— 《ᠨᠡᠢᠭᠡᠮ ᠵᠢᠷᠤᠮ ᠢ ᠠᠵᠢᠯᠯᠠᠵᠦ ᠪᠠᠢᠭᠠᠳ ᠪᠦᠲᠦᠭᠡᠭ᠌ᠰᠡᠨ ᠶᠤᠮ》 ᠭᠡᠬᠦ᠌ ᠱᠢᠷᠢᠰ ᠬᠦᠤᠷᠨᠢᠯ ᠱᠢᠭᠦᠮᠵᠢ (ᠨᠢᠭᠡ)
ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠣᠷᠢᠶ᠎ᠠ ᠵᠢᠨ ᠳᠥᠷᠪᠡᠳᠦᠭᠡᠷ ᠪᠦᠬᠦᠳᠡ ᠬᠤᠷᠠᠯ ᠤᠳᠠᠯ ᠦᠭᠡᠢ ᠬᠤᠷᠠᠯᠳᠤᠵᠤ᠂ ᠤᠯᠤᠰ ᠠᠷᠠᠳ᠎ᠤᠨ ᠠᠵᠤ ᠠᠬᠤᠢ ᠪᠠ ᠨᠡᠢᠭᠡᠮ᠎ᠦᠨ ᠬᠥᠭ᠌ᠵᠢᠯᠲᠡ᠎ᠶ᠋ᠢᠨ ᠠᠷᠪᠠᠨ ᠲᠠᠪᠤᠳᠤᠭᠠᠷ ᠲᠠᠪᠤᠨ ᠵᠢᠯ᠎ᠦᠨ ᠲᠥᠯᠥᠪᠵᠢᠭᠦᠯᠭᠡ᠎ᠶ᠋ᠢ ᠲᠣᠭ᠍ᠲᠠᠭᠠᠬᠤ ᠲᠤᠬᠠᠢ ᠰᠠᠨᠠᠭᠤᠯᠭ᠎ᠠ᠎ᠶ᠋ᠢ ᠰᠤᠳᠤᠯᠤᠨ᠎ᠠ᠃ ᠲᠡᠦᠬᠡ᠎ᠶ᠋ᠢᠨ ᠬᠥᠭ᠌ᠵᠢᠯᠲᠡ ᠪᠣᠯ ᠦᠷᠭᠦᠯᠵᠢᠯᠡᠬᠦ᠌ ᠴᠢᠨᠠᠷ ᠪᠠ ᠱᠠᠳᠤ ᠦᠶᠡᠴᠢ ᠴᠢᠨᠠᠷ᠎ᠤᠨ ᠨᠢᠭᠡᠳᠦᠯ ᠮᠥᠨ᠃ ᠳᠠᠯ᠎ᠠ ᠭᠠᠷᠤᠢ ᠵᠢᠯ᠎ᠦᠨ ᠲᠡᠮᠡᠴᠡᠯ᠎ᠦᠨ ᠶᠠᠪᠤᠴᠠ 《ᠠᠨᠭᠬᠠᠳᠤᠭᠠᠷ ᠲᠠᠪᠤᠨ ᠵᠢᠯ》 ᠡᠴᠡ 《ᠠᠷᠪᠠᠨ ᠳᠥᠷᠪᠡᠳᠦᠭᠡᠷ ᠲᠠᠪᠤᠨ ᠵᠢᠯ》 ᠬᠦᠷᠲᠡᠯ᠎ᠡ᠂ ᠲᠠᠪᠤ ᠲᠠᠪᠤᠨ ᠵᠢᠯ᠎ᠢᠶᠡᠷ᠂ ᠠᠯᠬᠤᠮ ᠠᠯᠬᠤᠮ᠎ᠢᠶᠠᠷ ᠤᠷᠤᠭ᠍ᠰᠢᠯᠠᠵᠤ᠂ ᠰᠦᠷ ᠬᠦᠴᠦᠨ ᠬᠤᠷᠢᠬ᠍ᠯᠠᠬ᠍ᠳᠠᠰᠢ ᠦᠭᠡᠢ ᠰᠡᠷᠭᠦᠨ ᠮᠠᠨᠳᠤᠯᠲᠠ᠎ᠶ᠋ᠢᠨ ᠠᠬᠢᠴᠠ ᠲᠡᠢᠰᠢ ᠤᠷᠤᠭ᠍ᠰᠢᠯᠠᠪᠠ᠃
ᠢᠷᠡᠭᠰᠡᠨ ᠵᠠᠮ᠎ᠢ ᠡᠷᠭᠢᠴᠡᠭᠦᠯᠬᠦᠶ᠎ᠡ᠂ 《ᠬᠦᠴᠢᠷ ᠪᠡᠷᠬᠡᠱᠢᠶᠡᠯ ᠪᠡᠷᠬᠡ ᠪᠠᠷᠳᠠᠭ᠎ᠠ ᠤᠯᠠᠨ》; ᠤᠷᠤᠬᠰᠢᠯᠠᠯᠳᠠ ᠵᠢᠨ ᠠᠶᠠᠨ᠎ᠢ ᠪᠠᠷᠠᠯᠠᠬᠤᠶ᠎ᠠ᠂ 《ᠲᠦᠳᠡ ᠵᠠᠮ ᠭᠡᠵᠦ᠍ ᠦᠭᠡᠢ᠂ ᠪᠣᠳᠠᠲᠠᠢ ᠠᠵᠢᠯᠯᠠᠬᠤ ᠯᠠ ᠬᠡᠷᠡᠭ᠌ᠲᠡᠢ》᠃ ᠳᠤᠮᠳᠠᠳᠤ ᠤᠯᠤᠰ᠎ᠤᠨ ᠡᠪ ᠬᠠᠮᠲᠤᠴᠤᠳ᠂ ᠠᠯᠢᠪᠠ ᠭᠡᠷᠡᠯ ᠰᠠᠴᠤᠷᠠᠩᠭᠤᠢ ᠠᠮᠵᠢᠯᠲᠠ ᠪᠦᠲᠦᠮᠵᠢ ᠪᠣᠯ ᠴᠥᠮ ᠬᠦᠴᠢᠷ ᠪᠡᠷᠬᠡᠱᠢᠶᠡᠯ᠎ᠢ ᠢᠯᠠᠨ ᠳᠠᠪᠠᠬᠤ ᠡᠭᠦᠳᠦᠨ ᠪᠦᠲᠦᠭᠡᠬᠦ᠌ ᠴᠢᠳᠠᠪᠤᠷᠢ᠎ᠳᠤ ᠦᠨᠳᠦᠰᠦᠯᠡᠭ᠌ᠰᠡᠨ ᠶᠤᠮ᠂ ᠴᠥᠮ ᠡᠷᠡᠮᠡᠭᠡᠢᠯᠡᠨ ᠲᠡᠮᠡᠴᠡᠵᠤ ᠪᠣᠳᠠᠲᠠᠢ ᠠᠵᠢᠯᠯᠠᠭ᠍ᠰᠠᠨ᠎ᠤ ᠠᠴᠢ ᠭᠠᠪᠢᠶ᠎ᠠ ᠶᠤᠮ ᠭᠡᠳᠡᠭ ᠢ᠋ ᠬᠦᠨᠵᠡᠭᠡᠢ ᠤᠢᠯᠠᠭᠠᠳᠠᠭ᠃
ᠨᠠᠢ᠍ᠮᠠᠨ ᠵᠠᠭᠤᠨ ᠭᠠᠵᠠᠷ᠎ᠤᠨ ᠲᠠᠢ ᠬᠠᠩ ᠱᠠᠨ ᠤ᠋ᠱᠤᠪᠬᠤ ᠤᠷᠭᠢᠯ ᠰᠡᠬᠦᠢᠨ ᠰᠦᠨᠳᠡᠷᠯᠡᠨ᠎ᠠ᠃ ᠠᠷᠪᠠᠨ ᠲᠦᠮᠡᠨ ᠤᠯᠠᠨ ᠲᠦᠮᠡᠨ ᠠᠷᠪᠠᠨ ᠵᠢᠯ ᠬᠠᠲᠠᠭᠤᠵᠢᠯᠲᠠᠢ ᠠᠵᠢᠯᠯᠠᠵᠤ᠂ ᠠᠰᠭ᠎ᠠ ᠬᠠᠳᠠ᠎ᠶ᠋ᠢᠨ ᠬᠣᠭᠣᠷᠣᠨᠳᠣ ᠨᠡᠪᠳᠡᠷᠡᠬᠦᠯᠦᠭᠰᠡᠨ 《ᠵᠣᠬᠢᠶᠠᠮᠠᠯ ᠲᠩᠷᠢ᠎ᠶ᠋ᠢᠨ ᠤᠶᠤᠳᠠᠯ》 ᠨᠢ ᠦᠨᠳᠦᠰᠦᠲᠡᠨ᠎ᠦ ᠬᠥᠱᠢᠢ᠎ᠡ ᠲᠡᠮᠳᠡᠭ᠎ᠢ ᠪᠤᠰᠭᠠᠵᠤ᠂ ᠪᠠᠯᠠᠷᠠᠰᠢ ᠦᠭᠡᠢ ᠵᠣᠷᠢᠭ ᠰᠠᠨᠠᠭ᠎ᠠ᠎ᠶ᠋ᠢ ᠰᠡᠢᠯᠪᠡ᠃
