᠪᠡᠷ ᠵᠠᠬᠢᠳᠠᠯ ᠤ᠋ᠨ ᠲᠤᠭᠳᠤᠢ ᠳ᠋ᠦ ᠬᠢᠵᠦ ᠨᠠᠷᠢᠯᠢᠬ ᠳ᠋ᠤᠭᠠᠷᠯᠠᠭᠠᠳ ᠳᠠᠩᠰᠠ ᠡᠪᠡᠬᠡᠮᠡᠯ ᠤ᠋ᠨ ᠬᠤᠷᠭᠤᠨ ᠳ᠋ᠦ ᠬᠠᠳᠠᠭᠠᠯᠠᠵᠤ ᠪᠠᠢᠯ᠎ᠠ᠃
《ᠮᠤᠩᠭᠤᠯ ᠬᠤᠨᠢ ᠵᠢᠨ ᠢᠬᠡᠷᠡᠯᠡᠬᠦ ᠨᠤᠷᠮ᠎ᠠ ᠶᠡᠷᠤ ᠨᠢ 1% — 3% ᠯᠡ ᠬᠦᠷᠳᠡᠭ᠃ ᠬᠡᠪᠡᠴᠦ ᠪᠢᠳᠡ ᠮᠣᠩᠭᠣᠯ ᠬᠣᠨᠢ ᠳ᠋ᠦ ᠦᠷᠡᠵᠢᠯ ᠰᠠᠢᠳᠠᠢ ᠤᠳᠤᠮ ᠤ᠋ᠨ ᠭᠧᠨ(FecB)ᠠᠭᠤᠯᠤᠭ᠍ᠳᠠᠵᠤ ᠪᠠᠢᠬᠤ ᠵᠢ ᠠᠩᠬ᠎ᠠ ᠤᠳᠠᠭ᠎ᠠ ᠭᠡᠷᠡᠴᠢᠯᠡᠭᠰᠡᠨ ᠵᠢᠡᠷ ᠪᠠᠷᠠᠬᠤ ᠦᠬᠡᠢ ᠮᠣᠩᠭᠣᠯ ᠬᠣᠨᠢ ᠵᠢᠨ ᠣᠨᠴᠠᠭᠠᠶ ᠦᠷᠡᠵᠢᠯ ᠤ᠋ᠨ ᠴᠢᠳᠠᠪᠤᠷᠢ ᠪᠥᠬᠥᠶ 10 ᠭᠠᠷᠤᠶ ᠵᠢᠱ᠌ᠢᠮᠠᠯ ᠭᠧᠨ ᠪᠤᠯᠤᠨ 20 ᠭᠠᠷᠤᠶ ᠬᠧᠨ ᠤ᠋ ᠬᠤᠪᠢᠰᠤᠯᠳᠠ ᠵᠢᠨ ᠴᠡᠭ ᠢ᠋ ᠢᠯᠡᠷᠡᠬᠦᠯᠵᠠᠢ᠃ ᠬᠤᠯᠪᠤᠭᠳᠠᠯ ᠪᠦᠬᠦᠢ ᠭᠠᠵᠠᠷ ᠪᠠ ᠰᠠᠯᠠᠭ᠎ᠠ ᠮᠦᠴᠢᠷ ᠤ᠋ᠨ ᠲᠠᠮᠵᠢᠯᠬᠡ ᠪᠡᠷ ᠲᠤᠰ ᠰᠤᠳᠤᠯᠭᠠᠨ ᠢ᠋ ᠪᠤᠳᠠᠳᠠᠢ ᠦᠢᠯᠡᠳᠪᠤᠷᠢᠯᠡᠯ ᠳ᠋ᠤ ᠠᠰᠢᠬᠯᠠᠵᠤ᠂ ᠤᠳᠤ ᠮᠤᠩᠭᠤᠯ ᠬᠤᠨᠢ ᠵᠢᠨ ᠡᠬᠦᠯᠳᠡᠷ ᠪᠤᠢᠵᠢᠭᠤᠯᠬᠤ ᠭᠤᠤᠯᠳᠠᠯᠭᠠᠳᠤ ᠰᠦᠷᠦᠭ ᠤ᠋ᠨ ᠢᠬᠡᠷᠡᠯᠡᠬᠦ ᠨᠤᠷᠮ᠎ᠠ 52% ᠲᠦ᠍ ᠬᠦᠷᠴᠤ᠂ ᠮᠤᠩᠭᠤᠯ ᠬᠤᠨᠢ ᠵᠢᠨ ᠦᠷᠡᠵᠢᠯᠳᠠ ᠵᠢᠨ ᠨᠤᠷᠮ᠎ᠠ ᠵᠢ ᠲᠠᠬᠡᠭᠰᠢᠯᠡᠬᠦᠯᠬᠦ 〈ᠪᠤᠭᠤᠮᠢ〉 ᠵᠢ ᠰᠢᠪᠳᠤᠯᠪᠠ》 ᠬᠡᠵᠤ ᠲᠦᠩ ᠪᠢᠨ ᠫᠷᠤᠹᠧᠰᠰᠤᠷ ᠪᠢᠳᠡᠨ ᠳ᠋ᠤ ᠲᠠᠨᠢᠯᠴᠠᠭᠤᠯᠤᠨ᠎ᠠ᠃
