ᠵᠠᠯᠠᠢᠳ ᠬᠤᠰᠢᠭᠤᠨ ᠤ᠋ ᠤᠰᠤᠨ ᠳᠤᠲᠤᠷᠭ᠎ᠠ ᠶ᠋ᠢᠨ ᠮᠦ᠍ ᠨᠢᠭᠡᠴᠢ ᠶ᠋ᠢᠨ ᠤᠨᠠᠯᠲᠠ 863 ᠺᠢᠯᠣᠭ᠌ᠷᠠᠮ ᠢ᠋ ᠲᠠᠪᠠᠪᠠ
2025-10-15 11:19:57
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

ᠦᠪᠦᠷ ᠮᠤᠡᠭᠭᠤᠯ ᠤ᠋ᠨ ᠭᠤᠤᠯ ᠪᠤᠯᠬᠤ ᠠᠮᠤ ᠲᠤᠰᠤᠨ ᠤ᠋ ᠲᠠᠷᠢᠮᠠᠯ ᠤ᠋ᠨ ᠮᠦ᠍ ᠨᠢᠭᠡᠴᠢ ᠶ᠋ᠢᠨ ᠪᠤᠳᠠᠳᠤ ᠤᠨᠠᠯᠲᠠ ᠳ᠋ᠦ ᠬᠢᠨᠠᠨ ᠬᠡᠮᠵᠢᠯᠲᠡ ᠬᠢᠬᠦ ᠲᠤᠰᠬᠠᠢ ᠮᠡᠷᠭᠡᠵᠢᠯᠲᠡᠨ ᠤ᠋ ᠲᠤᠭᠤᠢᠯᠠᠡᠭ ᠤ᠋ᠨ ᠬᠢᠨ ᠣᠢᠷ᠎ᠠ ᠳ᠋ᠤ ᠬᠢᠡᠭᠭᠠᠨ ᠠᠢᠮᠠᠭ ᠤ᠋ᠨ ᠵᠠᠢᠯᠠᠳ ᠬᠤᠰᠢᠭᠤᠨ ᠤ᠋ ᠶᠡᠬᠡ ᠬᠡᠪᠴᠢᠶ᠎ᠡ ᠪᠡᠷ ᠲᠠᠷᠢᠭᠰᠠᠨ ᠤᠰᠤᠨ ᠳᠤᠲᠤᠷᠭ᠎ᠠ ᠶ᠋ᠢᠨ ᠮᠦ᠍ ᠨᠢᠭᠡᠴᠢ ᠶ᠋ᠢᠨ ᠤᠨᠠᠯᠲᠠ ᠵᠢ ᠳᠡᠭᠡᠭᠰᠢᠯᠡᠭᠦᠯᠬᠦ᠂ ᠶᠡᠬᠡ ᠬᠡᠪᠴᠢᠶ᠎ᠡ (ᠵᠠᠭᠤᠨ ᠮᠦ᠍) ᠪᠡᠷ ᠲᠠᠷᠢᠭᠰᠠᠨ ᠤᠰᠤᠨ ᠳᠤᠲᠤᠷᠭ᠎ᠠ ᠶ᠋ᠢᠨ ᠮᠦ᠍ ᠨᠢᠭᠡᠴᠢ ᠶ᠋ᠢᠨ ᠤᠨᠠᠯᠲᠠ ᠵᠢ ᠳᠡᠭᠡᠭᠰᠢᠯᠡᠭᠦᠯᠬᠦ ᠵᠢᠴᠢ ᠤᠰᠤᠨ ᠳᠤᠲᠤᠷᠭ᠎ᠠ ᠶ᠋ᠢᠨ ᠴᠢᠬᠤᠯᠠ ᠶᠡᠬᠡ ᠲᠸᠭᠨᠢᠭ ᠮᠡᠷᠭᠡᠵᠢᠯ ᠢ᠋ ᠬᠠᠮᠵᠢᠯᠴᠠᠨ ᠳᠡᠯᠭᠡᠷᠡᠭᠦᠯᠬᠦ ᠵᠡᠷᠭᠡ ᠲᠦᠷᠦᠯ ᠵᠦᠢᠯ ᠤ᠋ᠨ ᠲᠠᠷᠢᠶᠠᠨ ᠤ᠋ ᠤᠨᠠᠯᠲᠠ ᠳ᠋ᠦ ᠬᠢᠨᠠᠨ ᠬᠡᠮᠵᠢᠯᠲᠡ ᠬᠢᠵᠦ᠂ ᠡᠯ᠎ᠡ ᠵᠦᠢᠯ ᠤ᠋ᠨ ᠭᠦᠢᠴᠡᠳᠬᠡᠯ ᠲᠤᠭ᠎ᠠ ᠨᠢ ᠪᠦᠷ ᠵᠢᠱ᠌ᠢᠯᠲᠠ ᠡᠴᠡ ᠳᠠᠪᠠᠵᠤ᠂ ᠵᠡᠭᠦᠨ ᠬᠣᠢᠲᠤ ᠣᠷᠣᠨ ᠤ᠋ ᠠᠮᠤ ᠪᠤᠳᠠᠭᠠᠨ ᠤ᠋ ᠦᠶ᠋ᠯᠡᠳᠪᠦᠷᠢᠯᠡᠯ ᠤ᠋ᠨ ᠴᠢᠳᠠᠪᠤᠷᠢ ᠶ᠋ᠢ ᠳᠡᠭᠡᠭ᠌ᠰᠢᠯᠡᠭᠦᠯᠬᠦ᠌᠎ᠳᠦ ᠬᠠᠭᠤᠯᠪᠤᠷᠢᠯᠠᠵᠤ ᠪᠤᠯᠬᠤᠢᠴᠠ ᠮᠡᠷᠭᠡᠵᠢᠯ ᠤ᠋ᠨ ᠲᠥᠰᠦᠯ ᠬᠠᠩᠭᠠᠪᠠ᠃

ᠲᠤᠰᠬᠠᠢ ᠮᠡᠷᠭᠡᠵᠢᠯᠲᠡᠨ ᠤ᠋ ᠳᠤᠭᠤᠢᠯᠠᠡᠭ ᠤ᠋ᠨ ᠬᠢᠨ ᠵᠠᠯᠠᠢᠳ ᠬᠤᠰᠢᠭᠤᠨ ᠤ᠋ ᠬᠤᠯᠪᠤᠭ᠎ᠠ ᠪᠠᠯᠭᠠᠰᠤ ᠵᠢᠨ ᠪᠤᠤ ᠴᠢᠤᠸᠠᠨ ᠲᠤᠰᠬᠤᠨ ᠤ᠋ ᠶᠡᠬᠡ ᠬᠡᠪᠴᠢᠶ᠎ᠡ ᠪᠡᠷ ᠲᠠᠷᠢᠭᠰᠠᠨ ᠤᠰᠤᠨ ᠳᠤᠲᠤᠷᠭ᠎ᠠ ᠶ᠋ᠢᠨ ᠮᠦ᠍ ᠨᠢᠭᠡᠴᠢ ᠶ᠋ᠢᠨ ᠤᠨᠠᠯᠲᠠ ᠵᠢ ᠳᠡᠭᠡᠭᠰᠢᠯᠡᠭᠦᠯᠬᠦ ᠵᠢᠱ᠌ᠢᠶ᠎ᠡ ᠦᠵᠡᠭᠦᠯᠬᠦ ᠲᠠᠷᠢᠶᠠᠨ ᠳ᠋ᠦ ᠬᠢᠨᠠᠨ ᠬᠡᠮᠵᠢᠯᠲᠡ ᠬᠢᠭᠰᠡᠨ ᠳ᠋ᠤ ᠮᠦ᠍ ᠨᠢᠭᠡᠴᠢ ᠶ᠋ᠢᠨ ᠤᠨᠠᠯᠲᠠ ᠨᠢ 