ᠰᠢᠶᠠᠨᠪᠢ ᠵᠢᠨ ᠭᠠᠢᠬᠠᠮᠰᠢᠭᠳᠤ ᠠᠯᠳᠠᠨ ᠤᠷᠠᠯᠠᠯ
2025-10-15 11:11:03
ᠵᠣᠬᠢᠶᠠᠭ᠍ᠴᠢ᠄
ᠭᠤᠤ ᠯᠢ ᠂ ᠴᠸᠨ ᠶᠦᠩ ᠱᠸᠩ
ᠣᠩᠱᠢᠭ᠍ᠰᠠᠨ ᠣᠳᠠᠭ᠎ᠠ᠄
★★★☆☆

ᠲᠦᠨᠭᠯᠢᠶᠤᠤ ᠬᠤᠳᠠ ᠵᠢᠨ ᠲᠡᠦᠭᠡ ᠵᠢᠨ ᠲᠤᠷᠠᠰᠬᠠᠯᠳᠤ ᠵᠦᠢᠯᠡᠰ᠎ᠤᠨ ᠮᠦᠽᠸᠢ ᠵᠢᠨ ᠭᠦᠷᠢᠶᠡᠯᠡᠩ᠎ᠳ᠋ᠡᠭᠢ ᠲᠤᠮᠳᠠᠳᠤ ᠤᠯᠤᠰ᠎ᠤᠨ ᠡᠷᠳᠡᠨ᠎ᠤ ᠲᠡᠦᠭᠡ (ᠲᠡᠭᠡᠳᠦ) ᠵᠢᠨ ᠦᠵᠡᠭᠦᠯᠭᠡ ᠵᠢᠨ ᠲᠢᠨᠭᠭᠢᠮ᠎ᠳᠤ᠂ ᠪᠠᠷᠠᠭᠤᠨ ᠯᠢᠶᠤᠤᠾᠸ ᠭᠤᠤᠯ᠎ᠤᠨ ᠰᠠᠪᠠ ᠭᠠᠵᠠᠷ ᠡᠴᠡ ᠮᠠᠯᠳᠠᠵᠤ ᠭᠠᠷᠭᠠᠭᠰᠠᠨ ᠬᠤᠷᠸ᠎ᠠ᠎ᠳᠤ ᠬᠤᠪᠤᠷ ᠡᠷᠳᠡᠨᠢ — ᠰᠢᠶᠠᠨᠪᠢ ᠵᠢᠨ ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ᠎ᠢ ᠡᠯᠭᠦᠵᠤ ᠪᠤᠢ᠃ ᠰᠢᠶᠠᠨᠪᠢᠴᠤᠳ᠎ᠤᠨ ᠦᠯᠡᠳᠡᠭᠡᠭᠰᠡᠨ ᠬᠤᠪᠤᠷ ᠡᠷᠳᠡᠨᠢ ᠨᠢ ᠬᠠᠷᠠᠴᠡ ᠪᠤᠯᠢᠶᠠᠮ᠎ᠠ ᠰᠢᠵᠢᠷ ᠠᠯᠳᠠᠨ ᠤᠷᠠᠯᠢᠭ᠎ᠤᠨ ᠪᠦᠳᠦᠭᠡᠯ ᠪᠤᠯᠬᠤ ᠪᠡᠷ ᠦᠯᠦ ᠪᠠᠷᠠᠮ ᠨᠡᠩ ᠴᠤ᠌ ᠴᠠᠭ ᠦᠶ᠎ᠠ ᠵᠢ ᠲᠠᠪᠠᠭᠰᠠᠨ ᠲᠡᠦᠭᠡ ᠵᠢᠨ ᠡᠯᠴᠢᠨ ᠪᠠᠢᠵᠤ᠂ ᠰᠢᠶᠠᠨᠪᠢ ᠵᠢᠨ ᠲᠡᠦᠭᠡ ᠰᠤᠶᠤᠯ᠎ᠢ ᠲᠠᠭᠤᠨ ᠦᠭᠡᠢ ᠦᠭᠦᠯᠡᠵᠤ᠂ ᠰᠢᠶᠠᠨᠪᠢᠴᠤᠳ᠎ᠤᠨ ᠭᠤᠸ᠎ᠠ ᠰᠠᠢᠬᠠᠨ᠎ᠤ ᠦᠵᠡᠯᠳᠡ ᠪᠤᠯᠤᠨ ᠤᠷᠠᠨ ᠨᠠᠷᠢᠨ ᠤᠷᠠᠯᠠᠯ᠎ᠢ ᠠᠮᠢᠳᠤᠯᠢᠭ ᠰᠠᠢᠬᠠᠨ ᠢᠯᠡᠳᠭᠡᠵᠡᠢ᠃ ᠰᠢᠶᠠᠨᠪᠢ ᠵᠢᠨ ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ ᠨᠢ ᠪᠠᠷᠠᠭᠤᠨ ᠯᠢᠶᠤᠤᠾᠸ ᠭᠤᠤᠯ᠎ᠤᠨ ᠰᠠᠪᠠ ᠭᠠᠵᠠᠷ ᠲᠤ᠌ ᠮᠢᠨᠭᠭ᠎ᠠ ᠭᠠᠷᠤᠢ ᠵᠢᠯ ᠨᠤᠢᠷᠰᠤᠭᠠᠳ᠂ ᠮᠠᠯᠳᠠᠵᠤ ᠭᠠᠷᠭᠠᠭᠰᠠᠨ ᠲᠡᠷᠡ ᠭᠱᠠᠨ᠎ᠳᠤ ᠲᠡᠯᠡᠭᠡᠢ᠎ᠳ᠋ᠠᠭᠢᠨ᠎ᠢ ᠰᠤᠴᠢᠭᠠᠨ ᠭᠠᠢᠬᠠᠭᠤᠯᠵᠠᠢ᠃


QQ截图20240904155222.png


ᠰᠢᠶᠠᠨᠪᠢ ᠵᠢᠨ ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ 

ᠦᠨᠳᠦᠷ ᠨᠢ 10 ᠰᠡᠨᠲ᠋ᠢᠮᠸᠲᠷ᠂ ᠦᠷᠭᠡᠨ ᠨᠢ 5.8 ᠰᠡᠨᠲ᠋ᠢᠮᠸᠲᠷ᠂ ᠭᠦᠨᠳᠦ ᠨᠢ 130.8 ᠭᠷᠡᠮ


1990 ᠤᠨ᠎ᠤ 6 ᠰᠠᠷ᠎ᠠ ᠵᠢᠨ ᠨᠢᠭᠡᠨ ᠡᠳᠦᠷ᠂ ᠵᠢᠷᠢᠮ ᠠᠢᠮᠠᠭ (ᠤᠳᠤ ᠵᠢᠨ ᠲᠦᠨᠭᠯᠢᠶᠤᠤ ᠬᠤᠳᠠ) ᠤ᠋ᠨ ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤᠨ᠎ᠤ ᠶᠤᠯᠤᠨᠮᠤᠳᠤ ᠰᠤᠮᠤ ᠵᠢᠨ ᠬᠠᠯᠳᠤᠳ ᠭᠠᠴᠠᠭ᠎ᠠ ᠵᠢᠨ ᠨᠢᠭᠡᠨ ᠮᠠᠯᠴᠢᠨ ᠠᠷᠭᠠᠯ ᠲᠡᠭᠦᠵᠤ ᠶᠠᠪᠤᠭᠠᠳ 3 ᠠᠯᠳᠠᠨ ᠫᠠᠢᠰᠠ ᠵᠠᠰᠠᠯ ᠤᠯᠤᠭᠰᠠᠨ ᠵᠢᠡᠨ ᠵᠢᠷᠢᠮ ᠠᠢᠮᠠᠭ᠎ᠤᠨ ᠮᠦᠽᠸᠢ (ᠤᠳᠤ ᠵᠢᠨ ᠲᠦᠨᠭᠯᠢᠶᠤᠤ ᠬᠤᠳᠠ ᠵᠢᠨ ᠮᠦᠽᠸᠢ)᠎ᠳ᠋ᠤ᠌ ᠲᠤᠰᠢᠶᠠᠭᠰᠠᠨ ᠪᠠᠢᠨ᠎ᠠ᠃ ᠮᠦᠽᠸᠢ ᠡᠴᠡ ᠲᠠᠷᠤᠢᠬᠠᠨ ᠲᠤᠰᠬᠠᠢ ᠭᠦᠮᠦᠨ ᠲᠤᠮᠢᠯᠠᠨ ᠲᠤᠬᠠᠢ ᠵᠢᠨ ᠭᠠᠵᠠᠷ ᠲᠤ᠌ ᠤᠴᠢᠭᠤᠯᠤᠨ ᠪᠠᠢᠴᠠᠭᠠᠯᠭᠠᠭᠠᠳ ᠡᠷᠭᠢᠨ ᠲᠤᠭᠤᠷᠢᠨ ᠎ᠳᠤᠨᠢ ᠭᠡᠳᠦᠨ ᠵᠢᠵᠢᠭ ᠸᠠᠭᠠᠷ᠎ᠤᠨ ᠭᠡᠮᠭᠡᠷᠭᠡᠢ ᠡᠴᠡ ᠦᠭᠡᠷ᠎ᠠ ᠵᠦᠢᠯ ᠤᠯᠳᠠᠭᠰᠠᠨ ᠦᠭᠡᠢ᠃

ᠮᠠᠯᠴᠢᠨ᠎ᠤ ᠲᠤᠰᠢᠶᠠᠭᠰᠠᠨ 3 ᠠᠯᠳᠠᠨ ᠫᠠᠢᠰᠠ ᠵᠠᠰᠠᠯ᠎ᠢ ᠭᠢᠨᠠᠨ ᠲᠤᠭᠳᠠᠭᠠᠯᠳᠠ ᠭᠢᠭᠦ ᠪᠡᠷ ᠲᠠᠮᠵᠢᠨ ᠨᠢᠭᠡ ᠨᠢ ᠠᠷᠢᠶᠠᠳᠠᠨ᠎ᠤ ᠭᠡ ᠲᠠᠢ ᠠᠯᠳᠠᠨ ᠫᠠᠢᠰᠠ ᠵᠠᠰᠠᠯ᠂ ᠨᠦᠭᠦᠭᠡ 2 ᠨᠢ ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ ᠪᠤᠯᠬᠤ ᠵᠢ ᠨᠤᠳᠠᠯᠠᠵᠤ᠂ ᠪᠦᠷ ᠴᠤᠯ ᠠᠯᠳᠠ ᠪᠡᠷ ᠭᠢᠭᠰᠡᠨ ᠰᠢᠶᠠᠨᠪᠢ ᠭᠦᠮᠦᠨ᠎ᠤ ᠡᠳ᠋ᠯᠡᠯ ᠪᠤᠯᠬᠤ ᠵᠢ ᠲᠤᠳᠤᠯᠠᠵᠠᠢ᠃

ᠠᠯᠳᠠᠨ ᠫᠠᠢᠰᠠ ᠵᠠᠰᠠᠯ᠎ᠢ ᠢᠯᠡᠷᠡᠭᠦᠯᠦᠭᠰᠡᠨ ᠲᠤᠰᠬᠤᠨ ᠨᠢ ᠪᠠᠷᠠᠭᠤᠨ ᠯᠢᠶᠤᠤᠾᠸ ᠭᠤᠤᠯ᠎ᠤᠨ ᠰᠠᠪᠠ ᠭᠠᠵᠠᠷ ᠲᠤ᠌ ᠪᠠᠢᠷᠢᠯᠡᠵᠤ᠂ ᠤᠨ ᠲᠤᠭᠠᠯᠠᠯ᠎ᠤᠨ 2 ᠡᠴᠡ 5 ᠎ᠳ᠋ᠤᠭᠠᠷ ᠵᠠᠭᠤᠨ᠎ᠤ ᠦᠶ᠎ᠠ ᠎ᠳᠤ ᠰᠢᠶᠠᠨᠪᠢᠴᠤᠳ᠎ᠤᠨ ᠮᠠᠯ ᠮᠠᠯᠵᠢᠵᠤ ᠠᠩ ᠠᠨᠭᠨᠠᠵᠤ ᠪᠠᠢᠭᠰᠠᠨ ᠭᠠᠵᠠᠷ ᠠᠵᠢ᠃