ᠡᠨᠡ ᠬᠦ᠌ ᠠᠮᠵᠢᠯᠳᠠ ᠪᠦᠳᠦᠮᠵᠢ ᠵᠢ ᠠᠷᠪᠠᠨ ᠵᠢᠯ ᠤ᠋ᠨ ᠡᠮᠤᠨ᠎ᠠ ᠡᠴᠡ ᠡᠬᠢᠯᠡᠵᠤ ᠶᠠᠷᠢᠬᠤ ᠴᠢᠬᠤᠯᠠ ᠲᠠᠢ ᠶᠤᠮ᠃ 2015 ᠣᠨ ᠳ᠋ᠦ ᠥᠪᠥᠷ ᠮᠣᠩᠭᠣᠯ ᠤ᠋ᠨ ᠶᠡᠬᠡ ᠰᠤᠷᠭᠠᠭᠤᠯᠢ᠂ ᠥᠪᠥᠷ ᠮᠣᠩᠭᠣᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ᠂ ᠱᠢᠯᠢ ᠵᠢᠨ ᠭᠣᠣᠯ ᠠᠢᠮᠠᠭ ᠤ᠋ᠨ ᠮᠠᠯ ᠠᠵᠤ ᠠᠬᠤᠢ ᠵᠢᠨ ᠠᠵᠢᠯ ᠤ᠋ᠨ ᠦᠷᠳᠡᠭᠡ᠂ ᠰᠢᠯᠢ ᠵᠢᠨ ᠭᠤᠤᠯ ᠠᠢᠮᠠᠭ ᠤ᠋ᠨ ᠰᠢᠨᠵᠢᠯᠡᠬᠦ ᠤᠬᠠᠭᠠᠨ ᠲᠸᠭᠨᠢᠭ ᠮᠡᠷᠬᠡᠵᠢᠯ ᠤ᠋ᠨ ᠲᠤᠪᠴᠢᠶ᠎ᠠ ᠵᠡᠷᠭᠡ 9 ᠨᠢᠭᠡᠴᠢ ᠬᠠᠮᠲᠤᠷᠠᠨ ᠮᠤᠨᠭᠭᠤᠯ ᠬᠤᠨᠢ ᠵᠢᠨ ᠦᠷᠡᠵᠢᠯ ᠤ᠋ᠨ ᠴᠢᠳᠠᠪᠤᠷᠢ ᠵᠢ ᠲᠠᠬᠡᠭᠰᠢᠯᠡᠬᠦᠯᠬᠦ ᠵᠠᠩᠭᠢᠯᠠᠭ᠎ᠠ ᠵᠢᠨ ᠮᠡᠷᠭᠡᠵᠢᠯ ᠤ᠋ᠨ ᠪᠤᠭᠤᠮᠳᠠ ᠱᠢᠪᠲᠤᠯᠬᠤ ᠰᠤᠳᠤᠯᠭᠠᠨ ᠤ᠋ ᠠᠵᠢᠯ ᠢ᠋ ᠡᠬᠢᠯᠡᠭᠦᠯᠵᠦ᠂ ᠲᠦᠩ ᠪᠢᠨ ᠫᠷᠤᠹᠧᠰᠰᠤᠷ ᠢ᠋ᠶ᠋ᠡᠷ ᠲᠦᠷᠦᠬᠦᠯᠡᠬᠦᠯᠦᠭᠰᠡᠨ ᠲᠥᠷᠥᠯ ᠵᠦᠶ᠋ᠯ ᠤ᠋ᠨ ᠳᠤᠭᠤᠢᠯᠠᠩ ᠤ᠋ᠨ ᠬᠢᠨ 10 ᠵᠢᠯ ᠤ᠋ᠨ ᠬᠤᠭᠤᠴᠠᠭᠠᠨ ᠳ᠋ᠦ ᠬᠡᠳᠦᠨ ᠠᠷᠪᠠᠨ ᠲᠦᠮᠡᠨ ᠺᠢᠯᠣᠮᠧᠲ᠋ᠷ ᠠᠶᠠᠯᠠᠵᠤ᠂ ᠰᠥᠨᠢᠳ ᠬᠣᠨᠢ᠂ ᠦᠵᠦᠮᠦᠴᠢᠨ ᠬᠣᠨᠢ᠂ ᠬᠦᠯᠦᠨ ᠪᠤᠢᠷ ᠬᠤᠨᠢ ᠵᠡᠷᠭᠡ ᠢᠬᠡᠷᠡᠯᠡᠭᠰᠡᠨ ᠪᠤᠶᠤ ᠤᠯᠠᠨ ᠲᠦᠯᠯᠡᠭᠰᠡᠨ ᠤᠯᠤᠰ ᠤ᠋ᠨ ᠳᠣᠲᠣᠭᠠᠳᠤ ᠭᠠᠳᠠᠭᠠᠳᠤ ᠵᠢᠨ 44 ᠮᠢᠬᠠᠨ ᠤ᠋ ᠬᠣᠨᠢ ᠵᠢᠨ ᠡᠭᠦᠯᠳᠡᠷ ᠤ᠋ᠨ 2000 ᠭᠠᠷᠤᠶ ᠬᠤᠪᠢ ᠭᠧᠨ ᠤ᠋ ᠥᠯᠢᠭᠡᠷ ᠡᠳ᠋ ᠢ᠋ ᠴᠤᠭ᠍ᠯᠠᠭᠤᠯᠵᠤ᠂ ᠢᠬᠡᠷ᠎ᠠ ᠲᠦᠯᠯᠡᠳᠡᠭ ᠮᠤᠩᠭᠤᠯ ᠬᠣᠨᠢ ᠵᠢᠨ ᠭᠧᠨ ᠤ᠋ ᠬᠥᠮᠥᠷᠭᠡ ᠵᠢ ᠪᠠᠢᠭᠤᠯᠪᠠ᠃ ᠲᠡᠷᠡ ᠮᠦᠷᠳᠡᠬᠡᠨ ᠪᠠᠰᠠ ᠪᠥᠬᠥ᠌ ᠳᠡᠯᠡᠬᠡᠶ ᠵᠢᠨ ᠠᠩᠬᠠᠳᠠᠭ᠍ᠴᠢ ᠮᠣᠩᠭᠣᠯ ᠬᠣᠨᠢ ᠵᠢᠨ ᠦᠷᠡᠵᠢᠯ ᠤ᠋ᠨ ᠭᠧᠨ ᠢ᠋ ᠱᠢᠯᠭᠠᠨ ᠪᠠᠢᠴᠠᠭᠠᠬᠤ ᠳᠤᠤᠷ᠎ᠠ ᠨᠢᠭ᠍ᠲᠠᠴᠠ ᠪᠦᠬᠦᠢ SNP ᠭᠧᠨ ᠤ᠋ ᠴᠢᠫ ᠢ᠋ ᠪᠡᠶ᠎ᠡ ᠪᠡᠨ ᠳᠠᠭᠠᠭᠠᠨ ᠰᠤᠳᠤᠯᠤᠨ ᠦᠶ᠋ᠯᠡᠳᠴᠦ᠍᠂ ᠤᠷᠢᠳ ᠬᠤᠵᠢᠳ 3 ᠲᠦᠮᠡ ᠱᠢᠬᠠᠮ ᠮᠤᠩᠭᠤᠯ ᠬᠤᠨᠢ ᠵᠢ ᠰᠢᠭᠰᠢᠨ ᠪᠠᠢᠴᠠᠭᠠᠵᠤ᠂ ᠰᠢᠭᠰᠢᠨ ᠪᠠᠢᠴᠠᠭᠠᠭᠰᠠᠨ ᠬᠡᠪᠴᠢᠶ᠎ᠡ ᠨᠢ ᠳᠡᠯᠡᠬᠡᠶ ᠵᠢᠨ ᠲᠡᠷᠢᠭᠦᠨ ᠤ᠋ ᠬᠡᠮᠵᠢᠶᠡᠨ ᠳ᠋ᠦ ᠬᠦᠷᠴᠡᠢ᠃
ᠮᠤᠨᠭᠭᠤᠯ ᠬᠤᠨᠢ ᠪᠤᠯ ᠮᠠᠨ ᠤ᠋ ᠤᠯᠤᠰ ᠤ᠋ᠨ ᠮᠢᠬᠠᠨ ᠤ᠋ ᠬᠤᠨᠢ ᠵᠢᠨ ᠭᠤᠷᠪᠠᠨ ᠶᠡᠬᠡ ᠡᠬᠦᠯᠳᠡᠷ ᠤ᠋ᠨ ᠨᠢᠭᠡ ᠮᠦᠨ᠃ ᠲᠡᠷᠡ ᠨᠢ ᠳᠠᠷᠬᠠᠯᠳᠠ ᠪᠡᠷ ᠦᠷᠭᠡᠨ᠂ ᠲᠤᠭ᠎ᠠ ᠬᠡᠮᠵᠢᠶ᠎ᠠ ᠪᠡᠷ ᠤᠯᠠᠨ᠂ ᠪᠡᠯᠴᠢᠵᠦ ᠢᠳᠡᠰᠢᠯᠡᠬᠦ ᠳ᠋ᠡᠭᠡᠨ ᠴᠢᠳᠠᠮᠠᠭᠠᠢ ᠮᠦᠷᠳᠡᠭᠡᠨ ᠳᠠᠷᠭᠤ ᠠᠪᠬᠤ ᠨᠢ ᠲᠦᠷᠭᠡᠨ᠂ ᠬᠠᠬᠢᠷ ᠬᠦᠢᠳᠡᠨ ᠭᠠᠩ ᠬᠠᠭᠤᠷᠠᠢ ᠠᠭᠤᠷ ᠠᠮᠢᠰᠬᠤᠯ ᠳ᠋ᠤ ᠲᠠᠭᠠᠭᠠᠴᠠᠳᠠᠢ ᠪᠠᠢᠳᠠᠭ᠃ ᠨᠡᠩ ᠴᠦ᠍ ᠮᠢᠬ᠎ᠠ ᠨᠢ ᠠᠮᠳᠠ ᠰᠢᠮ᠎ᠠ ᠰᠠᠢᠳᠠᠢ ᠪᠡᠷ ᠵᠢᠡᠨ ᠠᠯᠳᠠᠷᠰᠢᠵᠦ᠂ ᠦᠪᠤᠷ ᠮᠤᠩᠭᠤᠯ ᠤ᠋ᠨ ᠤᠯᠠᠩᠬᠢ ᠮᠠᠯᠴᠢᠳ ᠤ᠋ᠨ ᠭᠤᠤᠯ ᠤᠷᠤᠯᠭ᠎ᠠ ᠵᠢᠨ ᠢᠷᠡᠯᠳᠡ ᠪᠤᠯᠤᠭᠰᠠᠨ ᠮᠦᠷᠳᠡᠭᠡᠨ ᠦᠪᠦᠷ ᠮᠤᠨᠭᠭᠤᠯ ᠤ᠋ᠨ ᠮᠠᠯ ᠠᠵᠤ ᠠᠬᠤᠢ ᠵᠢᠨ ᠭᠤᠤᠯᠯᠠᠬᠤ ᠲᠦᠷᠦᠯ ᠳᠡᠮᠳᠡᠭ᠂ ᠮᠢᠬᠠᠨ ᠤ᠋ ᠲᠦᠷᠦᠯ ᠤ᠋ᠨ ᠠᠵᠤ ᠦᠢᠯᠡᠰ ᠤ᠋ᠨ ᠬᠡᠯᠬᠢᠶ᠎ᠠ ᠵᠢᠨ ᠳᠠᠪᠠᠭᠤᠯᠢᠭᠳᠦ ᠡᠬᠢ ᠪᠠᠶᠠᠯᠢᠭ ᠪᠤᠯᠤᠭᠰᠠᠭᠠᠷ ᠢᠷᠡᠵᠠᠢ᠃
《ᠮᠤᠨᠭᠭᠤᠯ ᠬᠤᠨᠢ ᠪᠤᠯ ᠤᠯᠤᠰ ᠲᠠᠶᠠᠭᠠᠷ ᠲᠦ᠍ ᠮᠡᠳᠡᠷᠡᠭᠳᠡᠭᠰᠡᠨ ᠤᠷᠤᠨ ᠨᠤᠳᠤᠭ ᠤ᠋ᠨ ᠰᠢᠯᠢᠳᠡᠭ ᠡᠬᠦᠯᠳᠡᠷ ᠤ᠋ᠨ ᠬᠤᠨᠢ ᠪᠤᠯᠤᠨ᠎ᠠ᠃ ᠬᠡᠪᠡᠴᠦ ᠦᠷᠡᠵᠢᠯᠳᠡ ᠵᠢᠨ ᠨᠤᠷᠮ᠎ᠠ ᠨᠢ ᠬᠠᠷᠢᠴᠠᠩᠭᠤᠢ ᠪᠡᠷ ᠲᠤᠤᠷ᠎ᠠ ᠪᠠᠢᠬᠤ ᠨᠢ ᠮᠠᠯᠴᠢᠳ ᠤ᠋ᠨ ᠤᠷᠤᠯᠭ᠎ᠠ ᠵᠢᠨ ᠨᠡᠮᠡᠭᠳᠡᠯ ᠪᠤᠯᠤᠨ ᠠᠵᠤ ᠦᠢᠯᠡᠰ ᠤ᠋ᠨ ᠬᠡᠪᠴᠢᠶᠡᠵᠢᠭᠰᠡᠨ ᠬᠦᠭᠵᠢᠯᠳᠡ ᠵᠢ ᠬᠦᠯᠢᠶᠡᠰᠦᠯᠡᠬᠦ〈ᠪᠤᠭᠤᠮᠢ〉ᠵᠢᠨ ᠠᠰᠠᠭᠤᠳᠠᠯ ᠪᠤᠯᠵᠤ ᠪᠤᠢ᠃ ᠤᠳᠤ ᠮᠠᠯᠵᠢᠬᠤ ᠤᠷᠤᠨ ᠤ᠋ ᠮᠠᠯ ᠠᠵᠤ ᠠᠬᠤᠢ ᠵᠢᠨ ᠰᠠᠭᠤᠷᠢ ᠲᠦᠬᠦᠬᠡᠷᠦᠮᠵᠢ ᠰᠠᠢᠵᠢᠷᠠᠨ᠂ ᠲᠠᠵᠢᠬᠡᠯ ᠪᠤᠷᠳᠤᠭ᠎ᠠ ᠵᠢᠨ ᠨᠦᠬᠦᠪᠤᠷᠢᠯᠡᠯᠳᠡ ᠨᠡᠮᠡᠭᠳᠡᠵᠤ᠂ ᠬᠡᠮ ᠬᠢᠵᠢᠭ ᠤ᠋ᠨ ᠰᠡᠷᠭᠡᠢᠯᠡᠯᠳᠡ ᠵᠢ ᠴᠠᠭ ᠲᠤᠬᠠᠢ ᠳ᠋ᠤᠨᠢ ᠬᠢᠬᠦ ᠪᠤᠯᠤᠭᠰᠠᠨ ᠡᠴᠡ ᠢᠬᠡᠷ᠎ᠠ ᠬᠤᠷᠠᠭ᠎ᠠ ᠲᠤᠰᠴᠤ ᠪᠤᠢᠵᠢᠭᠤᠯᠬᠤ ᠪᠦᠷᠢᠨ ᠨᠦᠬᠦᠴᠡᠯ ᠲᠠᠢ ᠪᠤᠯᠪᠠ᠃ ᠪᠦᠬᠦ ᠤᠷᠤᠨ ᠤ᠋ ᠡᠯ᠎ᠠ ᠭᠠᠵᠠᠷ ᠤ᠋ᠨ ᠬᠢᠨ ᠮᠠᠯ ᠪᠡᠯᠴᠢᠬᠡᠷ ᠤ᠋ᠨ ᠲᠠᠩᠴᠡᠬᠦᠷᠢ ᠵᠢ ᠪᠠᠳᠤᠯᠠᠨ᠂ ᠪᠡᠯᠴᠢᠬᠡᠷ ᠤ᠋ᠨ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ ᠳ᠋ᠡᠬᠡᠨ ᠰᠢᠯᠢᠳᠡᠭ ᠡᠬᠦᠯᠳᠡᠷ ᠤ᠋ᠨ ᠮᠤᠩᠭᠤᠯ ᠬᠤᠨᠢ ᠡᠴᠡ ᠢᠬᠡᠷ᠎ᠠ ᠬᠤᠷᠠᠭ᠎ᠠ ᠲᠤᠰᠴᠦ ᠪᠤᠢᠵᠢᠭᠤᠯᠬᠤ ᠵᠢ ᠪᠤᠳᠤᠯᠬᠢᠯᠠᠵᠤ ᠪᠤᠯᠤᠨ᠎ᠠ》 ᠭᠡᠵᠦ ᠦᠪᠦᠷ ᠮᠤᠨᠭᠭᠤᠯ ᠤ᠋ᠨ ᠶᠡᠬᠡ ᠰᠤᠷᠭᠠᠭᠤᠯᠢ ᠶ᠋ᠢᠨ ᠤᠨᠴᠠ ᠤᠷᠢᠭᠰᠠᠨ ᠫᠷᠤᠹᠧᠰᠰᠤᠷ᠂ ᠮᠤᠨᠭᠭᠤᠯ ᠬᠤᠨᠢ ᠵᠢᠨ ᠦᠷᠡᠵᠢᠯ ᠤ᠋ᠨ ᠴᠢᠳᠠᠪᠤᠷᠢ ᠵᠢ ᠲᠠᠬᠡᠭᠰᠢᠯᠡᠬᠦᠯᠬᠦ ᠵᠠᠩᠭᠢᠯᠠᠭ᠎ᠠ ᠵᠢᠨ ᠮᠡᠷᠭᠡᠵᠢᠯ ᠤ᠋ᠨ ᠪᠤᠭᠤᠮᠳᠠ ᠱᠢᠪᠲᠤᠯᠬᠤ ᠰᠤᠳᠤᠯᠭᠠᠨ ᠳ᠋ᠤ ᠮᠡᠷᠬᠡᠵᠢᠯ ᠤ᠋ᠨ ᠲᠠᠮᠵᠢᠯᠬᠡ ᠬᠠᠩᠭᠠᠵᠤ ᠪᠠᠢᠭ᠎ᠠ ᠼᠤᠤ ᠬᠦᠢ ᠹᠠᠩ ᠫᠷᠤᠹᠧᠰᠰᠤᠷ ᠬᠡᠯᠡᠨ᠎ᠠ᠃