ᠨᠠᠮ᠎ᠤᠨ ᠬᠣᠷᠢᠳᠤᠭᠠᠷ ᠶᠡᠬᠡ ᠬᠤᠷᠠᠯ ᠲᠡᠭᠦᠰᠦᠭᠡᠳ ᠨᠢᠭᠡ ᠭᠠᠷᠠᠭ ᠪᠣᠯᠤᠯ ᠦᠭᠡᠢ ᠪᠡᠷ ᠶᠡᠷᠦᠩᠬᠡᠢ ᠱᠦᠵᠢ ᠰᠢ ᠵᠢᠨ ᠫᠢᠩ ᠪᠡᠭᠡᠵᠢᠩ᠎ᠡᠴᠡ ᠮᠤᠷᠳᠠᠮᠠᠬᠴᠠᠪᠠᠨ ᠤᠯᠠᠭᠠᠨ ᠲᠤᠭ ᠤᠰᠤᠨ ᠰᠤᠪᠠᠭ᠎ᠲᠤ ᠬᠦᠷᠴᠦ᠍᠄ 《ᠨᠡᠢᠭᠡᠮ ᠵᠢᠷᠤᠮ᠎ᠢ ᠲᠡᠮᠡᠴᠡᠵᠦ᠍ ᠪᠠᠢᠭᠠᠳ ᠪᠦᠳᠦᠭᠡᠭᠰᠡᠨ ᠶᠤᠮ᠂ ᠠᠵᠢᠯᠯᠠᠵᠤ ᠪᠠᠢᠭᠠᠳ ᠪᠦᠳᠦᠭᠡᠭᠰᠡᠨ ᠶᠤᠮ᠂ ᠠᠮᠢ ᠨᠠᠰᠤ᠎ᠪᠠᠷ᠎ᠢᠶᠠᠨ ᠰᠣᠯᠢᠵᠤ ᠠᠪᠴᠢᠷᠠᠬᠰᠡᠨ ᠶᠤᠮ᠂ ᠥᠩᠭᠡᠷᠡᠭ᠌ᠰᠡᠨ᠎ᠳᠦ ᠡᠢᠮᠦ᠍ ᠪᠠᠢᠭ᠍ᠰᠠᠨ᠂ ᠱᠢᠨ᠎ᠡ ᠴᠠᠭ ᠦᠶ᠎ᠡ ᠳ᠋ᠤ ᠨᠡᠩ ᠴᠦ᠍ ᠡᠢᠮᠦ᠍ ᠪᠠᠢᠬᠤ ᠬᠡᠷᠡᠭᠳᠡᠢ》 ᠭᠡᠵᠤ ᠬᠦᠨ ᠲᠦᠷᠦᠭᠳᠡᠯ ᠲᠠᠢ ᠬᠡᠯᠠᠪᠠ᠃
ᠨᠠᠮ᠎ᠤᠨ ᠠᠷᠪᠠᠨ ᠨᠠᠶ᠋ᠮᠠᠳᠤᠭᠠᠷ ᠶᠡᠬᠡ ᠬᠤᠷᠠᠯ᠎ᠤᠨ ᠳᠠᠷᠠᠭ᠎ᠠ ᠰᠠᠶᠢᠬᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠶᠡᠷᠦᠩᠬᠡᠶ ᠱᠦᠵᠢ᠎ᠪᠡᠷ ᠰᠣᠩᠭᠣᠭ᠍ᠳᠠᠭ᠍ᠰᠠᠨ ᠰᠢ ᠵᠢᠨ ᠫᠢᠩ 《ᠰᠡᠷᠭᠦᠨ ᠮᠠᠨᠳᠤᠯᠲᠠ᠎ᠶ᠋ᠢᠨ ᠵᠠᠮ》 ᠭᠡᠬᠦ᠌ ᠦᠵᠡᠰᠭᠦᠯᠡᠩ᠎ᠢ ᠲᠣᠭᠣᠷᠢᠨ ᠦᠵᠡᠵᠦ᠍᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠴᠠᠭ ᠦᠶ᠎ᠡ᠎ᠶ᠋ᠢᠨ ᠣᠷᠣᠨ ᠪᠠᠢᠷᠢ᠎ᠳᠤ ᠰᠠᠭᠤᠷᠢᠯᠠᠨ 《ᠬᠣᠭᠣᠰᠣᠨ ᠶᠠᠷᠢᠶ᠎ᠠ ᠲᠥᠷᠥ᠍ ᠭᠦᠷᠦᠨ ᠢ ᠰᠠᠭᠠᠳᠠᠭᠠᠵᠤ᠂ ᠪᠣᠳᠠᠲᠠᠶ ᠠᠵᠢᠯᠯᠠᠬᠤ ᠨᠢ ᠤᠯᠤᠰ ᠬᠡᠷ᠎ᠢ ᠮᠠᠨᠳᠤᠭᠤᠯᠤᠨ᠎ᠠ》 ᠭᠡᠬᠦ᠌ ᠢᠯᠡ ᠲᠣᠳᠣᠷᠬᠠᠢ ᠲᠤᠩᠬᠠᠭ᠍ᠯᠡᠪᠡ᠃
ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ ᠲᠡᠭᠦᠰᠦᠭᠡᠳ ᠳᠡᠮᠡᠢ ᠤᠳᠠᠭ᠍ᠰᠠᠨ ᠦᠭᠡᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠩᠬᠠᠳᠤᠭᠠᠷ ᠶᠡᠬᠡ ᠬᠤᠷᠠᠯ ᠬᠤᠷᠠᠯᠳᠤᠬᠰᠠᠨ ᠭᠠᠵᠠᠷ ᠲᠤ᠌ ᠢᠷᠡᠵᠥ᠍ ᠤᠭ ᠰᠠᠨᠠᠭ᠎ᠠ᠎ᠪᠠᠨ ᠲᠠᠬᠢᠨ ᠡᠷᠭᠢᠴᠡᠭᠦᠯᠵᠦ᠍᠄ 《ᠪᠦᠬᠦ᠌ ᠨᠠᠮ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ ᠪᠦᠯᠬᠦᠮᠳᠡᠨ ᠨᠢᠭᠡᠳᠴᠦ᠍᠂ ᠱᠢᠷᠭᠠᠭᠤ ᠠᠵᠢᠯᠯᠠᠵᠤ ᠪᠣᠳᠠᠲᠠᠢ ᠠᠵᠢᠯᠯᠠᠳᠠᠭ ᠯᠠ ᠶᠤᠮ ᠪᠣᠯ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢᠨ ᠲᠤᠮᠤ ᠬᠥᠯᠭᠡ ᠣᠩᠭᠣᠴᠠ ᠯᠠᠪᠲᠠᠢ ᠰᠠᠯᠬᠢ ᠳᠠᠪᠠᠯᠭᠠᠨ᠎ᠢ ᠵᠦᠰᠦᠨ᠂ ᠭᠡᠷᠡᠯ ᠰᠠᠴᠤᠷᠠᠩᠭᠤᠢ ᠲᠡᠷᠲᠡᠭᠡ ᠡᠷᠭᠢ ᠵᠦᠭ ᠢᠯᠠᠯᠲᠠ᠎ᠲᠠᠶ᠎ᠪᠠᠷ ᠤᠷᠤᠭ᠍ᠰᠢᠯᠠᠵᠤ ᠴᠢᠳᠠᠨ᠎ᠠ》 ᠬᠡᠵᠤ ᠤᠮᠤᠬᠯᠠᠩ ᠪᠠᠳᠤᠳᠠᠢ ᠦᠬᠦᠯᠡᠵᠤ ᠪᠢᠯᠠ᠃