ᠰᠢᠶᠠᠨᠪᠢ ᠪᠤᠯ ᠤᠮᠠᠷᠠᠳᠤ ᠵᠢᠨ ᠡᠷᠳᠡᠨ ᠪ ᠳ᠋ᠦᠩ ᠬᠤ᠌ ᠦᠨᠳᠦᠰᠦᠳᠡᠨ ᠡᠴᠡ ᠡᠭᠦᠰᠦᠯ ᠲᠠᠢ ᠪᠠᠢᠵᠤ᠂ ᠲᠤᠮᠳᠠᠳᠤ ᠵᠢᠨ ᠲᠡᠦᠭᠡᠨ᠎ᠠ ᠬᠠᠮᠤᠭ᠎ᠤᠨ ᠠᠨᠭᠬ᠎ᠠ ᠵᠦᠨᠭᠶᠤᠸᠠᠨ ᠤᠷᠤᠨ᠎ᠳᠤ ᠰᠠᠭᠤᠷᠢᠰᠢᠵᠤ᠂ ᠤᠮᠠᠷᠠᠳᠤ ᠵᠢᠨ ᠨᠡᠭᠦᠳᠡᠯ ᠠᠢᠮᠠᠭ᠎ᠢ ᠨᠢᠭᠡᠳᠭᠡᠭᠡᠳ᠂ ᠵᠡᠭᠦᠨ ᠵᠢᠨ᠎ᠤ ᠠᠷᠪᠠᠨ ᠵᠢᠷᠭᠤᠭᠠᠨ ᠤᠯᠤᠰ ᠪᠤᠯᠤᠨ ᠡᠮᠦᠨᠡᠳᠦ ᠤᠮᠠᠷᠠᠳᠤ ᠲᠦᠷᠦ ᠵᠢᠨ ᠦᠶᠡᠰ ᠭᠦᠭᠵᠢᠯ ᠵᠢᠡᠨ ᠤᠯᠵᠠᠢ᠃ 4᠎ᠳ᠋ᠤᠭᠡᠷ ᠵᠠᠭᠤᠨ ᠡᠴᠡ ᠨᠠᠭᠠᠰᠢ᠂ ᠰᠢᠶᠠᠨᠪᠢ ᠵᠢᠨ ᠭᠤᠤᠯ ᠠᠵᠢᠯᠯᠠᠭᠠᠨ ᠪ ᠤᠷᠤᠨ ᠨᠢ ᠦᠪᠦᠷ ᠮᠤᠨᠭᠭᠤᠯ ᠪᠠᠢᠵᠤ᠂ ᠰᠢᠶᠠᠨᠪᠢᠴᠤᠳ ᠡᠨᠳᠡ ᠲᠠᠰᠤᠷᠠᠯᠳᠠ ᠦᠭᠡᠢ ᠭᠦᠭᠵᠢᠨ ᠪᠤᠵᠠᠭᠠᠢᠷᠠᠭᠰᠠᠨ ᠪᠠᠢᠨ᠎ᠠ᠃

ᠡᠷᠳᠡᠨ᠎ᠤ ᠭᠦᠮᠦᠰ᠎ᠠᠯᠢᠪᠠ ᠤᠴᠢᠷ᠎ᠢ ᠪᠦᠷ ᠬᠤᠪᠢᠯᠭᠠᠨ ᠰᠠᠭᠢᠭᠤᠯᠰᠤᠨ ᠲᠤᠭᠳᠠᠭᠠᠳᠠᠭ ᠭᠡᠵᠤ ᠦᠵᠡᠳᠡᠭ ᠤᠴᠢᠷ ᠡᠴᠡ ᠲᠠᠳᠡ ᠲᠠᠭᠢᠯᠭ᠎ᠠ ᠵᠢᠨ ᠭᠦᠳᠡᠯᠭᠡᠭᠡᠨ᠎ᠢ ᠶᠠᠪᠤᠭᠳᠠᠭᠤᠯᠬᠤ ᠲᠤᠷᠠᠳᠠᠢ ᠪᠠᠢᠵᠤ᠂ ᠲᠡᠭᠡᠳᠦ ᠲᠡᠭᠷᠢ ᠡᠴᠡ ᠬᠠᠷᠢᠭᠤᠯᠳᠠ ᠭᠦᠰᠡᠳᠡᠭ᠂ ᠰᠢᠶᠠᠨᠪᠢᠴᠤᠳ ᠴᠤ᠌ ᠲᠠᠢᠮᠦ ᠪᠠᠢᠪᠠ᠃ ᠰᠢᠶᠠᠨᠪᠢᠴᠤᠳ᠎ᠤᠨ ᠲᠠᠭᠢᠯᠭ᠎ᠠ ᠵᠢᠨ ᠭᠦᠳᠡᠯᠭᠡᠭᠡᠨ᠎ᠢ ᠡᠷᠭᠢᠯᠡᠨ ᠶᠠᠪᠤᠭᠳᠠᠭᠤᠯᠳᠠᠭ ᠪᠦᠭᠡ ᠪᠤᠯ ᠭᠦᠮᠦᠰ᠎ᠤᠨ ᠰᠡᠳᠭᠢᠯ᠎ᠳ᠋ᠡᠭᠢ ᠬᠤᠪᠢᠯᠭᠠᠨ ᠰᠠᠭᠢᠭᠤᠯᠰᠤᠨ ᠲᠠᠢ ᠬᠠᠷᠢᠯᠴᠠᠳᠠᠭ ᠰᠢᠳᠦᠭᠡᠨ ᠪᠠᠢᠵᠤ᠂ ᠮᠠᠰᠢ ᠦᠨᠳᠦᠷ ᠪᠠᠢᠷᠢ ᠰᠠᠭᠤᠷᠢ ᠲᠠᠢ᠃ ᠡᠢᠮᠦ ᠡᠴᠡ ᠬᠠᠮᠢᠶ᠎ᠠ ᠪᠦᠭᠦᠢ ᠲᠤᠰᠬᠠᠢ ᠮᠡᠷᠭᠡᠵᠢᠯᠳᠡᠨ ᠡᠴᠡ ᠭᠦᠮᠦᠨ ᠪ ᠨᠢᠭᠤᠷᠳᠤ ᠠᠯᠳᠠᠨ ᠫᠠᠢᠰᠠ ᠵᠠᠰᠠᠯ ᠨᠢ ᠲᠠᠭᠢᠯᠭ᠎ᠠ ᠲᠠᠢ ᠬᠠᠮᠢᠶ᠎ᠠ ᠲᠠᠢ ᠭᠡᠵᠤ ᠦᠵᠡᠵᠤ ᠪᠤᠢ᠃


QQ截图20250224163936.png


ᠲᠦᠨᠭᠯᠢᠶᠤᠤ ᠬᠤᠳᠠ ᠵᠢᠨ ᠲᠡᠦᠭᠡ ᠵᠢᠨ ᠲᠤᠷᠠᠰᠬᠠᠯᠳᠤ ᠵᠦᠢᠯᠡᠰ᠎ᠤᠨ ᠮᠦᠽᠸᠢ ᠵᠢᠨ ᠬᠦᠷᠢᠶᠡᠯᠡᠩ᠎ᠤᠨ ᠰᠤᠳᠤᠯᠭᠠᠳᠠᠨ ᠴᠸᠨ ᠶᠦᠩ ᠱᠸᠩ᠎ᠤᠨ ᠲᠠᠨᠢᠯᠴᠠᠭᠤᠯᠤᠭᠰᠠᠨ ᠵᠢᠡᠷ᠄ 《ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ 2 ᠪᠠᠢᠵᠤ᠂ ᠠᠯᠳᠠ ᠵᠢᠨ ᠠᠭᠤᠯᠤᠭᠳᠠᠴᠠ ᠨᠢ ᠪᠦᠷ 95% ᠡᠴᠡ ᠲᠡᠭᠡᠭᠰᠢ ᠪᠠᠢᠳᠠᠭ᠃ ᠡᠢᠮᠦ ᠡᠴᠡ ᠮᠢᠨᠭᠭᠠᠨ ᠵᠢᠯ᠎ᠤᠨ ᠰᠠᠯᠭᠢᠨ ᠪᠤᠷᠤᠭᠠᠨ᠎ᠢ ᠲᠤᠭᠤᠯᠤᠭᠰᠠᠨ ᠴᠤ᠌ ᠰᠢᠵᠢᠷᠳᠤᠨ ᠭᠡᠷᠡᠯᠳᠦᠵᠤ ᠪᠠᠢᠳᠠᠭ ᠠᠵᠢ᠃ ᠰᠢᠶᠠᠨᠪᠢ ᠵᠢᠨ ᠢᠵᠠᠭᠤᠷᠳᠠᠳ ᠤᠷᠠᠨ ᠭᠢᠴᠠ ᠲᠠᠢ ᠠᠯᠳᠠᠨ ᠵᠠᠰᠠᠯ ᠵᠡᠭᠦᠭᠦ ᠲᠤᠷᠠᠳᠠᠢ ᠪᠠᠢᠵᠤ᠂ ᠪᠠᠢᠷᠢ ᠰᠠᠭᠤᠷᠢ ᠪᠠᠨ ᠢᠯᠠᠷᠭᠡᠢᠯᠡᠳᠡᠭ᠃ ᠭᠡᠭᠦ᠎ᠳᠡᠭᠡᠨ ᠤᠯᠠᠨᠭᠭᠢ ᠠᠯᠳᠠᠨ ᠵᠠᠰᠠᠯ ᠨᠢ ᠪᠦᠷ ᠠᠮᠢᠳᠠᠨ ᠪ ᠵᠢᠷᠤᠭ ᠲᠦᠷᠰᠦ ᠲᠠᠢ ᠪᠠᠢᠵᠤ᠂ ᠭᠦᠮᠦᠨ᠎ᠤ ᠨᠢᠭᠤᠷᠳᠤ ᠵᠠᠰᠠᠯ ᠮᠠᠰᠢ ᠴᠦᠭᠡᠨ ᠪᠠᠢᠳᠠᠭ᠃ ᠰᠢᠶᠠᠨᠪᠢ ᠵᠢᠨ ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ᠎ᠤᠨ ᠭᠦᠮᠦᠨ᠎ᠤ ᠨᠢᠭᠤᠷ ᠨᠢ ᠮᠤᠨᠭᠭᠤᠯ ᠭᠦᠮᠦᠨ᠎ᠤ ᠨᠠᠢᠳᠡᠯᠢᠭ ᠤᠨᠴᠠᠯᠢᠭ ᠲᠠᠢ ᠪᠠᠢᠵᠤ᠂ ᠮᠠᠨᠭᠨᠠᠢ ᠵᠢᠨ ᠬᠤᠶᠠᠷ ᠲᠠᠯ᠎ᠠ᠎ᠳᠤᠨᠢ ᠵᠤᠤᠪᠠᠩ ᠴᠠᠭᠠᠷᠢᠭ ᠵᠤᠭᠢᠶᠠᠵᠤ᠂ ᠤᠭᠤᠰᠤᠷᠯᠠᠵᠤ ᠵᠡᠭᠦᠭᠦ᠎ᠳᠤ ᠪᠡᠯᠡᠳᠭᠡᠵᠡᠢ᠃ ᠡᠨᠡ ᠨᠢ ᠪᠠᠰᠠ ᠮᠠᠨᠭᠨᠠᠢ ᠵᠢᠨ ᠬᠠᠵᠠᠭᠤ ᠎ᠳᠤ ᠤᠷᠭᠤᠭᠰᠠᠨ ᠬᠤᠶᠠᠷ ᠨᠢᠳᠤ ᠰᠢᠭ ᠪᠠᠢᠵᠤ᠂ ᠡᠴᠢᠨ᠎ᠠ ᠨᠢᠭᠤᠴᠠᠬᠠᠢ ᠤᠷᠠᠯᠢᠭ᠎ᠤᠨ ᠠᠭᠤᠷ ᠠᠮᠢᠰᠬᠤᠯ᠎ᠢ ᠨᠡᠩ ᠦᠳᠭᠡᠷᠡᠭᠦᠯᠦᠭᠰᠡᠨ ᠪᠠᠢᠨ᠎ᠠ》 ᠭᠡᠵᠡᠢ᠃

