10 ᠰᠠᠷ᠎ᠠ ᠵᠢᠨ 18 ᠤ᠋ ᠡᠳᠦᠷ᠂ ᠦᠪᠦᠷ ᠮᠤᠩᠭᠤᠯ᠎ᠤᠨ ᠪᠠᠭᠰᠢ ᠵᠢᠨ ᠶᠡᠬᠡ ᠰᠤᠷᠭᠠᠭᠤᠯᠢ ᠵᠢᠨ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ᠎ᠤᠨ ᠳᠡᠦᠬᠡ ᠰᠤᠳᠤᠯᠬᠤ ᠬᠦᠷᠢᠶᠡᠯᠡᠩ ᠡᠴᠡ ᠭᠤᠤᠯᠯᠠᠨ ᠡᠷᠬᠢᠯᠡᠵᠤ᠂ ᠰᠢᠯᠢ ᠵᠢᠨ ᠭᠤᠤᠯ ᠠᠵᠢᠯ ᠮᠡᠷᠬᠡᠵᠢᠯ᠎ᠤᠨ ᠳᠡᠬᠡᠳᠤ ᠰᠤᠷᠭᠠᠭᠤᠯᠢ ᠵᠢᠨ 《ᠮᠤᠩᠭᠤᠯ ᠠᠳᠤᠭᠤ》 ᠰᠡᠳᠬᠦᠯ᠎ᠤᠨ ᠨᠠᠢᠷᠠᠭᠤᠯᠬᠤ ᠬᠡᠯᠳᠡᠰ ᠡᠴᠡ ᠬᠠᠮᠵᠢᠨ ᠡᠷᠬᠢᠯᠡᠭᠰᠡᠨ 《ᠮᠤᠩᠭᠤᠯ ᠮᠤᠷᠢᠨ᠎ᠤ ᠵᠤᠷᠢᠭ ᠰᠠᠨᠠᠭ᠎ᠠ》 ᠵᠢᠴᠢ ᠠᠳᠤᠭᠤᠨ ᠰᠤᠶᠤᠯ᠎ᠤᠨ ᠤᠯᠠᠨ ᠬᠠᠷᠠᠭᠠᠰᠤ᠎ᠳᠤ ᠡᠷᠳᠡᠮ ᠰᠢᠨᠵᠢᠯᠡᠬᠡᠨ᠎ᠤ ᠬᠤᠷᠠᠯ ᠬᠦᠬᠡᠬᠤᠳᠠ ᠳ᠋ᠤ ᠶᠠᠪᠤᠭᠳᠠᠪᠠ᠃
《ᠮᠤᠩᠭᠤᠯ ᠮᠤᠷᠢᠨ᠎ᠤ ᠵᠤᠷᠢᠭ ᠰᠠᠨᠠᠭ᠎ᠠ》 ᠵᠢᠨ ᠡᠬᠢ ᠡᠬᠦᠰᠦᠯ ᠪᠠ ᠭᠤᠤᠯ ᠠᠭᠤᠯᠤᠭᠳᠠᠬᠤᠨ ᠢ᠋ ᠬᠦᠨᠵᠡᠬᠡᠢ ᠠᠭᠤᠳᠠᠯᠵᠤ᠂ ᠠᠳᠤᠭᠤᠨ ᠰᠤᠶᠤᠯ᠎ᠤᠨ ᠰᠤᠳᠤᠯᠭᠠᠨ᠎ᠤ ᠬᠦᠷᠢᠶᠡᠨ ᠳ᠋ᠡᠬᠢ ᠬᠤᠰᠢᠭᠤᠷᠠᠯ ᠦᠷ᠎ᠠ ᠪᠦᠳᠦᠬᠡᠯ᠎ᠤᠨ ᠳᠤᠬᠠᠢ ᠰᠤᠯᠢᠯᠴᠠᠨ᠂ ᠠᠳᠤᠭᠤᠨ ᠰᠤᠶᠤᠯ᠎ᠤᠨ ᠰᠢᠯᠢᠳᠡᠭ ᠦᠪ ᠬᠦᠷᠦᠩᠬᠡ ᠵᠢ ᠤᠯᠠᠮᠵᠢᠯᠠᠨ ᠪᠠᠳᠠᠷᠠᠭᠤᠯᠵᠤ᠂ ᠠᠳᠤᠭᠤᠨ ᠰᠤᠶᠤᠯ᠎ᠤᠨ ᠬᠠᠮᠢᠶ᠎ᠠ ᠪᠦᠬᠦᠢ ᠰᠤᠳᠤᠯᠭᠠᠨ ᠢ᠋ ᠬᠦᠨᠵᠡᠬᠡᠢᠷᠡᠬᠦᠯᠦᠨ ᠠᠬᠢᠭᠤᠯᠬᠤ ᠵᠢᠨ ᠲᠦᠯᠦᠬᠡ ᠳᠤᠰ ᠤᠳᠠᠭ᠎ᠠ ᠵᠢᠨ ᠡᠷᠳᠡᠮ ᠰᠢᠨᠵᠢᠯᠡᠬᠡᠨ ᠤ᠋ ᠬᠤᠷᠠᠯ ᠢ᠋ ᠬᠤᠷᠠᠯᠳᠤᠭᠤᠭᠰᠠᠨ ᠪᠠᠢᠨ᠎ᠠ᠃

ᠣᠷᠣᠨ᠎ᠤ ᠳᠣᠲᠣᠨ᠎ᠠ ᠭᠠᠳᠠᠨ᠎ᠠ᠎ᠠᠴᠠ ᠢᠷᠡᠭᠰᠡᠨ ᠲᠤᠰᠬᠠᠢ ᠮᠡᠷᠭᠡᠵᠢᠯᠲᠡᠨ ᠡᠷᠳᠡᠮᠲᠡᠳ ᠨᠢᠭᠡ ᠲᠠᠩᠬᠢᠮ᠎ᠳᠤ ᠬᠤᠷᠠᠨ ᠴᠤᠭᠯᠠᠷᠠᠵᠤ᠂ ᠮᠣᠩᠭᠣᠯ ᠮᠣᠷᠢᠨ᠎ᠤ ᠵᠣᠷᠢᠭ᠋ ᠰᠠᠨᠠᠭ᠎ᠠ ᠵᠢᠨ ᠠᠭᠤᠯᠤᠭᠳᠠᠬᠤᠨ᠎ᠢ ᠠᠭᠤᠳᠠᠯᠬᠤ᠂ ᠠᠳᠤᠭᠤ ᠮᠠᠯᠵᠢᠬᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠲᠡᠦᠬᠡ ᠰᠣᠶᠣᠯ᠎ᠢ ᠬᠠᠢᠨ ᠰᠦᠪᠡᠭᠴᠢᠯᠡᠬᠦ᠂ ᠠᠳᠤᠭᠤᠨ ᠦᠢᠯᠡᠰ᠎ᠦᠨ ᠬᠥᠭᠵᠢᠯᠲᠡ᠎ᠶᠢᠨ ᠠᠷᠭ᠎ᠠ ᠵᠠᠮ᠎ᠢ ᠬᠠᠢᠨ ᠰᠦᠪᠡᠭᠴᠢᠯᠡᠬᠦ᠂ ᠠᠳᠤᠭᠤᠨ᠎ᠤ ᠭᠣᠣᠯ ᠰᠡᠳᠦᠪᠲᠦ ᠰᠣᠶᠣᠯ ᠤᠷᠠᠯᠢᠭ᠋᠎ᠤᠨ ᠪᠦᠲᠦᠭᠡᠯ᠎ᠢ ᠵᠣᠬᠢᠶᠠᠨ ᠪᠦᠲᠦᠭᠡᠬᠦ᠂ ᠠᠳᠤᠭᠤᠨᠰᠣᠶᠣᠯᠤᠨ ᠰᠤᠳᠤᠯᠭᠠᠨ᠎ᠤ ᠰᠢᠨ᠎ᠡ ᠦᠷ᠎ᠡ ᠪᠦᠲᠦᠭᠡᠯ᠎ᠢ ᠳᠡᠯᠭᠡᠷᠡᠭᠦᠯᠬᠦ ᠵᠡᠷᠭᠡ ᠭᠣᠣᠯ ᠰᠡᠳᠦᠪ᠎ᠦᠨ ᠲᠣᠭᠣᠷᠢᠨ᠎ᠳᠤ 17 ᠡᠷᠳᠡᠮᠳᠡᠨ ᠰᠤᠳᠤᠯᠭᠠᠳᠠᠨ ᠠᠳᠠᠯᠢ ᠪᠤᠰᠤ ᠬᠠᠷᠭᠠᠠᠰᠤ ᠡᠴᠡ ᠢᠯᠡᠳᠬᠡᠯ ᠬᠢᠵᠦ ᠪᠤᠳᠤᠯ ᠰᠠᠨᠠᠯ ᠵᠢᠡᠨ ᠬᠤᠪᠢᠶᠠᠯᠴᠠᠨ᠂ ᠮᠣᠩᠭᠣᠯ ᠮᠣᠷᠢᠨ᠎ᠤ ᠵᠣᠷᠢᠭ᠋ ᠰᠠᠨᠠᠭ᠎ᠠ᠎ᠶᠢ ᠪᠠᠳᠠᠷᠠᠭᠤᠯᠬᠤ᠂ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠵᠠᠯᠭᠠᠮᠵᠢᠯᠠᠬᠤ᠂ ᠠᠵᠤ ᠦᠢᠯᠡᠰ᠎ᠦᠨ ᠬᠥᠭᠵᠢᠯᠲᠡ᠎ᠳᠦ ᠦᠢᠯᠡᠴᠢᠯᠡᠬᠦ ᠵᠡᠷᠭᠡ ᠲᠠᠯ᠎ᠠ᠎ᠪᠠᠷ ᠪᠦᠲᠦᠮᠵᠢᠲᠡᠶ ᠪᠥᠭᠡᠳ ᠭᠦᠨᠵᠡᠭᠡᠢ ᠬᠠᠢᠨ ᠰᠦᠪᠡᠭᠴᠢᠯᠡᠯᠲᠡ ᠬᠢᠵᠡᠢ᠃


ᠬᠤᠷᠠᠯ ᠨᠢ ᠪᠦᠬᠦ ᠤᠯᠤᠰ᠎ᠤᠨ ᠬᠡᠪᠴᠢᠶ᠎ᠠ ᠳᠠᠢ ᠶᠠᠪᠤᠭᠳᠠᠵᠤ᠂ ᠲᠦᠪ᠎ᠤᠨ ᠦᠨᠳᠦᠰᠦᠳᠡᠨ᠎ᠤ ᠶᠡᠬᠡ ᠰᠤᠷᠭᠠᠭᠤᠯᠢ᠂ ᠤᠷᠤᠨ ᠤ᠋ ᠳᠤᠳᠤᠷᠠᠬᠢ ᠶᠡᠬᠡ ᠳᠡᠬᠡᠳᠤ ᠰᠤᠷᠭᠠᠭᠤᠯᠢ ᠵᠢᠴᠢ ᠡᠯ᠎ᠠ ᠠᠢᠮᠠᠭ ᠬᠤᠳᠠ᠂ ᠬᠦᠬᠡᠨᠠᠭᠤᠷ᠂ ᠰᠢᠨᠵᠢᠶᠡᠩ ᠵᠡᠷᠬᠡ ᠭᠠᠵᠠᠷ ᠡᠴᠡ ᠢᠷᠡᠭᠰᠡᠨ ᠳᠤᠰᠬᠠᠢ ᠮᠡᠷᠬᠡᠵᠢᠯᠳᠡᠨ ᠡᠷᠳᠡᠮᠳᠡᠨ ᠰᠤᠳᠤᠯᠭᠠᠳᠠᠨ ᠮᠠᠯᠴᠢᠨ 70 ᠭᠠᠷᠤᠢ ᠬᠦᠮᠦᠨ ᠤᠷᠤᠯᠴᠠᠪᠠ᠃

ᠬᠤᠷᠠᠯ ᠳᠡᠬᠡᠷ᠎ᠡ 《ᠮᠤᠩᠭᠤᠯ ᠠᠳᠤᠭᠤ ᠰᠤᠳᠤᠯᠤᠯ》 — 2023 ᠤᠨ ᠤ᠋ ᠪᠦᠬᠦ ᠤᠷᠤᠨ᠎ᠤ ᠠᠳᠤᠭᠤᠨ ᠰᠤᠶᠤᠯ᠎ᠤᠨ ᠰᠤᠳᠤᠯᠤᠨ ᠶᠠᠷᠢᠯᠴᠠᠬᠤ ᠬᠤᠷᠠᠯ᠎ᠤᠨ ᠦᠬᠦᠯᠡᠯ᠎ᠤᠨ ᠳᠡᠬᠦᠪᠦᠷᠢ ᠵᠢ ᠳᠠᠷᠬᠠᠭᠠᠭᠰᠠᠨ ᠪᠠᠢᠨ᠎ᠠ᠃ ᠳᠤᠰ ᠳᠡᠬᠦᠪᠦᠷᠢ ᠨᠢ ᠳᠡᠦᠬᠡ ᠰᠤᠷᠪᠤᠯᠵᠢᠰ ᠳᠡᠬᠢ ᠮᠤᠩᠭᠤᠯ ᠠᠳᠤᠭᠤ᠂ ᠠᠳᠤᠭᠤ ᠰᠤᠳᠤᠯᠤᠯ᠎ᠤᠨ ᠨᠤᠮ ᠬᠡᠪᠯᠡᠯ᠂ ᠠᠳᠤᠭᠤᠨ ᠳ᠋ᠤ ᠬᠤᠯᠪᠤᠭᠳᠠᠭᠰᠠᠨ ᠵᠠᠩ ᠦᠢᠯᠡ᠂ ᠦᠯᠢᠬᠡᠷ ᠳᠤᠮᠤᠭ᠂ ᠳᠠᠭᠤᠤ ᠪᠦᠵᠢᠭ᠂ ᠭᠠᠵᠠᠷ ᠤᠰᠤᠨ ᠤ᠋ ᠨᠡᠷᠡᠢᠳᠦᠯ᠂ ᠮᠤᠷᠢᠨ ᠤ᠋ ᠡᠳ᠋ᠯᠡᠯ ᠬᠡᠷᠡᠭᠰᠡᠯ ᠵᠡᠷᠬᠡ ᠤᠯᠠᠨ ᠳᠠᠯ᠎ᠠ ᠵᠢᠨ ᠠᠭᠤᠯᠭ᠎ᠠ ᠵᠢ ᠬᠠᠮᠤᠷᠴᠤ᠂ ᠮᠤᠩᠭᠤᠯ ᠠᠳᠤᠭᠤ ᠰᠤᠳᠤᠯᠤᠯ᠎ᠤᠨ ᠴᠢᠨᠠᠭᠰᠢᠳᠠ ᠵᠢᠨ ᠬᠦᠭᠵᠢᠯᠳᠡ ᠳ᠋ᠤ ᠡᠷᠳᠡᠮ ᠰᠢᠨᠵᠢᠯᠡᠬᠡᠨ᠎ᠤ ᠦᠨ᠎ᠠ ᠦᠷᠳᠡᠭ ᠪᠠ ᠪᠤᠳᠠᠳᠤ ᠬᠡᠷᠡᠭᠯᠡᠬᠡᠨ᠎ᠤ ᠠᠴᠢ ᠬᠤᠯᠪᠤᠭᠳᠠᠯ ᠳᠠᠢ ᠶᠤᠮ᠃ 《〈ᠮᠤᠩᠭᠤᠯ ᠠᠳᠤᠭᠤ〉 ᠰᠡᠳᠬᠦᠯ ᠨᠢ 2025 ᠤᠨ ᠤ᠋ ᠡᠬᠢ ᠪᠡᠷ 〈ᠮᠤᠩᠭᠤᠯ ᠮᠤᠷᠢᠨ᠎ᠤ ᠵᠤᠷᠢᠭ ᠰᠠᠨᠠᠭ᠎ᠠ〉 ᠪᠡᠷ ᠭᠤᠤᠯ ᠰᠡᠳᠦᠪᠯᠡᠬᠦᠨ ᠪᠤᠯᠭᠠᠭᠰᠠᠨ ᠳᠤᠰᠬᠠᠢ ᠳ᠋ᠤᠭᠠᠷ ᠵᠢᠡᠨ ᠬᠡᠪᠯᠡᠬᠦᠯᠬᠦ ᠪᠡᠷ ᠪᠡᠯᠡᠳᠬᠡᠵᠦ᠂ ᠳᠤᠰᠬᠠᠢ ᠨᠠᠢᠷᠠᠭᠤᠯᠬᠤ ᠺᠤᠮᠢᠰ ᠪᠠᠢᠭᠤᠯᠵᠤ᠂ ᠬᠠᠭᠠᠰ ᠵᠢᠯ ᠭᠠᠷᠤᠢ ᠵᠢᠨ ᠬᠤᠭᠤᠴᠠᠭᠠᠨ ᠳ᠋ᠤ ᠡᠬᠡ ᠪᠢᠴᠢᠭ ᠡᠯᠰᠡᠬᠦ᠂ ᠡᠬᠡ ᠪᠢᠴᠢᠭ ᠵᠢᠡᠨ ᠨᠠᠢᠷᠠᠭᠤᠯᠬᠤ᠂ ᠪᠠᠷᠯᠬᠤ ᠱᠠᠳᠤᠨ ᠳ᠋ᠤ ᠤᠷᠤᠵᠤ᠂ ᠡᠨᠡ ᠤᠳᠠᠭ᠎ᠠ ᠵᠢᠨ ᠬᠤᠷᠠᠯ ᠳᠡᠬᠡᠷ᠎ᠡ ᠳᠤᠰᠬᠠᠢ ᠳ᠋ᠤᠭᠠᠷ᠎ᠤᠨ ᠡᠬᠡ ᠪᠢᠴᠢᠭ ᠵᠢᠡᠨ ᠡᠷᠳᠡᠮᠳᠡᠨ ᠪᠠᠭᠰᠢ ᠵᠢᠡᠷ ᠬᠢᠨᠠᠯᠳᠠ ᠬᠢᠯᠬᠡᠬᠦ ᠵᠢᠴᠢ ᠳᠤᠰᠬᠠᠢ ᠰᠠᠨᠠᠯ ᠵᠦᠪᠯᠡᠯᠬᠡ ᠠᠪᠬᠤ ᠵᠢ ᠵᠤᠷᠢᠵᠠᠢ》 ᠬᠡᠵᠦ 《ᠮᠤᠩᠭᠤᠯ ᠠᠳᠤᠭᠤ》 ᠰᠡᠳᠬᠦᠯ᠎ᠤᠨ ᠡᠷᠬᠢᠯᠡᠨ ᠨᠠᠢᠷᠠᠭᠤᠯᠤᠭᠴᠢ ᠪᠦᠷᠢᠨᠪᠢᠯᠢᠭ ᠰᠤᠷᠪᠤᠯᠵᠢᠯᠠᠭ᠎ᠠ ᠬᠦᠯᠢᠶᠡᠬᠦ ᠳ᠋ᠡᠬᠡᠨ ᠬᠡᠯᠡᠪᠡ᠃