ᠦᠪᠤᠷ ᠮᠤᠩᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠬᠢᠨᠠᠨ ᠲᠤᠭᠳᠠᠭᠠᠬᠤ ᠲᠤᠰᠬᠠᠢ ᠮᠡᠷᠬᠡᠵᠢᠯᠳᠡᠨ ᠤ᠋ ᠲᠤᠭᠤᠢᠯᠠᠩ ᠡᠴᠡ ᠮᠤᠨᠭᠭᠤᠯ ᠬᠤᠨᠢ ᠵᠢᠨ ᠦᠷᠡᠵᠢᠯ ᠤ᠋ᠨ ᠴᠢᠳᠠᠪᠤᠷᠢ ᠵᠢ ᠲᠠᠬᠡᠭᠰᠢᠯᠡᠬᠦᠯᠬᠦ ᠵᠠᠩᠭᠢᠯᠠᠭ᠎ᠠ ᠵᠢᠨ ᠮᠡᠷᠭᠡᠵᠢᠯ ᠤ᠋ᠨ ᠪᠤᠭᠤᠮᠳᠠ ᠱᠢᠪᠲᠤᠯᠬᠤ ᠰᠤᠳᠤᠯᠭᠠᠨ ᠤ᠋ ᠦᠷ᠎ᠠ ᠪᠦᠳᠦᠬᠡᠯ ᠨᠢ ᠮᠤᠩᠭᠤᠯ ᠬᠤᠨᠢ ᠵᠢᠨ ᠡᠬᠦᠯᠳᠡᠷ ᠤᠳᠤᠮ ᠤ᠋ᠨ ᠴᠢᠳᠠᠪᠬᠢ ᠵᠢ ᠲᠠᠬᠡᠭᠰᠢᠯᠡᠬᠦᠯᠵᠤ᠂ ᠮᠢᠬᠠᠨ ᠤ᠋ ᠬᠤᠨᠢ ᠵᠢᠨ ᠠᠵᠤ ᠦᠢᠯᠡᠰ ᠤ᠋ᠨ ᠦᠪᠡᠷ ᠤ᠋ᠨ ᠦᠷᠳᠡᠭ ᠢ᠋ ᠪᠠᠭᠤᠷᠠᠭᠤᠯᠤᠨ ᠦᠷ᠎ᠠ ᠠᠰᠢᠭ ᠢ᠋ ᠨᠡᠮᠡᠭᠳᠡᠬᠦᠯᠬᠦ ᠳ᠋ᠤ ᠴᠢᠬᠤᠯᠠ ᠠᠴᠢ ᠬᠤᠯᠪᠤᠭᠳᠠᠯ ᠲᠠᠢ ᠬᠡᠵᠤ ᠮᠠᠭᠠᠳᠯᠠᠨ ᠲᠤᠭᠳᠠᠭᠠᠪᠠ᠃ ᠲᠤᠰ ᠰᠤᠳᠤᠯᠭᠠᠨ ᠤ᠋ ᠦᠷ᠎ᠠ ᠪᠦᠳᠦᠬᠡᠯ ᠢ᠋ ᠲᠦᠷᠬᠡᠳᠬᠡᠨ ᠬᠤᠪᠢᠷᠠᠭᠤᠯᠬᠤ ᠪᠡᠷ ᠤᠳᠤ ᠦᠪᠤᠷ ᠮᠤᠩᠭᠤᠯ ᠳ᠋ᠤ ᠮᠤᠩᠭᠤᠯ ᠬᠤᠨᠢ ᠵᠢᠨ ᠦᠷᠡᠵᠢᠯ ᠰᠠᠢᠳᠠᠢ ᠤᠳᠤᠮ ᠤ᠋ᠨ ᠭᠧᠨ ᠢ᠋ ᠱᠢᠯᠭᠠᠨ ᠪᠠᠢᠴᠠᠭᠠᠬᠤ ᠪᠡᠷ ᠲᠠᠮᠵᠢᠨ ᠢᠬᠡᠷ᠎ᠠ ᠲᠦᠯᠯᠡᠬᠦ 4 ᠭᠤᠤᠯᠳᠠᠯᠭᠠᠳᠦ ᠰᠦᠷᠦᠭ ᠪᠤᠯᠤᠨ 2 ᠦᠷᠡᠵᠢᠯ ᠤ᠋ᠨ ᠰᠦᠷᠦᠭ ᠭᠠᠷᠭᠠᠵᠦ᠂ 2000 ᠭᠠᠷᠤᠢ ᠮᠤᠩᠭᠤᠯ ᠬᠤᠨᠢ ᠵᠢ ᠰᠦᠷᠦᠭ ᠰᠠᠯᠭᠠᠨ ᠮᠠᠯᠵᠢᠵᠤ ᠪᠤᠢ᠃ 2022 — 2025 ᠤᠨ ᠳ᠋ᠦ ᠭᠠᠷ ᠬᠡᠬᠡᠯᠳᠦᠬᠦᠯᠬᠡ ᠬᠢᠬᠦ ᠪᠠ ᠬᠦᠪᠦᠷᠡᠯ ᠰᠢᠯᠵᠢᠬᠦᠯᠬᠦ ᠠᠵᠢᠯ ᠦᠷᠨᠢᠬᠦᠯᠵᠦ᠂ ᠡᠬᠦᠯᠳᠡᠷ ᠪᠤᠢᠵᠢᠭᠤᠯᠬᠤ ᠭᠤᠤᠯᠳᠠᠯᠭᠠᠳᠦ ᠰᠦᠷᠦᠭ ᠤ᠋ᠨ ᠢᠬᠡᠷᠡᠯᠡᠬᠦ ᠨᠤᠷᠮ᠎ᠠ 52% ᠲᠦ᠍ ᠬᠦᠷᠴᠠᠢ᠃ ᠡᠬᠦᠨ ᠤ᠋ ᠬᠠᠮᠳᠤ 2022 ᠤᠨ ᠳ᠋ᠦ ᠲᠤᠰᠤᠭᠰᠠᠨ ᠡᠷ᠎ᠠ ᠬᠤᠷᠠᠭ᠎ᠠ ᠪᠠᠨ ᠡᠨᠡ ᠵᠢᠯ ᠬᠤᠴᠠ ᠳᠠᠯᠪᠢᠵᠦ᠂ ᠦᠷᠡᠵᠢᠯ ᠤ᠋ᠨ ᠰᠦᠷᠦᠭ ᠢ᠋ ᠦᠷᠭᠡᠳᠬᠡᠨ᠂ ᠢᠬᠡᠷ᠎ᠠ ᠲᠦᠯᠯᠡᠬᠦ ᠮᠤᠩᠭᠤᠯ ᠬᠤᠨᠢ ᠵᠢᠨ ᠤᠳᠤᠮ ᠤ᠋ᠨ ᠭᠧᠨ ᠢ᠋ ᠠᠶᠠᠨᠳᠠᠭᠠᠨ ᠤ᠋ ᠦᠷᠡᠵᠢᠯ ᠲᠦᠯᠵᠢᠯ ᠤ᠋ᠨ ᠠᠷᠭ᠎ᠠ ᠪᠡᠷ ᠨᠡᠩ ᠦᠷᠭᠡᠨ ᠳᠠᠷᠬᠠᠭᠠᠵᠦ᠂ ᠢᠬᠡᠷ᠎ᠠ ᠲᠦᠯᠯᠡᠬᠦ ᠮᠤᠩᠭᠤᠯ ᠬᠤᠨᠢ ᠵᠢᠨ ᠤᠳᠤᠮ ᠢ᠋ ᠦᠷᠬᠡᠳᠬᠡᠵᠤ ᠪᠠᠢᠨ᠎ᠠ᠃
ᠮᠤᠨᠭᠭᠤᠯ ᠬᠤᠨᠢ ᠵᠢᠨ ᠦᠷᠡᠵᠢᠯ ᠤ᠋ᠨ ᠴᠢᠳᠠᠪᠤᠷᠢ ᠵᠢ ᠲᠠᠬᠡᠭᠰᠢᠯᠡᠬᠦᠯᠬᠦ ᠵᠠᠩᠭᠢᠯᠠᠭ᠎ᠠ ᠵᠢᠨ ᠮᠡᠷᠭᠡᠵᠢᠯ ᠤ᠋ᠨ ᠪᠤᠭᠤᠮᠳᠠ ᠱᠢᠪᠲᠤᠯᠬᠤ ᠰᠤᠳᠤᠯᠭᠠᠨ ᠤ᠋ ᠪᠦᠯᠬᠦᠮ ᠤ᠋ᠨ ᠳ᠋ᠦᠩᠨᠡᠯᠳᠡ ᠵᠢ ᠦᠨᠳᠤᠰᠤᠯᠡᠪᠡᠯ᠂ ᠡᠪᠤᠯ ᠪᠤᠶᠤ ᠬᠠᠪᠤᠷ ᠡᠷᠳᠡ ᠲᠤᠰᠤᠭᠰᠠᠨ ᠢᠬᠡᠷ᠎ᠠ ᠬᠤᠷᠠᠭ᠎ᠠ ᠵᠢ 9 ᠰᠠᠷ᠎ᠠ ᠪᠤᠯᠳᠠᠯ᠎ᠠ ᠲᠠᠵᠢᠬᠡᠭᠰᠡᠬᠡᠷ ᠭᠠᠷᠭᠠᠯᠳᠠ ᠬᠢᠵᠦ ᠪᠤᠯᠳᠠᠭ᠃ ᠡᠨᠡ ᠨᠢ ᠡᠪᠦᠯ ᠬᠠᠪᠤᠷ ᠤ᠋ᠨ ᠤᠯᠠᠷᠢᠯ ᠤ᠋ᠨ ᠡᠪᠡᠰᠦ ᠪᠤᠷᠳᠤᠭ᠎ᠠ ᠵᠢᠨ ᠨᠦᠬᠡᠴᠡᠯᠡᠯᠳᠡ ᠪᠠ ᠪᠡᠯᠴᠢᠬᠡᠷ ᠤ᠋ᠨ ᠳᠠᠷᠤᠭᠠᠰᠦ ᠵᠢ ᠶᠡᠬᠡ ᠪᠡᠷ ᠬᠦᠩᠬᠡᠷᠡᠬᠦᠯᠵᠤ᠂ ᠡᠬᠡ ᠮᠠᠯ ᠤ᠋ᠨ ᠲᠤᠭ᠎ᠠ ᠵᠢ ᠵᠦᠢ ᠵᠤᠬᠢᠰᠳᠠᠢ ᠪᠡᠷ ᠬᠢᠵᠠᠭᠠᠷᠯᠠᠵᠤ ᠪᠤᠯᠬᠤ ᠮᠦᠷᠳᠡᠭᠡᠨ ᠮᠠᠯᠴᠢᠳ ᠤ᠋ᠨ ᠤᠷᠤᠯᠭ᠎ᠠ ᠵᠢ ᠨᠡᠮᠡᠭᠳᠡᠬᠦᠯᠵᠦ ᠲᠠᠢᠯᠤᠨ᠎ᠠ᠃ 《ᠪᠢᠳᠡᠨ ᠤ᠋ ᠰᠤᠳᠤᠯᠭᠠᠨ ᠤ᠋ ᠠᠯᠤᠰ ᠤ᠋ᠨ ᠵᠤᠷᠢᠯᠳᠠ ᠪᠤᠶᠤ ᠠᠴᠢ ᠲᠤᠰᠠ ᠨᠢ ᠠᠮᠢ ᠠᠬᠤᠶ ᠵᠢ ᠤᠷᠢᠳ ᠢ᠋ᠶ᠋ᠠᠷ ᠪᠣᠳᠣᠯᠬᠢᠯᠠᠬᠤ ᠪᠣᠬᠢᠷᠲᠤᠯ ᠥᠬᠡᠶ ᠬᠥᠭ᠌ᠵᠢᠯᠲᠡ ᠪᠡᠷ ᠤᠳᠤᠷᠢᠳᠤᠮᠵᠢ ᠪᠣᠯᠭᠠᠭ᠍ᠰᠠᠨ ᠮᠠᠯ ᠠᠵᠤ ᠠᠬᠤᠶ ᠵᠢᠨ ᠴᠢᠨᠠᠷ ᠰᠠᠢᠲᠠᠶ ᠬᠥᠭ᠌ᠵᠢᠯᠲᠡ ᠵᠢᠨ ᠱᠢᠨ᠎ᠡ ᠵᠠᠮ ᠢ᠋ ᠬᠠᠢᠨ ᠰᠦᠪᠡᠭ᠌ᠴᠢᠯᠡᠵᠦ᠍᠂ ᠬᠦᠳᠡᠬᠡ ᠲᠤᠰᠬᠤᠨ ᠢ᠋ ᠪᠦᠬᠦ ᠲᠠᠯ᠎ᠠ ᠪᠡᠷ ᠬᠦᠭᠵᠢᠬᠦᠯᠦᠨ ᠮᠠᠨᠳᠤᠭᠤᠯᠬᠤ ᠪᠠ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠶ ᠵᠢᠨ ᠠᠮᠤᠷ ᠲᠦᠪᠱᠢᠨ ᠤ᠋ ᠬᠠᠯᠬᠠᠪᠴᠢ ᠵᠢᠨ ᠪᠥᠲᠥᠭᠡᠨ ᠪᠠᠢᠭᠤᠯᠤᠯᠲᠠ᠂ ᠤᠯᠤᠰ ᠤ᠋ᠨ ᠴᠢᠬᠤᠯᠠ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠳᠦᠭᠡᠭᠳᠡᠬᠦᠨ ᠤ᠋ ᠦᠢᠯᠡᠳᠪᠦᠷᠢᠯᠡᠯ ᠤ᠋ᠨ ᠰᠠᠭᠤᠷᠢᠨ ᠤ᠋ ᠪᠦᠳᠦᠬᠡᠨ ᠪᠠᠢᠭᠤᠯᠤᠯᠳᠠ ᠳ᠋ᠤ ᠬᠦᠴᠦᠨ ᠨᠡᠮᠡᠷᠢᠯᠡᠬᠦ ᠵᠢᠨ ᠲᠦᠯᠦᠬᠡ ᠶᠤᠮ》 ᠬᠡᠵᠤ ᠲᠦᠩ ᠪᠢᠨ ᠫᠷᠤᠹᠧᠰᠰᠤᠷ ᠬᠡᠯᠡᠵᠤ ᠪᠠᠢᠯ᠎ᠠ᠃