863.1 ᠺᠢᠯᠣᠭ᠌ᠷᠠᠮ ᠳ᠋ᠦ ᠬᠦᠷᠴᠦ᠂ 2024 ᠣᠨ ᠤ᠋ ᠬᠢᠩᠭᠠᠨ ᠠᠢᠮᠠᠭ ᠤ᠋ᠨ 785.9 ᠺᠢᠯᠣᠭ᠌ᠷᠠᠮ ᠤ᠋ᠨ ᠤᠰᠤᠨ ᠲᠤᠲᠤᠷᠭ᠎ᠠ ᠶ᠋ᠢᠨ ᠮᠦ᠍ ᠨᠢᠭᠡᠴᠢ ᠶ᠋ᠢᠨ ᠦᠨᠳᠤᠷ ᠤᠨᠠᠯᠲᠠ ᠶ᠋ᠢᠨ ᠲᠡᠮᠳᠡᠭ᠌ᠯᠡᠯ ᠲᠡᠶ ᠬᠠᠷᠢᠴᠠᠭᠤᠯᠪᠠᠯ 77.2 ᠺᠢᠯᠣᠭ᠌ᠷᠠᠮ ᠳᠡᠭᠡᠭ᠌ᠰᠢᠯᠡᠵᠦ᠍᠂ ᠲᠤᠬᠠᠢ ᠶ᠋ᠢᠨ ᠭᠠᠵᠠᠷ ᠣᠷᠣᠨ ᠤ᠋ ᠤᠰᠤᠨ ᠲᠤᠲᠤᠷᠭ᠎ᠠ ᠶ᠋ᠢᠨ ᠮᠦ᠍ ᠨᠢᠭᠡᠴᠢ ᠶ᠋ᠢᠨ ᠤᠨᠠᠯᠲᠠ ᠶ᠋ᠢᠨ ᠲᠡᠮᠳᠡᠭ᠌ᠯᠡᠯ ᠢ᠋ ᠱᠢᠨᠡᠳᠭᠡᠪᠡ᠃ ᠲᠤᠰ ᠵᠢᠱ᠌ᠢᠶ᠎ᠡ ᠦᠵᠡᠭᠦᠯᠬᠦ ᠲᠠᠷᠢᠶᠠᠨ ᠭᠠᠵᠠᠷ ᠲᠦ᠍ 《ᠵᠦᠡᠭ ᠺᠸ ᠹᠠ 5 ᠳ᠋ᠤᠭᠠᠷ ᠨᠤᠮᠸᠷᠲᠦ》 ᠤᠰᠤᠨ ᠳᠤᠲᠤᠷᠭ᠎ᠠ ᠵᠢ ᠲᠠᠷᠢᠵᠤ᠂ ᠬᠤᠭᠤᠴᠠᠭ᠎ᠠ ᠶᠤᠰᠤᠭᠠᠷ ᠨᠠᠪᠴᠢᠨ ᠤ᠋ ᠪᠤᠷᠳᠤᠭᠤᠷ ᠤᠷᠤᠭᠤᠯᠵᠤ ᠤᠰᠤᠨ ᠳᠤᠲᠤᠷᠭ᠎ᠠ ᠶ᠋ᠢᠨ ᠤᠨᠠᠯᠲᠠ ᠵᠢ ᠨᠡᠮᠡᠭᠳᠡᠭᠦᠯᠦᠭᠰᠡᠨ ᠪᠠᠢᠨ᠎ᠠ᠃

ᠵᠠᠯᠠᠢᠳ ᠬᠣᠱᠢᠭᠤᠨ ᠤ᠋ ᠪᠤᠬ᠎ᠠ ᠶ᠋ᠢᠨ ᠵᠤᠤ ᠭᠠᠵᠠᠷ ᠤᠷᠤᠨ ᠤ᠋ ᠳᠥᠷᠪᠡᠳᠦᠭᠡᠷ ᠶᠡᠬᠡ ᠠᠩᠭᠢ᠎ᠶ᠋ᠢᠨ 500 ᠮᠦ᠍ ᠵᠢᠨ ᠵᠢᠱ᠌ᠢᠶ᠎ᠡ ᠦᠵᠡᠭᠦᠯᠬᠦ ᠲᠠᠷᠢᠶ᠎ᠠ ᠴᠦ᠍ ᠬᠠᠨᠤᠮᠵᠢᠲᠠᠢ ᠬᠠᠷᠢᠭᠤᠯᠲᠠ ᠶ᠋ᠢᠨ ᠬᠠᠭᠤᠳᠠᠰᠤ ᠲᠤᠰᠢᠶᠠᠵᠠᠢ᠃ ᠲᠤᠰᠬᠠᠢ ᠮᠡᠷᠭᠡᠵᠢᠯᠲᠡᠨ ᠤ᠋ ᠳᠤᠭᠤᠢᠯᠠᠡᠭ ᠤ᠋ᠨ ᠬᠢᠨ ᠵᠠᠭᠤᠨ ᠮᠦ᠍ ᠶ᠋ᠢᠨ ᠭᠤᠤᠯ ᠵᠢᠱ᠌ᠢᠶ᠎ᠡ ᠦᠵᠡᠭᠦᠯᠬᠦ ᠲᠠᠷᠢᠶ᠎ᠠ ᠶ᠋ᠢᠨ ᠲᠦᠯᠦᠭᠡᠯᠡᠬᠦ ᠴᠢᠨᠠᠷᠲᠠᠢ 3 ᠬᠡᠰᠡᠭ ᠲᠦ᠍ ᠬᠢᠨᠠᠨ ᠬᠡᠮᠵᠢᠯᠲᠡ ᠬᠢᠭᠰᠡᠨ ᠳ᠋ᠤ ᠮᠦ᠍ ᠨᠢᠭᠡᠴᠢ ᠶ᠋ᠢᠨ ᠤᠨᠠᠯᠲᠠ ᠨᠢ 795.54 ᠺᠢᠯᠣᠭ᠌ᠷᠠᠮ ᠳ᠋ᠤ ᠬᠦᠷᠴᠠᠢ᠃ ᠲᠤᠰ ᠵᠢᠱ᠌ᠢᠶ᠎ᠡ ᠦᠵᠡᠭᠦᠯᠬᠦ ᠲᠠᠷᠢᠶᠠᠠ ᠭᠠᠵᠠᠷ ᠲᠦ᠍ 《ᠷᠦᠨ ᠡᠾᠸ ᠹᠠ 5 ᠳ᠋ᠤᠭᠠᠷ ᠨᠤᠮᠸᠷᠲᠦ》 ᠤᠰᠤᠨ ᠳᠤᠲᠤᠷᠭ᠎ᠠ ᠵᠢ ᠲᠠᠷᠢᠵᠤ᠂ ᠰᠢᠨᠵᠢᠯᠡᠬᠦ ᠤᠬᠠᠭᠠᠨᠴᠢ ᠪᠡᠷ ᠦᠷ᠎ᠡ ᠰᠤᠡᠭᠭᠤᠬᠤ᠂ ᠰᠢᠨᠵᠢᠯᠡᠬᠦ ᠤᠬᠠᠭᠠᠨᠴᠢ ᠪᠡᠷ ᠴᠢᠬᠢ ᠪᠤᠢᠵᠢᠭᠤᠯᠬᠤ᠂ ᠢᠯᠡᠭᠦᠦ 2 ᠤᠳᠠᠭ᠎ᠠ ᠨᠠᠪᠴᠢᠨ ᠤ᠋ ᠪᠤᠷᠳᠤᠭᠤᠷ ᠤᠷᠤᠭᠤᠯᠬᠤ ᠪᠡᠷ ᠳᠠᠮᠵᠢᠨ ᠤᠨᠠᠯᠲᠠ ᠵᠢ ᠨᠢ ᠨᠡᠮᠡᠭᠳᠡᠭᠦᠯᠦᠭᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号