ᠠᠮᠵᠢᠯᠳᠠ ᠪᠦᠲᠦᠮᠵᠢ ᠪᠠ ᠬᠠᠳᠠᠭᠤ ᠪᠠᠷᠢᠮᠳᠠᠯᠠᠯ
2025-10-17 10:06:47
ᠵᠣᠬᠢᠶᠠᠭ᠍ᠴᠢ᠄
ᠬᠠᠢ ᠴᠢᠤᠸᠠᠨ
ᠣᠩᠱᠢᠭ᠍ᠰᠠᠨ ᠣᠳᠠᠭ᠎ᠠ᠄
★★★☆☆

ᠠᠮᠵᠢᠯᠳᠠ ᠤᠯᠬᠤ ᠵᠢ ᠬᠦᠰᠡᠬᠦ ᠦᠬᠡᠢ ᠬᠦᠮᠦᠨ ᠴᠦᠬᠡᠨ᠃ ᠬᠡᠬᠦ ᠳ᠋ᠤ᠂ ᠠᠮᠵᠢᠯᠳᠠ ᠬᠡᠳᠡᠭ ᠠᠪ ᠠᠮᠠᠷᠬᠠᠨ ᠢᠷᠡᠴᠢᠬᠡᠳᠡᠭ ᠪᠢᠰᠢ᠃ ᠠᠮᠵᠢᠯᠳᠠ ᠵᠢᠨ ᠠᠨᠢᠰᠤ ᠳ᠋ᠤ ᠤᠶᠤᠨ ᠪᠢᠯᠢᠭ᠂ ᠬᠦᠰᠡᠯ ᠵᠤᠷᠢᠯᠳᠠ᠂ ᠤᠷ᠎ᠠ ᠠᠪᠢᠶᠠᠰ᠂ ᠠᠵᠠ ᠲᠤᠬᠢᠶᠠᠯ ᠬᠡᠳ ᠠᠯᠢ ᠤᠯᠠᠨ ᠲᠤᠳᠤᠭᠠᠳᠤ ᠰᠢᠯᠳᠠᠭᠠᠨ᠂ ᠭᠠᠳᠠᠭᠠᠳᠤ ᠨᠦᠬᠦᠴᠡᠯ᠎ᠤᠨ ᠠᠯᠢ ᠨᠢ ᠴᠦ᠍ ᠲᠤᠳᠠᠵᠦ ᠦᠯᠦ ᠪᠤᠯᠬᠤ ᠡᠴᠡ ᠭᠠᠳᠠᠨ᠎ᠠ᠂ ᠤᠢᠭ᠎ᠠ ᠦᠬᠡᠢ ᠴᠢᠷᠮᠠᠢᠯᠭ᠎ᠠ᠂ ᠤᠨᠴᠠ ᠵᠢᠨ ᠲᠡᠰᠪᠦᠷᠢ ᠲᠡᠪᠴᠢᠶᠡᠷᠢ ᠪᠦᠬᠦᠢ ᠬᠠᠳᠠᠭᠤ ᠪᠠᠷᠢᠮᠳᠠᠯᠠᠯ ᠦᠬᠡᠢ ᠪᠤᠯ ᠠᠮᠵᠢᠯᠳᠠ ᠤᠯᠤᠨ᠎ᠠ ᠬᠡᠳᠡᠭ ᠭᠤᠨᠵᠢ ᠵᠢᠨ ᠵᠤᠭᠤᠬ ᠶᠤᠮ᠃

ᠲᠦᠷᠦᠬᠦᠬᠡᠨ ᠨᠤᠪᠧᠯ᠎ᠤᠨ ᠹᠢᠽᠢᠤᠯᠤᠬᠢ ᠵᠢᠨ ᠤᠬᠠᠭᠠᠨ ᠪᠤᠶᠤ ᠠᠨᠠᠭᠠᠬᠤ ᠤᠬᠠᠭᠠᠨ᠎ᠤ ᠱᠠᠩᠨᠠᠯ᠎ᠢ ᠲᠤᠰᠤᠬᠰᠠᠨ ᠶᠠᠫᠤᠨ᠎ᠤ ᠰᠢᠨᠵᠢᠯᠡᠬᠦ ᠤᠬᠠᠭᠠᠨᠳᠠᠨ ᠰᠠᠺᠠᠭᠦᠢ᠍ᠴᠢ ᠰᠢᠮᠤᠨ ᠲᠦᠷᠦᠭᠳᠡᠯ ᠵᠢᠡᠨ ᠶᠠᠷᠢᠬᠤ ᠳ᠋ᠠᠭᠠᠨ 《ᠠᠯᠬᠤᠮ ᠠᠯᠬᠤᠮ ᠵᠢᠡᠷ ᠤᠷᠤᠬᠰᠢᠯᠠᠵᠦ ᠴᠦᠬᠦᠷᠡᠰᠢ ᠦᠬᠡᠢ ᠪᠠᠷᠢᠮᠳᠠᠯᠠᠬᠰᠠᠨ᠎ᠤ ᠬᠢ》 ᠬᠡᠵᠦ ᠳ᠋ᠦᠩᠨᠡᠪᠡ᠃ ᠨᠡᠬᠡᠷᠡᠨ᠂ ᠠᠮᠵᠢᠯᠳᠠ ᠭᠡᠳᠡᠭ ᠠᠪᠤᠨ ᠲᠤᠤᠷ᠎ᠠ ᠪᠠᠨ ᠲᠠᠭᠠᠷᠢᠳᠠᠬ ᠨᠢᠬᠡᠯᠨ ᠴᠠᠬ᠎ᠤᠨ ᠰᠢᠷᠦᠬᠦᠨ ᠰᠢᠪᠳᠤᠯᠤᠯᠳᠠ ᠪᠢᠰᠢ᠂ ᠬᠠᠷᠢᠨ ᠰᠢᠨᠳᠠᠰᠤ ᠰᠢᠯᠭᠠᠬᠤ ᠬᠤᠯᠠ ᠬᠦᠶᠦᠯᠳᠡ᠂ ᠤᠷᠳᠤ ᠠᠶᠠᠨ ᠶᠤᠮ᠃ ᠭᠡᠳᠡᠯ᠎ᠠ ᠦᠨᠦ ᠨᠡᠢᠬᠡᠮ ᠲᠡᠬᠡᠷ᠎ᠠ ᠲᠦᠳᠡ ᠵᠠᠮ ᠡᠷᠢᠵᠦ ᠠᠯᠢ ᠲᠦᠷᠬᠡᠨ ᠵᠢᠡᠷ ᠠᠮᠵᠢᠯᠳᠠ ᠪᠦᠲᠦᠮᠵᠢ ᠭᠠᠷᠭᠠᠬᠤ ᠵᠢ ᠭᠤᠷᠢᠯᠠᠬᠰᠠᠳ ᠮᠤᠩ ᠦᠬᠡᠢ᠃ ᠰᠢᠨ᠎ᠠ ᠵᠠᠭᠤᠴᠢᠯᠠᠭᠤᠷ᠎ᠢ ᠠᠰᠢᠬᠯᠠᠵᠦ᠂ ᠰᠢᠭᠤᠳ ᠨᠡᠪᠲᠡᠷᠡᠬᠦᠯᠬᠡ ᠪᠡᠷ ᠪᠠᠷᠠᠭ᠎ᠠ ᠪᠤᠷᠤᠯᠠᠭᠤᠯᠬᠤ ᠵᠢ ᠠᠪᠤᠨ ᠦᠵᠡᠬᠦ ᠳ᠋ᠤ ᠠᠪ ᠠᠮᠠᠷᠬᠠᠨ ᠰᠢᠭ᠋ ᠴᠦ᠍᠂ ᠴᠠᠭᠠᠨ᠎ᠠ ᠨᠢ ᠪᠠᠬᠠᠷᠠᠭᠴᠢ ᠵᠢᠨ ᠲᠤᠭ᠎ᠠ ᠪᠠᠨ ᠨᠡᠮᠡᠭᠳᠡᠬᠦᠯᠬᠦ ᠵᠢᠨ ᠲᠦᠯᠦᠬᠡᠨ᠎ᠤ ᠤᠷᠳᠤ ᠬᠤᠭᠤᠴᠠᠭᠠᠨ᠎ᠤ ᠪᠠᠷᠢᠮᠳᠠᠯᠠᠯ ᠴᠢᠬᠤᠯᠠᠳᠠᠢ᠂ ᠪᠠᠬᠠᠷᠠᠬᠴᠢ ᠦᠬᠡᠢ ᠪᠡᠷ ᠪᠠᠷᠠᠭ᠎ᠠ ᠪᠠᠨ ᠤᠬᠠᠭᠤᠯᠵᠦ ᠪᠤᠷᠤᠯᠠᠭᠤᠯᠤᠨ᠎ᠠ ᠭᠡᠭᠴᠢ ᠪᠦᠲᠦᠬᠦ ᠡᠳ᠋ ᠪᠢᠰᠢ᠃ ᠡᠷᠳᠡᠮ ᠰᠢᠨᠵᠢᠯᠡᠬᠡᠨ ᠬᠢᠬᠦ ᠪᠡᠷ ᠠᠪᠴᠤ ᠬᠡᠯᠡᠬᠦ ᠳ᠋ᠤ᠂ ᠤᠳᠠᠭᠠᠨ ᠵᠢᠯ ᠬᠠᠳᠠᠭᠤ ᠰᠠᠨᠳᠠᠯᠢ ᠳ᠋ᠤ ᠰᠠᠭᠤᠬᠤ ᠲᠡᠰᠪᠦᠷᠢ ᠲᠡᠪᠴᠢᠶᠡᠷᠢ ᠦᠬᠡᠢ᠂ ᠨᠢᠬᠡ ᠵᠤᠷᠢᠬ᠎ᠢ ᠪᠠᠷᠢᠵᠦ ᠰᠤᠳᠤᠯᠭᠠᠨ᠎ᠤ ᠵᠦᠢᠯ ᠳ᠋ᠡᠬᠡᠨ ᠰᠢᠬᠢᠳᠴᠤ ᠤᠷᠤᠬᠤ ᠦᠬᠡᠢ ᠪᠤᠯ ᠬᠠᠮᠤᠬ ᠤᠯᠠᠨ᠎ᠳᠤ ᠭᠠᠢᠬᠠᠬᠳᠠᠮ᠎ᠠ ᠦᠷ᠎ᠠ ᠪᠦᠲᠦᠬᠡᠯ ᠭᠠᠷᠭᠠᠨ᠎ᠠ ᠬᠡᠳᠡᠭ ᠰᠡᠳᠬᠢᠭᠳᠡᠰᠢ ᠦᠬᠡᠢ ᠶᠤᠮ᠃ ᠮᠠᠷᠢᠶ᠎ᠠ ᠰᠢᠭᠤᠷᠠᠭᠤᠯᠬᠤ᠂ ᠪᠡᠶ᠎ᠠ ᠴᠢᠬᠢᠷᠠᠭᠵᠢᠭᠤᠯᠬᠤ ᠪᠡᠷ ᠠᠪᠴᠤ ᠶᠠᠷᠢᠬᠤ ᠳ᠋ᠤ᠂ ᠰᠠᠯᠬᠢ ᠪᠤᠷᠤᠭᠠᠨ ᠳ᠋ᠤ ᠴᠦ᠍ ᠰᠠᠭᠠᠳᠠᠯ ᠦᠬᠡᠢ ᠪᠡᠷ ᠰᠠᠷ᠎ᠠ ᠵᠢᠯ᠎ᠤᠳ᠎ᠢ ᠨᠢᠬᠡ ᠡᠳᠦᠷ ᠮᠡᠳᠤ ᠪᠠᠷᠢᠮᠳᠠᠯᠠᠮᠠᠨᠵᠢᠨ ᠰᠠᠨᠠᠬᠰᠠᠨ ᠳ᠋ᠠᠭᠠᠨ ᠬᠦᠷᠬᠦ ᠪᠤᠯᠤᠮᠵᠢ ᠲᠠᠢ᠂ ᠬᠠᠷᠢᠨ ᠴᠠᠬ ᠵᠠᠪ ᠦᠬᠡᠢ ᠬᠡᠵᠦ ᠪᠡᠶ᠎ᠠ ᠳ᠋ᠡᠬᠡᠨ ᠰᠢᠯᠳᠠᠬ ᠦᠭᠪᠡᠯ ᠬᠦᠰᠡᠯ ᠪᠤᠳᠤᠯ ᠴᠢᠨᠢ ᠬᠦᠬᠡᠰᠤ ᠪᠤᠯᠵᠦ ᠵᠠᠮᠬᠠᠷᠠᠬᠤ ᠨᠢ ᠲᠡᠷᠡ ᠶᠤᠮ᠃ ᠨᠤᠮ ᠤᠩᠰᠢᠬᠤ ᠵᠢᠨ ᠰᠠᠢᠨ ᠲᠠᠯ᠎ᠠ ᠵᠢ ᠬᠦᠮᠦᠰ ᠪᠦᠷ ᠮᠡᠳᠡᠳᠡᠭ᠂ ᠲᠡᠬᠡᠬᠦ ᠳ᠋ᠤ ᠤᠩᠰᠢᠬᠤ ᠲᠠᠳᠬᠠᠯ ᠬᠦᠮᠦᠵᠢᠬᠦᠯᠬᠦ ᠦᠬᠡᠢ᠂ ᠬᠠᠭᠠᠰ ᠨᠢᠭᠤᠷ ᠤᠩᠰᠢᠯ ᠦᠬᠡᠢ ᠭᠠᠷ ᠤᠳᠠᠰᠤᠨ ᠳ᠋ᠠᠭᠠᠨ ᠲᠠᠳᠠᠬᠳᠠᠬᠤ ᠶᠤᠮ ᠪᠤᠯ ᠨᠤᠮ ᠤᠩᠰᠢᠬᠤ ᠵᠢ ᠪᠠᠷᠢᠮᠳᠠᠯᠠᠵᠦ ᠲᠡᠢᠯᠬᠦ ᠦᠬᠡᠢ᠂ ᠤᠶᠤᠨ᠎ᠤ ᠰᠢᠮ᠎ᠠ ᠲᠡᠵᠢᠬᠡᠯ ᠡᠴᠡ ᠬᠦᠷᠳᠡᠬᠦ ᠵᠢᠨ ᠠᠷᠭ᠎ᠠ ᠦᠬᠡᠢ ᠪᠢᠯᠡ᠃

ᠠᠮᠵᠢᠯᠳᠠ ᠤᠯᠬᠤ ᠳ᠋ᠤ ᠬᠠᠳᠠᠭᠤ ᠪᠠᠷᠢᠮᠳᠠᠯᠠᠯ ᠴᠢᠬᠤᠯᠠᠳᠠᠢ ᠨᠢ ᠬᠤᠪᠢ ᠬᠦᠮᠦᠨ ᠲᠡᠳᠦᠢ ᠪᠢᠰᠢ᠂ ᠨᠢᠬᠡ ᠭᠠᠵᠠᠷ ᠤᠷᠤᠨ᠂ ᠨᠢᠬᠡ ᠨᠢᠬᠡᠴᠢ᠂ ᠲᠡᠷᠡᠴᠢᠯᠡᠨ ᠨᠢᠬᠡ ᠤᠯᠤᠰ ᠬᠡᠷ ᠲᠦ᠍ ᠠᠪᠴᠤ ᠬᠡᠯᠡᠭᠰᠡᠨ ᠴᠦ᠍ ᠠᠳᠠᠯᠢᠬᠠᠨ ᠤᠳᠬ᠎ᠠ ᠠᠭᠤᠯᠭ᠎ᠠ ᠲᠠᠢ ᠶᠤᠮ᠃ ᠰᠠᠢᠨ ᠪᠤᠳᠤᠯᠭ᠎ᠠ᠂ ᠪᠦᠲᠦᠮᠵᠢᠳᠡᠢ ᠬᠢᠳᠡᠯ᠎ᠢ ᠪᠤᠯ ᠡᠴᠦᠰ ᠲᠤᠨᠢ ᠲᠤᠯᠳᠠᠯ᠎ᠠ ᠨᠠᠢᠳᠠᠪᠤᠷᠢᠵᠢᠭᠤᠯᠵᠦ ᠦᠷ᠎ᠠ ᠪᠦᠲᠦᠬᠡᠯ ᠭᠠᠷᠭᠠᠬᠤ ᠦᠬᠡᠢ ᠪᠤᠯ ᠪᠤᠴᠠᠬᠤ ᠦᠬᠡᠢ ᠪᠠᠢᠮᠠᠨᠵᠢᠨ ᠪᠢᠳᠡᠨ᠎ᠤ ᠠᠵᠢᠯ ᠦᠢᠯᠡᠰ ᠰᠠᠶᠢ ᠡᠳᠦᠷ ᠡᠴᠡ ᠡᠳᠦᠷ ᠦᠬᠡᠳᠡᠯᠡᠳᠡᠭ᠃

ᠡᠨᠡ ᠶᠢᠷᠳᠢᠨᠴᠤ ᠳ᠋ᠤ ᠰᠡᠴᠡᠨ ᠰᠡᠷᠬᠦᠯᠡᠩ ᠬᠦᠮᠦᠨ ᠮᠤᠩᠳᠠᠬᠤ  ᠦᠬᠡᠢ᠂ ᠬᠠᠷᠢᠨ  ᠡᠴᠦᠰ ᠲᠤᠨᠢ ᠲᠤᠯᠳᠠᠯ᠎ᠠ ᠪᠠᠷᠢᠮᠳᠠᠯᠠᠵᠦ ᠦᠵᠦᠬᠦᠷ ᠲᠤᠨᠢ ᠭᠠᠷᠳᠠᠯ᠎ᠠ ᠬᠢᠬᠦ ᠪᠡᠷ ᠮᠡᠷᠡᠢᠳᠡᠭ ᠬᠦᠮᠦᠨ ᠤᠯᠠᠨ ᠪᠢᠰᠢ᠃ ᠰᠠᠨᠠᠭ᠎ᠠ ᠲᠠᠯᠪᠢᠵᠦ ᠬᠦᠴᠦ ᠤᠷᠤᠭᠤᠯᠵᠦ ᠰᠢᠨᠳᠠᠷᠠᠰᠢ ᠦᠬᠡᠢ ᠴᠢᠷᠮᠠᠢᠵᠦ ᠯᠡ ᠪᠠᠢᠪᠠᠯ ᠰᠠᠨᠠᠵᠦ ᠵᠤᠷᠢᠬᠰᠠᠨ ᠶᠠᠪᠤᠳᠠᠯ ᠪᠡᠶᠡᠯᠡᠬᠳᠡᠬᠦ ᠤᠴᠢᠷᠳᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号