ᠲᠡᠦᠬᠡ ᠵᠢᠨ ᠬᠦᠷᠳᠤ ᠵᠠᠩᠭᠢᠯᠠᠭ᠎ᠠ᠎ᠶ᠋ᠢᠨ ᠠᠶᠠᠯᠠᠯ᠎ᠤᠨ ᠴᠡᠭ ᠲᠤ᠌ ᠬᠦᠷᠬᠦ᠌ ᠪᠦᠷᠢ ᠱᠢᠨ᠎ᠡ ᠴᠠᠭ ᠦᠶ᠎ᠡ᠎ᠶ᠋ᠢᠨ ᠠᠶᠠᠯᠠᠯ᠎ᠢ ᠵᠠᠮᠴᠢᠯᠠᠭ᠍ᠴᠢ ᠢᠮᠠᠭ᠍ᠲᠠ ᠢᠳᠡ ᠬᠦᠴᠦᠲᠡᠢ ᠪᠣᠳᠠᠲᠠᠢ ᠠᠵᠢᠯᠯᠠᠬᠤ ᠲᠤᠩᠬᠠᠭ᠎ᠢ ᠨᠡᠢᠳᠡᠯᠡᠳᠡᠭ᠃
ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠡᠶᠡᠯᠡᠭᠦᠯᠬᠦ᠌᠎ᠳᠦ ᠪᠣᠳᠠᠲᠠᠢ ᠠᠵᠢᠯᠯᠠᠬᠤ᠎ᠳᠤ ᠲᠦᠱᠢᠭ᠌ᠯᠡᠵᠦ᠍᠂ ᠣᠳᠣᠬᠢᠴᠢᠯᠠᠯᠲᠠ᠎ᠶ᠋ᠢ ᠦᠨᠳᠦᠰᠦᠨ᠎ᠳᠡᠭᠡᠨ ᠪᠡᠶᠡᠯᠡᠭᠦᠯᠬᠦ᠌᠎ᠳᠦ ᠪᠣᠳᠠᠲᠠᠢ ᠠᠵᠢᠯᠯᠠᠬᠤ᠎ᠳᠤ ᠲᠦᠱᠢᠭ᠌ᠯᠡᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠳᠦ ᠪᠣᠳᠠᠲᠠᠢ ᠠᠵᠢᠯᠯᠠᠬᠤ᠎ᠳᠤ ᠲᠦᠱᠢᠭ᠌ᠯᠡᠨᠠ ᠁ ᠭᠠᠭ᠍ᠴᠠ ᠬᠦ᠌ ᠴᠦᠬᠦᠷᠡᠰᠢ ᠦᠬᠡᠢ ᠲᠡᠮᠡᠴᠡᠪᠡᠯ ᠰᠠᠶᠢ ᠭᠡᠷᠡᠯ ᠰᠠᠴᠤᠷᠠᠩᠭᠤᠢ ᠠᠮᠵᠢᠯᠲᠠ᠎ᠶ᠋ᠢ ᠡᠭᠦᠳᠴᠦ᠍ ᠴᠢᠳᠠᠨ᠎ᠠ; ᠪᠣᠳᠠᠲᠠᠢ ᠠᠵᠢᠯᠯᠠᠪᠠᠯ ᠰᠠᠶᠢ ᠬᠦᠴᠢᠷ᠎ᠢ ᠲᠤᠭᠤᠯᠤᠨ ᠪᠡᠷᠬᠡ ᠵᠢ ᠳᠠᠪᠠᠵᠤ ᠴᠢᠳᠠᠨ᠎ᠠ᠃
ᠪᠡᠶ᠎ᠠ ᠪᠡᠷ᠎ᠢᠶᠡᠨ ᠦᠢᠯᠡᠳᠦᠯᠬᠡᠵᠢᠬᠦᠯᠵᠤ ᠦᠨᠡᠨ ᠬᠦ᠌ ᠠᠳᠭᠤᠨ ᠪᠣᠳᠠᠲᠠᠢ ᠠᠵᠢᠯᠯᠠᠨ᠎ᠠ᠂ ᠡᠨᠡ ᠪᠣᠯ ᠱᠢᠷ᠎ᠠ ᠬᠥᠷᠥᠰᠥᠲᠦ ᠭᠠᠵᠠᠷ ᠡᠴᠡ ᠤᠯᠠᠭᠠᠨ ᠬᠥᠷᠥᠰᠥᠲᠦ ᠭᠠᠵᠠᠷ ᠬᠦᠷᠳᠡᠯ᠎ᠡ ᠵᠠᠮ ᠲᠤᠵᠢ ᠶᠠᠪᠤᠵᠤ ᠢᠷᠡᠭᠰᠡᠨ ᠢᠯᠡ ᠲᠣᠳᠣ ᠵᠠᠩ ᠴᠢᠨᠠᠷ —
ᠱᠠᠨᠰᠢ ᠮᠤᠵᠢ᠎ᠶ᠋ᠢᠨ ᠬᠣᠢᠲᠤ ᠬᠡᠰᠡᠭ᠎ᠲᠦ ᠬᠦᠳᠡᠬᠡᠪᠠᠭᠤᠵᠤ᠂ ᠬᠠᠱᠢᠯᠭ᠎ᠠ ᠪᠤᠰᠭᠠᠨ ᠲᠠᠷᠢᠶᠠᠨ ᠭᠠᠵᠠᠷ ᠭᠠᠷᠭᠠᠨ᠂ ᠨᠠᠮᠤᠭ᠎ᠤᠨ ᠬᠡᠢ᠎ᠶ᠋ᠢᠨ ᠴᠦᠬᠦᠷᠦᠮ ᠪᠠᠢᠭᠤᠯᠵᠤ᠂ ᠲᠡᠮᠦᠷ ᠵᠠᠮ᠎ᠤᠨ ᠬᠤᠷᠱᠢᠶ᠎ᠠ ᠪᠠᠢᠭᠤᠯᠵᠦ᠂ 7 ᠵᠢᠯ ᠠᠵᠢᠯᠯᠠᠪᠠ᠃ ᠨᠢᠭᠡᠳᠦᠯ᠎ᠦᠨ ᠨᠠᠮ᠎ᠤᠨ ᠬᠣᠷᠢᠶ᠎ᠠ ᠰᠡᠬᠡᠭᠡᠲᠡᠨ ᠰᠢ ᠵᠢᠨ ᠫᠢᠩ᠎ᠦᠨ ᠨᠠᠮ᠎ᠳᠤ ᠣᠷᠣᠬᠤ ᠠᠰᠠᠭᠤᠳᠠᠯ᠎ᠢ ᠶᠠᠷᠢᠯᠴᠠᠵᠤ᠂ ᠤᠯᠠᠨ᠎ᠢᠶᠠᠷ᠎ᠢᠶᠠᠨ 《ᠦᠢᠯᠡᠳᠪᠦᠷᠢᠯᠡᠯ ᠬᠥᠳᠡᠯᠮᠦᠷᠢ᠎ᠶ᠋ᠢᠨ ᠳᠤᠮᠳᠠ ᠬᠠᠲᠠᠭᠤᠵᠢᠯᠲᠠᠢ ᠠᠵᠢᠯᠯᠠᠵᠤ ᠪᠣᠳᠠᠲᠠᠢ ᠠᠵᠢᠯᠯᠠᠬᠤ ᠵᠣᠷᠢᠭ ᠰᠠᠨᠠᠭ᠎ᠠ᠎ᠲᠠᠶ》 ᠭᠡᠵᠦ᠍ ᠰᠠᠨᠠᠯ ᠨᠢᠭᠡᠲᠡᠢ ᠢᠯᠡᠳᠭᠡᠵᠡᠭᠡᠪᠡ᠃
ᠬᠣᠵᠢᠮ ᠨᠢ ᠤᠯᠠᠨ ᠲᠦᠮᠡᠨ᠎ᠦ ᠳᠤᠮᠳᠠ ᠬᠦᠷᠴᠦ᠍ ᠦᠨᠡᠨ ᠪᠣᠳᠠᠲᠠᠢ ᠠᠵᠢᠯ ᠬᠢᠬᠦ ᠵᠢᠨ ᠲᠥᠯᠥᠭᠡ ᠾᠸᠪᠸᠢ ᠵᠢᠨ ᠳᠤᠮᠳᠠ ᠬᠡᠰᠡᠭ᠎ᠦᠨ ᠦᠨᠳᠦᠰᠦᠨ ᠱᠠᠲᠤᠨ᠎ᠳᠤ ᠠᠵᠢᠯᠯᠠᠬᠤ᠎ᠪᠠᠷ ᠭᠤᠶᠤᠴᠢᠯᠠᠵᠤ᠂ ᠬᠦᠴᠦ᠍ ᠣᠷᠣᠭᠤᠯᠤᠨ ᠪᠢᠴᠢᠭᠮᠠᠲᠸᠷᠢᠶᠠᠯ ᠲᠤᠭᠤᠷᠪᠢᠵᠦ᠍᠂ ᠬᠤᠷᠠᠯᠬᠤᠢ ᠳ᠋ᠤ ᠤᠷᠤᠯᠴᠠᠵᠤ᠂ ᠵᠢᠩᠬᠢᠨᠢ ᠦᠨᠡᠨ ᠪᠣᠳᠠᠲᠠᠢ ᠠᠵᠢᠯᠯᠠᠪᠠ᠃
ᠹᠦᠵᠢᠶᠠᠨ᠎ᠳᠤ 《ᠪᠠᠷᠢᠨ ᠲᠤᠤᠷ᠎ᠠ ᠨᠢ ᠬᠦᠢᠴᠡᠳᠬᠡᠵᠤ᠂ ᠦᠨᠡᠨ ᠬᠦ᠌ ᠠᠳᠭᠤᠨ ᠪᠣᠳᠠᠲᠠᠢ ᠠᠵᠢᠯᠯᠠᠬᠤ》 ᠵᠢ ᠰᠠᠨᠠᠭᠠᠴᠢᠯᠠᠵᠤ᠂ 《ᠶᠠᠳᠠᠭᠤ᠎ᠡᠴᠡ ᠠᠩᠭᠢᠵᠢᠷᠠᠬᠤ ᠨᠢ》 ᠭᠡᠬᠦ᠌ ᠵᠣᠬᠢᠶᠠᠯ᠎ᠤᠨ ᠲᠡᠭᠦᠰᠭᠡᠯ᠎ᠤᠨ ᠦᠭᠡᠨ᠎ᠳᠡᠭᠡᠨ᠄ 《ᠪᠢ ᠪᠣᠯ ᠪᠤᠳᠠᠳᠠᠢ ᠠᠵᠢᠯᠯᠠᠭ᠎ᠠ᠎ᠶ᠋ᠢ ᠡᠷᠬᠢᠮᠯᠡᠳᠡᠭ》 ᠭᠡᠵᠦ ᠰᠢᠭᠤᠷᠬᠠᠢ ᠪᠢᠴᠢᠪᠡ᠃
ᠵᠧᠵᠢᠶᠠᠩ ᠮᠤᠵᠢ᠎ᠳᠤ ᠭᠤᠤᠯ ᠲᠤᠰᠢᠶᠠᠯ ᠬᠠᠷᠢᠭᠤᠴᠠᠬᠤ᠎ᠳᠠᠭᠠᠨ 《ᠵᠠᠰᠠᠭ ᠪᠠᠷᠢᠬᠤ᠎ᠶ᠋ᠢᠨ ᠶᠣᠰᠣ᠂ ᠡᠷᠬᠢᠮ ᠢᠨᠤ ᠪᠣᠳᠠᠲᠠᠢ ᠠᠵᠢᠯᠯᠠᠬᠤ ᠳ᠋ᠤ ᠪᠤᠢ》 ᠭᠡᠵᠦ᠍ ᠴᠢᠬᠤᠯᠠᠴᠢᠯᠠᠵᠤ᠂ 《ᠪᠣᠳᠠᠲᠠᠢ ᠠᠵᠢᠯᠯᠠᠵᠤ᠂ ᠡᠮᠦᠨ᠎ᠡ ᠡᠩᠨᠡᠭᠡᠨ᠎ᠳᠦ ᠶᠠᠪᠤᠬᠤ ᠬᠡᠷᠡᠭ᠌ᠲᠡᠢ》 ᠭᠡᠵᠦ᠍ ᠤᠷᠢᠶᠠᠯᠠᠵᠤ᠂ ᠬᠡᠯᠪᠡᠷᠢ᠎ᠪᠡᠨ ᠬᠤᠪᠢᠷᠠᠭᠤᠯᠤᠨ ᠬᠥᠭ᠌ᠵᠢᠬᠦ᠌᠂ ᠳᠠᠪᠠᠭ᠎ᠠ ᠳᠠᠪᠠᠵᠤ ᠪᠡᠷᠬᠡ᠎ᠶ᠋ᠢ ᠲᠤᠭᠤᠯᠬᠤ ᠬᠦᠴᠢᠷ ᠠᠰᠠᠭᠤᠳᠠᠯ᠎ᠢ ᠱᠢᠢᠳᠪᠦᠷᠢᠯᠡᠪᠡ᠃
ᠠᠩᠬ᠎ᠠ ᠱᠠᠩᠬᠠᠢ᠎ᠳᠤ ᠬᠦᠷᠴᠤ ᠠᠵᠢᠯᠯᠠᠬᠤ ᠳ᠋ᠠᠭᠠᠨ 《ᠨᠢᠭᠡ ᠰᠡᠳᠭᠢᠯ ᠢᠶᠡᠷ ᠨᠡᠢᠲᠡ᠎ᠶ᠋ᠢᠨ ᠲᠥᠯᠥᠭᠡ ᠵᠢᠳᠬᠦᠵᠦ᠍᠂ ᠠᠯᠢᠪᠠ ᠪᠦᠬᠦᠨ᠎ᠳᠦ ᠪᠣᠳᠠᠲᠠᠢ᠎ᠶ᠋ᠢ ᠯᠠ ᠡᠷᠬᠢᠮᠯᠡᠵᠦ᠍᠂ ᠲᠥᠪ ᠰᠤᠷᠲᠠᠯ᠎ᠲᠠᠶ》ᠪᠠᠢᠬᠤ᠎ᠪᠠᠷ ᠥᠪᠡᠷ᠎ᠢ᠎ᠪᠡᠨ ᠵᠣᠷᠢᠭ᠍ᠵᠢᠭᠤᠯᠵᠤ᠂ ᠱᠠᠩᠬᠠᠢ᠎ᠶ᠋ᠢᠨ ᠦᠷᠭᠦᠯᠵᠢᠯᠡᠨ ᠥᠭᠡᠷᠡᠴᠢᠯᠡᠯᠲᠡ ᠨᠡᠬᠡᠬᠡᠯᠳᠡ᠎ᠶ᠋ᠢᠨ ᠬᠣᠱᠢᠭᠤᠴᠢ ᠪᠣᠯᠬᠤ᠎ᠶ᠋ᠢ ᠬᠦᠳᠦᠯᠦᠨ ᠳᠠᠭᠠᠭᠤᠯᠪᠠ᠃
ᠨᠠᠮ᠎ᠤᠨ ᠠᠷᠪᠠᠨ ᠨᠠᠶ᠋ᠮᠠᠳᠤᠭᠠᠷ ᠶᠡᠬᠡ ᠬᠤᠷᠠᠯ᠎ᠡᠴᠡ ᠨᠠᠭᠠᠰᠢ ᠶᠡᠷᠦᠩᠬᠡᠶ ᠱᠦᠵᠢ ᠰᠢ ᠵᠢᠨ ᠫᠢᠩ ᠢᠮᠠᠭ᠍ᠲᠠ ᠪᠡᠶ᠎ᠡ᠎ᠪᠡᠷ᠎ᠢᠶᠡᠨ ᠬᠡᠪ ᠲᠦᠷᠢᠮ ᠪᠣᠯᠵᠣ᠂ ᠲᠦᠷᠦᠭᠦᠯᠡᠨ ᠥᠯᠢᠭᠡᠷ ᠳᠠᠭᠤᠷᠢᠶᠠᠯ ᠪᠣᠯᠵᠣ᠂ ᠪᠣᠳᠠᠲᠠᠶ ᠠᠵᠢᠯᠯᠠᠭ᠍ᠴᠢ᠎ᠶ᠋ᠢᠨ ᠲᠦᠱᠢᠭ ᠲᠤᠯᠭᠠᠭᠤᠷᠢ ᠪᠣᠯᠵᠣ᠂ ᠪᠣᠳᠠᠲᠠᠶ ᠠᠵᠢᠯᠯᠠᠭ᠍ᠴᠢ᠎ᠶ᠋ᠢᠨ ᠡᠷᠴᠢ ᠵᠣᠷᠢᠭ᠎ᠢ ᠬᠥᠪᠴᠢᠯᠡᠬᠦ᠌᠎ᠶ᠋ᠢ ᠴᠢᠬᠤᠯᠠᠴᠢᠯᠠᠵᠤ᠂ ᠢᠳᠡᠷ ᠵᠠᠯᠠᠭᠤ ᠺᠠᠳ᠋ᠷᠴᠤᠳ᠎ᠢ 《ᠮᠡᠳᠡᠬᠦᠶ ᠬᠢᠬᠦᠶ ᠪᠡᠨ ᠨᠢᠭᠡᠳᠭᠡᠬᠦ᠌᠎ᠶ᠋ᠢ ᠪᠠᠷᠢᠮᠲᠠᠯᠠᠵᠤ᠂ ᠦᠨᠡᠨ ᠬᠦ᠌ ᠠᠳᠭᠤᠨ ᠪᠣᠳᠠᠲᠠᠶ ᠠᠵᠢᠯᠯᠠᠬᠤ ᠬᠡᠷᠡᠭ᠌ᠲᠡᠶ》᠂ 《ᠪᠣᠳᠠᠲᠠᠶ ᠬᠢᠬᠦ᠌ ᠠᠵᠢᠯᠯᠠᠭ᠍ᠴᠢ ᠪᠣᠯᠵᠣ᠂ ᠬᠣᠭᠣᠰᠣᠨ ᠦᠭᠡ ᠶᠠᠷᠢᠵᠤ ᠪᠤᠳᠠᠳᠤ ᠦᠷ᠎ᠠ ᠪᠦᠳᠦᠮᠵᠢ ᠦᠬᠡᠢ ᠪᠠᠢᠵᠤ ᠪᠤᠯᠬᠤ ᠦᠬᠡᠢ》 ᠭᠡᠵᠦ᠍ ᠦᠨᠡᠨ ᠰᠡᠳᠭᠢᠯ᠎ᠡᠴᠡ᠎ᠪᠡᠨ ᠰᠤᠷᠭᠠᠭ᠍ᠰᠠᠭᠠᠷ ᠢᠷᠡᠵᠡᠶ᠃
ᠦᠨᠡᠨ᠎ᠡᠴᠡ ᠵᠥᠪ᠎ᠢ ᠡᠷᠢᠵᠦ᠍᠂ ᠮᠡᠳᠡᠬᠦᠢ ᠬᠢᠬᠦᠢ᠎ᠶ᠋ᠢ ᠨᠢᠭᠡᠳᠭᠡᠬᠦ᠌ ᠪᠣᠯ ᠳᠤᠮᠳᠠᠳᠤ᠎ᠶ᠋ᠢᠨ ᠪᠣᠯᠪᠠᠰᠤᠨ᠎ᠤ ᠬᠥᠭ᠌ᠵᠢᠯᠲᠡ᠎ᠶ᠋ᠢᠨ ᠶᠠᠪᠤᠴᠠ᠎ᠳᠤ ᠲᠤᠭᠤᠰᠢᠯᠠᠭ᠍ᠳᠠᠭ᠍ᠰᠠᠨ ᠤᠶᠤᠨ ᠰᠠᠨᠠᠭᠠᠨ᠎ᠤ ᠴᠤᠭ ᠵᠢᠪᠬᠤᠭ᠎ᠠ ᠮᠥᠨ —
2018 ᠣᠨ᠎ᠤ 3 ᠰᠠᠷ᠎ᠠ᠎ᠳᠤ᠂ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠠᠩᠬᠠᠳᠤᠭᠠᠷ ᠬᠤᠷᠠᠯ ᠳᠡᠭᠡᠷ᠎ᠡ ᠶᠡᠷᠦᠩᠬᠡᠢ ᠱᠦᠵᠢ ᠰᠢ ᠵᠢᠨ ᠫᠢᠩ ᠡᠨᠡ ᠬᠦ᠌ ᠥᠨᠢ ᠤᠳᠠᠭᠠᠨ ᠲᠡᠦᠬᠡ᠎ᠲᠡᠶ ᠨᠤᠲᠤᠭ ᠳᠡᠪᠢᠰᠭᠡᠷ ᠳᠡᠭᠡᠷ᠎ᠡ ᠦᠶ᠎ᠡ᠎ᠶ᠋ᠢᠨ ᠦᠶ᠎ᠡ ᠦᠷᠬᠦᠯᠵᠢᠯᠡᠨ ᠬᠦᠭᠵᠢᠵᠤ ᠢᠷᠡᠭ᠌ᠰᠡᠨ ᠠᠭᠤᠤ ᠶᠡᠬᠡ ᠦᠢᠯᠡᠳᠦᠯᠭᠡ᠂ ᠠᠭᠤᠤ ᠶᠡᠬᠡ ᠵᠣᠷᠢᠭ ᠰᠠᠨᠠᠭ᠎ᠠ᠎ᠶ᠋ᠢ ᠭᠦᠨ ᠰᠡᠳᠭᠢᠯᠭᠡ᠎ᠲᠡᠶ ᠡᠷᠭᠢᠴᠡᠭᠦᠯᠪᠡ᠄ 《ᠳᠡᠯᠡᠬᠡᠢ ᠳᠡᠭᠡᠷ᠎ᠡ ᠵᠦᠭᠡᠷ ᠰᠠᠭᠤᠵᠤ ᠪᠡᠯᠡᠨ᠎ᠢ ᠢᠳᠡᠬᠦ᠌ ᠰᠠᠢ᠌ᠨ ᠶᠠᠪᠤᠳᠠᠯ ᠭᠡᠵᠦ᠍ ᠪᠠᠢᠬᠤ ᠦᠭᠡᠢ᠂ ᠵᠣᠯ ᠵᠢᠷᠭᠠᠯ᠎ᠲᠠᠶ ᠠᠮᠢᠳᠤᠷᠠᠶ᠎ᠠ ᠭᠡᠪᠡᠯ ᠵᠠᠪᠠᠯ ᠲᠡᠮᠡᠴᠡᠬᠦ᠌ ᠬᠡᠷᠡᠭ᠌ᠲᠡᠢ ᠭᠡᠳᠡᠭ᠎ᠢ ᠳᠤᠮᠳᠠᠳᠤ ᠤᠯᠤᠰ᠎ᠤᠨ ᠠᠷᠠᠳ ᠲᠦᠮᠡᠨ ᠡᠷᠲᠡᠨ᠎ᠡᠴᠡ ᠠᠪᠤᠭᠠᠳ ᠮᠡᠳᠡᠳᠡᠭ ᠶᠤᠮ》᠃
ᠲᠠᠪᠤᠨ ᠮᠢᠩᠭᠠᠨ ᠵᠢᠯ᠎ᠦᠨ ᠲᠤᠷᠰᠢ ᠳᠤᠮᠳᠠᠳᠤ ᠤᠯᠤᠰ᠎ᠤᠨ ᠠᠷᠠᠳ ᠲᠦᠮᠡᠨ ᠬᠠᠭᠤᠴᠢᠨ᠎ᠢᠶᠠᠨ ᠥᠭᠡᠷᠡᠴᠢᠯᠡᠵᠦ᠍ ᠱᠢᠨ᠎ᠡ᠎ᠶ᠋ᠢ ᠪᠠᠢᠭᠤᠯᠤᠨ᠂ ᠠᠭᠤᠯᠠ ᠤᠰᠤ᠎ᠶ᠋ᠢ ᠦᠬᠡᠷᠡᠴᠢᠯᠡᠨ᠂ ᠠᠲᠠᠷ ᠬᠠᠭᠠᠯᠪᠤᠷᠢᠯᠠᠨ ᠠᠮᠤ ᠲᠠᠷᠢᠶ᠎ᠠ ᠲᠠᠷᠢᠵᠤ᠂ ᠭᠠᠮᠱᠢᠭ᠎ᠲᠠᠶ ᠲᠡᠮᠡᠴᠡᠨ᠂ ᠬᠣᠲᠠ ᠬᠥᠳᠡᠭᠡ᠎ᠶ᠋ᠢ ᠪᠦᠲᠦᠭᠡᠨ ᠪᠠᠢᠭᠤᠯᠵᠤ᠂ ᠣᠯᠠᠨ ᠵᠦᠢᠯ᠎ᠦᠨ ᠠᠵᠢᠯ ᠦᠢᠯᠡᠰ᠎ᠢ ᠴᠡᠴᠡᠭ᠌ᠯᠡᠭᠦᠯᠦᠨ ᠬᠥᠭ᠌ᠵᠢᠭᠦᠯᠵᠡᠶ ᠁ ᠠᠵᠢᠯᠴᠢ ᠬᠤᠶᠠᠷ ᠭᠠᠷᠢᠶᠡᠷᠢᠶᠡᠨ ᠵᠣᠯ ᠵᠢᠷᠭᠠᠯᠲᠤ ᠠᠮᠢᠳᠤᠷᠠᠯ᠎ᠢ ᠡᠭᠦᠳᠦᠨ ᠪᠦᠲᠦᠭᠡᠵᠦ᠍᠂ ᠦᠨᠡᠨ ᠪᠣᠳᠠᠲᠠᠶ ᠠᠵᠢᠯᠯᠠᠵᠤ ᠯᠠᠪᠳᠠᠭᠤᠨ ᠪᠠᠳᠤᠳᠠᠢ ᠤᠷᠤᠬᠰᠢᠯᠠᠳᠠᠭ ᠦᠨᠳᠦᠰᠦᠲᠡᠨ᠎ᠦ ᠣᠨᠴᠠᠯᠢᠭ ᠱᠢᠨᠵᠢ᠎ᠶ᠋ᠢ ᠪᠤᠶ ᠪᠣᠯᠭᠠᠭ᠍ᠰᠠᠨ ᠪᠠᠢᠨ᠎ᠠ᠃
ᠲᠥᠪ ᠬᠣᠷᠢᠶ᠎ᠠ᠎ᠶᠢᠨ ᠤᠯᠤᠰ ᠲᠦᠷᠦ᠍᠎ᠶ᠋ᠢᠨ ᠲᠣᠪᠴᠢᠶ᠎ᠠ ᠵᠢᠨ ᠬᠠᠮᠲᠤ᠎ᠶ᠋ᠢᠨ ᠰᠤᠷᠤᠯᠴᠠᠯᠭ᠎ᠠ᠎ᠶ᠋ᠢ ᠡᠷᠬᠢᠯᠡᠬᠦ᠌᠎ᠳᠡᠭᠡᠨ ᠶᠡᠷᠦᠩᠬᠡᠢ ᠱᠦᠵᠢ ᠰᠢ ᠵᠢᠨ ᠫᠢᠩ ᠠᠯᠢ ᠤᠯᠠᠨ ᠡᠷᠲᠡᠨ᠎ᠦ ᠮᠡᠷᠭᠡᠳ᠎ᠦᠨ ᠥᠭᠦᠯᠡᠭᠰᠡᠡ ᠦᠬᠡ᠎ᠡᠴᠡ ᠡᠰᠢ ᠲᠠᠲᠠᠪᠠ᠄ ᠱᠢᠶᠦ᠋ᠨᠽᠢᠶᠢᠨ 《ᠰᠣᠨᠣᠰᠭᠤ ᠦᠭᠡᠢ ᠨᠢ ᠰᠣᠨᠣᠰᠭᠤ᠎ᠶ᠋ᠢ ᠬᠦᠷᠬᠦ᠌ ᠦᠭᠡᠢ᠂ ᠰᠣᠨᠣᠰᠭᠤ ᠨᠢ ᠦᠵᠡᠬᠦ᠌᠎ᠶ᠋ᠢ ᠬᠦᠷᠬᠦ᠌ ᠦᠭᠡᠢ᠂ ᠦᠵᠡᠬᠦ ᠨᠢ ᠮᠡᠳᠡᠬᠦ᠌᠎ᠶ᠋ᠢ ᠬᠦᠷᠬᠦ᠌ ᠦᠭᠡᠢ᠂ ᠮᠡᠳᠡᠬᠦ᠌ ᠨᠢ ᠬᠢᠬᠦ᠌᠎ᠶ᠋ᠢ ᠬᠦᠷᠬᠦ᠌ ᠦᠭᠡᠢ》᠂ ᠯᠢᠦ ᠱᠢᠶᠠᠩ᠎ᠤᠨ 《ᠰᠣᠨᠣᠰᠬᠤ ᠨᠢᠨᠢᠳᠦ᠍ᠪᠡᠷ ᠵᠢᠠᠨ ᠦᠵᠡᠬᠦ᠌᠎ᠶ᠋ᠢ ᠬᠦᠷᠬᠦ᠌ ᠦᠭᠡᠢ᠂ ᠨᠢᠳᠦ᠍᠎ᠪᠡᠷ᠎ᠢᠶᠡᠨ ᠦᠵᠡᠬᠦ᠌ ᠨᠢ ᠦᠢᠯᠡᠳᠦᠯᠭᠡᠵᠢᠭᠦᠯᠬᠦ᠌᠎ᠶ᠋ᠢ ᠬᠦᠷᠬᠦ᠌ ᠦᠭᠡᠢ᠂ ᠦᠢᠯᠡᠳᠦᠯᠭᠡᠵᠢᠭᠦᠯᠬᠦ᠌᠎ᠨᠢ ᠲᠠᠨᠢᠨ ᠮᠡᠳᠡᠬᠦᠢ᠎ᠵᠢ ᠬᠦᠷᠬᠦ᠌ ᠦᠭᠡᠢ》᠂ ᠯᠦ᠍ ᠶᠢᠦ ᠵᠢᠨ 《ᠴᠠᠭᠠᠰᠤᠨ ᠳᠡᠭᠡᠷ᠎ᠡ ᠡᠴᠡ ᠤᠯᠤᠭᠰᠠᠨ ᠪᠦᠬᠦᠨ ᠨᠢ ᠡᠴᠦᠰ᠎ᠲᠡᠭᠡᠨ ᠮᠦᠴᠢᠳ᠂ ᠶᠠᠪᠤᠳᠠᠯ ᠤᠴᠢᠷ᠎ᠢ ᠭᠦᠢᠴᠡᠳ ᠮᠡᠳᠡᠶ᠎ᠡ ᠭᠡᠪᠡᠯ ᠪᠡᠶ᠎ᠡ᠎ᠪᠡᠷ᠎ᠢᠶᠡᠨ ᠴᠢᠷᠮᠠᠢᠬᠤ ᠬᠡᠷᠡᠭ᠌ᠲᠡᠢ》᠂ ᠸᠠᠩ ᠹᠦ᠋ ᡁᠢᠶᠢᠨ 《ᠮᠡᠳᠡᠬᠦᠢ ᠬᠢᠬᠦᠢ᠎ᠵᠢ ᠨᠢᠭᠡᠳᠭᠡᠨ ᠬᠡᠷᠡᠭᠯᠡᠮᠤᠢ》 ᠁ ᠪᠠᠷᠢᠨ ᠤᠯᠵᠤ ᠠᠪᠤᠨ ᠬᠡᠷᠡᠭᠯᠡᠵᠦ᠂ ᠲᠠᠨᠢᠵᠦ ᠤᠢᠯᠠᠭᠠᠨ ᠰᠡᠳᠭᠢᠯ᠎ᠳᠡᠭᠡᠨ ᠰᠠᠭᠤᠭᠳᠠᠭᠤᠯᠬᠤᠢ᠃
ᠠᠳᠠᠯᠢ ᠪᠤᠰᠤ ᠲᠠᠯᠠᠪᠤᠷ᠎ᠲᠤ ᠵᠤᠤ ᠺᠦᠸᠸ ᠵᠢᠨ 《ᠴᠠᠭᠠᠰᠤᠨ ᠳᠡᠭᠡᠷ᠎ᠡ ᠮᠡᠷᠭᠡᠯᠡᠬᠦ》 ᠪᠠ ᠵᠡᠭᠦᠨ ᠪᠠᠷᠠᠭᠤᠨ ᠬᠣᠶᠠᠷ ᠵᠢᠨ ᠤᠯᠤᠰ᠎ᠤᠨ ᠦᠶ᠎ᠡ ᠵᠢᠨ ᠪᠢᠴᠢᠭ᠎ᠦᠨ ᠬᠦᠮᠦᠨ 《ᠬᠣᠭᠣᠰᠣᠨ ᠦᠭᠡ ᠶᠠᠷᠢᠵᠤ ᠬᠡᠷᠡᠭ ᠶᠠᠪᠤᠳᠠᠯ᠎ᠢ ᠰᠠᠭᠠᠳᠠᠭᠠᠭᠰᠠᠨ》 ᠦᠯᠢᠭᠡᠷ᠎ᠢ ᠣᠯᠠᠨᠲᠠ ᠳᠤᠷᠠᠳᠴᠤ᠌᠂ ᠥᠷᠭᠡᠨ ᠤᠯᠠᠨ ᠨᠠᠮ᠎ᠤᠨ ᠭᠡᠱᠢᠭᠦᠨ ᠺᠠᠳ᠋ᠷᠴᠤᠳ᠎ᠲᠤ ᠤᠯᠤᠰ ᠤᠷᠤᠨ᠎ᠤ ᠶᠡᠬᠡ ᠶᠠᠪᠤᠳᠠᠯ ᠢ ᠰᠠᠭᠠᠳᠠᠭᠠᠭᠰᠠᠨ ᠶᠠᠪᠤᠳᠠᠯ ᠵᠢᠡᠷ ᠰᠤᠷᠭᠠᠮᠵᠢ ᠠᠪᠴᠤ᠂ 《ᠤᠷᠤᠨ ᠳ᠋ᠠᠭᠠᠨ ᠰᠠᠭᠤᠵᠤ ᠶᠣᠰᠣ ᠶᠠᠷᠢᠬᠤ᠂ ᠬᠣᠭᠣᠰᠣᠨ ᠬᠡᠯᠡᠭᠡᠳ ᠬᠢᠬᠦ ᠦᠭᠡᠢ ᠪᠠᠢᠵᠤ ᠶᠠᠭᠠᠬᠢᠭ᠍ᠰᠠᠨ ᠴᠤ᠌ ᠪᠣᠯᠬᠤ ᠦᠭᠡᠢ》 ᠭᠡᠵᠦ᠍ ᠰᠡᠷᠡᠮᠵᠢᠯᠡᠭᠦᠯᠪᠡ᠃
《〈ᠬᠤᠭᠤᠰᠤᠨ ᠦᠭᠡ ᠲᠦᠷᠦ ᠵᠢ ᠰᠠᠭᠠᠳᠠᠭᠠᠵᠤ᠂ ᠪᠣᠳᠠᠲᠠᠢ ᠠᠵᠢᠯᠯᠠᠪᠠᠯ ᠤᠯᠤᠰ ᠣᠷᠣᠨ ᠮᠠᠨᠳᠤᠨ ᠬᠦᠭᠵᠢᠨ᠎ᠡ〉》᠃ ᠡᠨᠡ ᠪᠣᠯ ᠵᠠᠭᠤ ᠮᠢᠩᠭᠠᠨ ᠵᠢᠯ᠎ᠦᠨ ᠲᠤᠷᠱᠢᠬᠢ ᠬᠥᠮᠦᠰ᠎ᠦᠨ ᠲᠡᠦᠬᠡᠨ ᠲᠤᠷᠱᠢᠯᠭ᠎ᠠ ᠰᠤᠷᠭᠠᠮᠵᠢ᠎ᠡᠴᠡ ᠳ᠋ᠦᠩᠨᠡᠵᠦ᠍ ᠭᠠᠷᠭᠠᠭ᠍ᠰᠠᠨ ᠲᠦᠷᠦ᠍᠎ᠶ᠋ᠢ ᠵᠠᠰᠠᠵᠤ ᠵᠠᠰᠠᠭ᠎ᠢ ᠡᠷᠬᠢᠯᠡᠭ᠌ᠰᠡᠨ ᠴᠢᠬᠤᠯᠠ ᠨᠢᠭᠡᠨ ᠳ᠋ᠦᠩᠨᠡᠯᠲᠡ ᠮᠥᠨ᠃
ᠥᠪᠡᠷ᠎ᠦᠨ ᠬᠦᠴᠦ᠍᠎ᠪᠡᠷ᠎ᠢᠶᠡᠨ ᠳᠡᠭ᠌ᠵᠢᠷᠡᠵᠦ᠍᠂ ᠲᠡᠰᠪᠦᠷᠢ ᠬᠠᠲᠠᠭᠤᠵᠢᠯᠲᠠᠶ ᠲᠡᠮᠡᠴᠡᠬᠦ᠌ ᠪᠣᠯ ᠵᠠᠭᠤᠨ ᠵᠢᠯ᠎ᠦᠨ ᠲᠣᠮᠣ ᠨᠠᠮ᠎ᠤᠨ ᠬᠥᠭ᠌ᠵᠢᠨ ᠮᠠᠨᠳᠤᠬᠰᠠᠨ ᠠᠮᠵᠢᠯᠲᠠ᠎ᠶ᠋ᠢᠨ ᠵᠠᠮ ᠮᠥᠨ —
ᠶᠠᠫᠣᠨ᠎ᠢ ᠡᠰᠡᠷᠭᠦᠴᠡᠬᠦ᠌ ᠳᠠᠢ᠌ᠨ᠎ᠦ ᠦᠶ᠎ᠡ᠎ᠳᠦ ᠳᠠᠪᠬᠤᠷ ᠳᠠᠪᠬᠤᠷ ᠪᠦᠰᠡᠯᠡᠯᠲᠡ ᠪᠠ ᠠᠵᠤ ᠠᠬᠤᠶ᠎ᠶ᠋ᠢᠨ ᠪᠢᠲᠡᠭᠦᠮᠵᠢᠯᠡᠯ᠎ᠦᠨ ᠡᠮᠦᠨ᠎ᠡ ᠨᠠᠮ᠎ᠤᠨ ᠲᠥᠪ ᠬᠣᠷᠢᠶ᠎ᠠ ᠱᠠᠨᠰᠢ ᠭᠠᠨᠰᠦ ᠨᠢᠩᠱᠢᠶᠠ᠎ᠶ᠋ᠢᠨ ᠬᠢᠵᠠᠭᠠᠷ ᠣᠷᠣᠨ᠎ᠤ ᠴᠡᠷᠢᠭ ᠠᠷᠠᠳ᠎ᠢ ᠳᠠᠭᠠᠭᠤᠯᠤᠨ 《ᠥᠪᠡᠷ᠎ᠢᠶᠡᠨ ᠬᠥᠳᠡᠯᠦᠯᠴᠡᠵᠦ᠍᠂ ᠢᠳᠡᠵᠦ᠍ ᠡᠮᠦᠰᠭᠦ᠎ᠪᠡᠨ ᠰᠢᠢᠳᠪᠦᠷᠢᠯᠡᠵᠤ》᠂ ᠠᠳᠠᠷ ᠬᠠᠭᠠᠯᠪᠤᠷᠢᠯᠠᠨ ᠪᠦᠰ ᠨᠡᠭᠡᠵᠦ᠂ ᠲᠠᠷᠢᠶᠠᠯᠠᠩ᠎ᠢ ᠬᠥᠭ᠌ᠵᠢᠭᠦᠯᠦᠨ ᠠᠵᠤ ᠦᠢᠯᠡᠳᠪᠦᠷᠢ᠎ᠶ᠋ᠢ ᠠᠬᠢᠭᠤᠯᠵᠤ᠂ ᠰᠦᠷ ᠳᠠᠯᠠᠢᠴᠠᠲᠠᠶ ᠶᠡᠬᠡ ᠦᠢᠯᠡᠳᠪᠦᠷᠢᠯᠡᠯ᠎ᠦᠨ ᠬᠥᠳᠡᠯᠭᠡᠭᠡᠨ᠎ᠢ ᠥᠷᠨᠢᠭᠦᠯᠵᠡᠶ᠃
2022 ᠣᠨ᠎ᠳᠤ᠂ ᠶᠡᠷᠦᠩᠬᠡᠢ ᠱᠦᠵᠢ ᠰᠢ ᠵᠢᠨ ᠫᠢᠩ ᠶᠠᠨ ᠠᠨ᠎ᠤ ᠬᠤᠪᠢᠰᠭᠠᠯ᠎ᠤᠨ ᠳᠤᠷᠠᠰᠭᠠᠯ᠎ᠤᠨ ᠭᠠᠵᠠᠷ᠎ᠢ ᠪᠠᠷᠠᠯᠠᠵᠤ᠄《ᠪᠦᠬᠦ᠌ ᠨᠠᠮ᠎ᠤᠨ ᠨᠥᠬᠥᠳ ᠥᠪᠡᠷ᠎ᠦᠨ ᠬᠦᠴᠦ᠍᠎ᠪᠡᠷ᠎ᠢᠶᠡᠨ ᠳᠡᠭ᠌ᠵᠢᠷᠡᠬᠦ᠌᠂ ᠲᠡᠰᠪᠦᠷᠢ ᠬᠠᠲᠠᠭᠤᠵᠢᠯᠲᠠᠢ ᠲᠡᠮᠡᠴᠡᠬᠦ᠌ ᠵᠣᠷᠢᠭ ᠰᠠᠨᠠᠭ᠎ᠠ᠎ᠶ᠋ᠢ ᠶᠡᠬᠡ ᠪᠡᠷ ᠪᠠᠳᠠᠷᠠᠭᠤᠯᠬᠤ ᠬᠡᠷᠡᠭᠳᠡᠢ᠂ ᠢᠷᠡᠭᠡᠳᠦᠢ᠎ᠳᠦ ᠮᠠᠨ᠎ᠤ ᠪᠣᠳᠠᠰ᠎ᠤᠨ ᠠᠮᠢᠳᠤᠷᠠᠯ ᠬᠡᠳᠦᠢ ᠪᠠᠶᠠᠯᠢᠭ ᠪᠠᠢᠭ᠍ᠰᠠᠨ ᠴᠤ᠌ ᠥᠪᠡᠷ᠎ᠦᠨ ᠬᠦᠴᠦ᠍᠎ᠪᠡᠷ᠎ᠢᠶᠡᠨ ᠳᠡᠭ᠌ᠵᠢᠷᠡᠬᠦ᠌᠂ ᠲᠡᠰᠪᠦᠷᠢ ᠬᠠᠲᠠᠭᠤᠵᠢᠯᠲᠠᠢ ᠲᠡᠮᠡᠴᠡᠬᠦ᠌ ᠵᠣᠷᠢᠭ ᠰᠠᠨᠠᠭ᠎ᠠ᠎ᠶ᠋ᠢ ᠶᠠᠭᠠᠬᠢᠭ᠍ᠰᠠᠨ ᠴᠤ᠌ ᠲᠠᠶᠠᠭ᠍ᠳᠠᠵᠤ ᠪᠣᠯᠬᠤ ᠦᠭᠡᠢ᠂ ᠯᠠᠪᠳᠠᠭᠤᠨ ᠪᠠᠲᠤᠲᠠᠢ᠂ ᠱᠢᠷᠭᠠᠭᠤ ᠬᠠᠲᠠᠭᠤᠵᠢᠯᠲᠠᠢᠠᠵᠢᠯᠯᠠᠵᠤ᠂ ᠤᠶᠤᠨ ᠤᠬᠠᠭᠠᠨ᠎ᠢᠶᠠᠨ ᠲᠥᠪᠯᠡᠷᠡᠭᠦᠯᠦᠨ ᠥᠪᠡᠷ᠎ᠦᠨ ᠶᠠᠪᠤᠳᠠᠯ᠎ᠢᠶᠠᠨ ᠰᠠᠢᠲᠤᠷ ᠬᠢᠵᠦ᠍᠂ ᠤᠯᠤᠰ ᠪᠣᠯᠤᠨ ᠦᠨᠳᠦᠰᠦᠲᠡᠨ᠎ᠦ ᠬᠥᠭ᠌ᠵᠢᠯᠲᠡ᠎ᠶ᠋ᠢ ᠥᠪᠡᠷ᠎ᠦᠨ ᠬᠦᠴᠦᠨ ᠴᠢᠳᠠᠯ᠎ᠤᠨ᠎ᠢᠶᠠᠨ ᠰᠠᠭᠤᠷᠢ ᠴᠡᠭ ᠳᠡᠭᠡᠷ᠎ᠡ ᠲᠠᠯᠪᠢᠬᠤ ᠬᠡᠷᠡᠭ᠌ᠲᠡᠢ》 ᠭᠡᠵᠦ ᠦᠨᠭᠭᠡᠷᠡᠭᠰᠡᠨ᠎ᠢ ᠲᠤᠯᠢᠳᠠᠵᠤ ᠢᠷᠡᠭᠡᠳᠦᠢ ᠵᠢ ᠤᠬᠠᠪᠡ᠃
ᠬᠤᠪᠢᠰᠭᠠᠯ᠎ᠤᠨ ᠣᠨ ᠵᠢᠯ᠎ᠦᠳ᠎ᠲᠦ 《ᠲᠦᠭ ᠲᠦᠮᠡᠨ ᠠᠵᠢᠯᠴᠢᠨ ᠲᠠᠷᠢᠶᠠᠴᠢᠨ᠎ᠢ ᠤᠷᠢᠶᠠᠯᠠᠵᠤ᠂ ᠰᠡᠳᠭᠢᠯ ᠨᠢᠭᠡᠳᠦᠨ ᠠᠵᠢᠯᠯᠠᠭ᠍ᠰᠠᠨ》 ᠡᠴᠡ ᠪᠦᠲᠦᠭᠡᠨ ᠪᠠᠢᠭᠤᠯᠤᠯᠲᠠ᠎ᠶ᠋ᠢᠨ ᠴᠠᠭ ᠦᠶ᠎ᠡ᠎ᠳᠦ 《ᠠᠵᠢᠯᠴᠢᠨ ᠲᠠᠷᠢᠶᠠᠴᠢᠨ ᠦᠳᠡᠰᠢ ᠵᠢᠨ ᠪᠦᠷᠦᠢ ᠪᠡᠷ ᠲᠠᠷᠢᠶᠠᠨ ᠠᠵᠢᠯ ᠡᠴᠡ ᠪᠠᠨ ᠬᠠᠷᠢᠵᠤ ᠢᠷᠡᠬᠦ》 ᠬᠦᠷᠲᠡᠯ᠎ᠡ; ᠥᠭᠡᠷᠡᠴᠢᠯᠡᠯᠲᠡ ᠨᠡᠬᠡᠬᠡᠯᠳᠡ᠎ᠶ᠋ᠢᠨ 《ᠲᠦᠮᠡᠨ ᠪᠡᠷᠬᠡ ᠮᠢᠩᠭᠠᠨ ᠪᠠᠷᠳᠠᠭ᠎ᠠ ᠵᠢᠨ ᠲᠤᠮᠳᠠ ᠡᠴᠡ ᠵᠠᠮ ᠨᠡᠭᠡᠭᠡᠨ ᠰᠢᠪᠳᠤᠯᠤᠬᠰᠠᠨ》 ᠡᠷᠡᠯᠭᠡᠭ ᠵᠤᠷᠢᠬᠳᠠᠢ ᠰᠦᠪᠡᠭ᠌ᠴᠢᠯᠡᠭᠰᠡᠡᠡᠴᠡ ᠱᠢᠨ᠎ᠡ ᠴᠠᠭ ᠦᠶ᠎ᠡ᠎ᠶ᠋ᠢᠨ 《ᠬᠠᠨᠴᠤᠢ ᠱᠢᠮᠠᠯᠠᠨ ᠰᠢᠭᠤᠷᠬᠠᠢᠯᠠᠨ ᠠᠵᠢᠯᠯᠠᠵᠤ》 ᠲᠡᠷᠢᠭᠦᠨ᠎ᠤ ᠬᠢ ᠪᠤᠯᠬᠤ ᠪᠡᠷ ᠡᠷᠡᠮᠡᠬᠡᠢᠯᠡᠨ ᠲᠡᠮᠡᠴᠡᠭᠰᠡᠨ ᠬᠦᠷᠳᠡᠯ᠎ᠡ ᠁ ᠵᠠᠭᠤᠨ ᠵᠢᠯ᠎ᠦᠨ ᠨᠠᠮ᠎ᠤᠨ ᠲᠡᠦᠬᠡ ᠪᠣᠯ ᠳᠠᠷᠤᠢ ᠨᠠᠮ ᠪᠣᠯᠤᠨ ᠠᠷᠠᠳ ᠤᠯᠠᠨ᠎ᠤ 《ᠨᠢᠬᠡ ᠰᠡᠳᠬᠢᠯ ᠨᠢᠬᠡ ᠵᠤᠷᠢᠭ᠎ᠢᠶᠡᠷ ᠬᠠᠮᠳᠤ ᠪᠡᠷ ᠠᠵᠢᠯᠯᠠᠭᠰᠠᠨ》 ᠲᠡᠮᠡᠴᠡᠯ᠎ᠦᠨ ᠲᠡᠦᠬᠡ ᠪᠣᠯᠤᠨ᠎ᠠ᠃
《ᠨᠡᠢᠭᠡᠮ ᠵᠢᠷᠤᠮ᠎ᠢ ᠪᠣᠯ ᠠᠵᠢᠯᠯᠠᠵᠦ ᠪᠠᠢᠭᠠᠳ ᠪᠦᠳᠦᠭᠡᠭᠰᠡᠨ ᠶᠤᠮ ᠭᠡᠳᠡᠭ ᠪᠣᠯ ᠮᠢᠨᠦ᠍ ᠤᠷᠳᠤ ᠬᠤᠭᠤᠴᠠᠭᠠᠨ᠎ᠤ ᠠᠵᠢᠯ᠎ᠤᠨ ᠳᠤᠮᠳᠠᠬᠢ ᠬᠠᠮᠤᠭ᠎ᠤᠨ ᠭᠦᠨ ᠭᠦᠨᠵᠡᠭᠡᠢ ᠣᠢᠯᠠᠭᠠᠯᠲᠠ ᠪᠣᠯᠤᠨ᠎ᠠ》 ᠭᠡᠵᠦ 2018 ᠣᠨ᠎ᠤ 5 ᠰᠠᠷ᠎ᠠ᠎ᠶ᠋ᠢᠨ 2᠎ᠤ᠋ᠨ ᠡᠳᠦᠷ ᠶᠡᠷᠦᠩᠬᠡᠢ ᠱᠦᠵᠢ ᠰᠢ ᠵᠢᠨ ᠫᠢᠩ ᠪᠡᠭᠡᠵᠢᠩ ᠶᠡᠬᠡ ᠰᠤᠷᠭᠠᠭᠤᠯᠢ᠎ᠶ᠋ᠢᠨ ᠪᠠᠭ᠍ᠰᠢ ᠰᠤᠷᠤᠭ᠍ᠴᠢᠳ᠎ᠲᠠᠶ ᠶᠠᠷᠢᠯᠴᠠᠬᠤ᠎ᠳᠠᠭᠠᠨ ᠬᠡᠯᠡᠭ᠌ᠰᠡᠨ ᠶᠤᠮ᠃
ᠬᠣᠶᠠᠷ ᠡᠳᠦᠷ᠎ᠦᠨ ᠬᠢᠨ ᠲᠠᠷᠠᠭ᠎ᠠ ᠮᠠᠷᠺᠰ᠎ᠤᠨ ᠮᠡᠨᠳᠦᠯᠡᠭ᠌ᠰᠡᠨ 200 ᠵᠢᠯ᠎ᠦᠨ ᠤᠢ᠎ᠶ᠋ᠢ ᠳᠤᠷᠠᠰᠭᠠᠬᠤ ᠶᠡᠬᠡ ᠬᠤᠷᠠᠯ᠎ᠳᠤ ᠣᠷᠣᠯᠴᠠᠵᠤ᠂ ᠶᠡᠷᠦᠩᠬᠡᠢ ᠱᠦᠵᠢ᠄《ᠭᠦᠨ ᠤᠬᠠᠭᠠᠨᠲᠠᠳ ᠵᠦᠪᠬᠡᠨ ᠠᠳᠠᠯᠢ ᠪᠤᠰᠤ ᠠᠷᠭ᠎ᠠ ᠬᠡᠯᠪᠡᠷᠢ᠎ᠪᠡᠷ ᠳᠡᠯᠡᠬᠡᠢ ᠶᠢᠷᠲᠢᠨᠴᠦ᠍᠎ᠶ᠋ᠢ ᠲᠠᠢᠯᠪᠤᠷᠢᠯᠠᠵᠤ ᠪᠤᠢ᠂ ᠠᠰᠠᠭᠤᠳᠠᠯ ᠨᠢ ᠳᠡᠯᠡᠬᠡᠢ ᠶᠢᠷᠲᠢᠨᠴᠦ᠍᠎ᠶ᠋ᠢ ᠬᠤᠪᠢᠷᠠᠭᠤᠯᠬᠤ᠎ᠳᠤ ᠪᠤᠢ》 ᠭᠡᠵᠦ ᠬᠦᠮᠦᠨ ᠪᠦᠬᠦᠨ᠎ᠤ ᠰᠠᠢᠨ ᠮᠡᠳᠡᠳᠡᠭ ᠮᠡᠷᠭᠡᠨ ᠦᠭᠡ ᠪᠡᠷ ᠡᠰᠢ ᠲᠠᠳᠠᠪᠠ᠃
ᠮᠠᠷᠺᠰ᠎ᠤᠨ ᠦᠵᠡᠯ᠎ᠢᠶᠡᠷ ᠵᠡᠪᠰᠡᠭ᠌ᠯᠡᠭ᠌ᠰᠡᠨ ᠳᠤᠮᠳᠠᠳᠤ ᠤᠯᠤᠰ᠎ᠤᠨ ᠡᠪ ᠬᠠᠮᠲᠤᠴᠤᠳ ᠠᠵᠢᠯᠯᠠᠭᠠᠨ᠎ᠤ ᠦᠨ᠎ᠡ ᠦᠷᠳᠡᠭ᠂ ᠪᠣᠳᠠᠲᠠᠢ ᠠᠵᠢᠯᠯᠠᠬᠤ ᠵᠢᠨ ᠬᠦᠴᠦᠨ᠎ᠢ ᠭᠦᠨ ᠣᠢᠯᠠᠭᠠᠳᠠᠭ᠄ 《ᠪᠣᠳᠠᠲᠤ ᠶᠠᠪᠤᠳᠠᠯ ᠪᠣᠯ ᠦᠨᠡᠨ ᠶᠣᠰᠣᠨ᠎ᠤ ᠦᠨᠳᠦᠰᠦᠯᠡᠯ ᠮᠥᠨ᠂ ᠪᠣᠳᠠᠲᠠᠢ ᠠᠵᠢᠯᠯᠠᠬᠤ ᠪᠣᠯ ᠠᠵᠢᠯ ᠦᠢᠯᠡᠰ᠎ᠢ ᠪᠦᠲᠦᠭᠡᠬᠦ᠌᠎ᠳᠦ ᠵᠠᠪᠠᠯ ᠵᠠᠮᠨᠠᠬᠤ ᠵᠠᠮ ᠮᠥᠨ》᠃
ᠪᠢᠳᠡ ᠪᠣᠳᠠᠲᠠᠢ ᠠᠵᠢᠯᠯᠠᠬᠤ᠎ᠳᠤ ᠲᠦᠱᠢᠭ᠌ᠯᠡᠨ ᠭᠡᠷᠡᠯ ᠰᠠᠴᠤᠷᠠᠩᠭᠤᠢ ᠥᠩᠭᠡᠷᠡᠭ᠌ᠰᠡᠨ᠎ᠢ ᠡᠭᠦᠳᠦᠨ ᠪᠦᠲᠦᠭᠡᠪᠠ᠂ ᠪᠠᠰᠠ ᠪᠣᠳᠠᠲᠠᠢ ᠠᠵᠢᠯᠯᠠᠬᠤ᠎ᠳᠤ ᠲᠦᠱᠢᠭ᠌ᠯᠡᠨ ᠨᠡᠩ ᠰᠠᠢ᠌ᠨ ᠰᠠᠢᠬᠠᠨ ᠢᠷᠡᠭᠡᠳᠦᠢ᠎ᠶ᠋ᠢ ᠡᠭᠦᠳᠦᠨ ᠨᠡᠭᠡᠭᠡᠬᠦ᠌ ᠬᠡᠷᠡᠭ᠌ᠲᠡᠢ᠃
(ᠱᠢᠨᠬᠤᠸᠠ ᠬᠤᠷᠢᠶ᠎ᠠ ᠵᠢᠨ ᠪᠡᠭᠡᠵᠢᠩ᠎ᠦᠨ 10 ᠰᠠᠷ᠎ᠠ᠎ᠶ᠋ᠢᠨ 18᠎ᠤ᠋ ᠴᠠᠬᠢᠯᠭᠠᠨ ᠮᠡᠳᠡᠭᠡ)