ᠨᠠᠷᠢᠨ ᠠᠵᠢᠭᠯᠠᠪᠠᠯ ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ᠎ᠤᠨ ᠭᠡᠵᠢᠭᠡ ᠵᠢ ᠠᠳᠤᠷᠢᠶᠠᠳᠠᠢ ᠰᠠᠢᠬᠠᠨ ᠶᠠᠨᠭᠵᠤᠯᠠᠵᠤ ᠰᠠᠢᠯᠦᠭᠡᠳ᠂ ᠲᠦᠷᠪᠠᠨ ᠤᠭᠤᠰᠤᠷᠯᠠᠬᠤ ᠭᠠᠷᠠᠬ᠎ᠠ ᠵᠤᠭᠢᠶᠠᠵᠤ᠂ ᠠᠷᠠᠰᠤᠨ ᠤᠭᠤᠰᠤᠷ ᠪᠤᠶᠤ ᠠᠯᠳᠠᠨ ᠤᠭᠤᠰᠤᠷ ᠵᠢᠡᠷ ᠤᠭᠤᠰᠤᠷᠯᠠᠵᠤ ᠵᠡᠭᠦᠭᠴᠢ ᠵᠢᠨ ᠡᠷᠭᠢᠮᠰᠦᠭ ᠪᠠᠢᠷᠢ ᠰᠠᠭᠤᠷᠢ ᠵᠢ ᠢᠯᠡᠳᠭᠡᠳᠡᠭ᠃ ᠭᠤᠸ᠎ᠠ ᠰᠠᠢᠬᠠᠨ᠎ᠤ ᠲᠠᠯ᠎ᠠ ᠡᠴᠡ ᠶᠠᠷᠢᠪᠠᠯ ᠠᠳᠤᠷᠢᠶᠠᠳᠠᠢ ᠭᠡᠵᠢᠭᠡ ᠪᠤᠯᠤᠨ ᠤᠭᠤᠰᠤᠷᠯᠠᠬᠤ ᠭᠠᠷᠠᠬ᠎ᠠ ᠨᠢ ᠨᠢᠭᠡ ᠴᠤᠭᠴᠠ ᠪᠠᠢᠵᠤ᠂ ᠦᠢᠯᠡᠳᠦᠯ ᠭᠡᠷᠡᠭᠴᠡᠭᠡ ᠪᠤᠯᠤᠨ ᠭᠤᠸ᠎ᠠ ᠰᠠᠢᠬᠠᠨ ᠎ᠢ ᠨᠢᠭᠡ ᠴᠤᠭᠴᠠᠵᠢᠭᠤᠯᠤᠭᠰᠠᠨ ᠨᠢ ᠰᠢᠶᠠᠨᠪᠢ ᠵᠢᠨ ᠤᠷᠠᠨ ᠲᠠᠷᠬᠠᠨᠴᠤᠳ᠎ᠤᠨ ᠤᠷ᠎ᠠ ᠮᠠᠷᠭᠡᠵᠢᠯ᠎ᠤᠨ ᠭᠢᠷᠢ ᠲᠦᠪᠰᠢᠨ ᠎ᠢ ᠢᠯᠡᠷᠡᠭᠦᠯᠵᠡᠢ᠃

ᠰᠢᠶᠠᠨᠪᠢ ᠵᠢᠨ ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ᠎ᠢ ᠲᠦᠨᠭᠯᠢᠶᠤᠤ ᠡᠴᠡ ᠢᠯᠡᠷᠡᠭᠦᠯᠦᠭᠰᠡᠨ ᠨᠢ ᠰᠢᠶᠠᠨᠪᠢᠴᠤᠳ᠎ᠤᠨ ᠨᠡᠭᠦᠳᠡᠯᠯᠡᠵᠤ ᠠᠮᠢᠳᠤᠷᠠᠭᠰᠠᠨ ᠲᠡᠦᠭᠡᠨ ᠤᠯᠠ ᠮᠦᠷ᠎ᠢ ᠬᠠᠷᠠᠭᠤᠯᠵᠤ᠂ ᠰᠢᠶᠠᠨᠪᠢᠴᠤᠳ ᠪᠠᠷᠠᠭᠤᠨ ᠯᠢᠶᠤᠤᠾᠸ ᠭᠤᠤᠯ᠎ᠤᠨ ᠰᠠᠪᠠ ᠭᠠᠵᠠᠷ ᠵᠢᠡᠷ ᠤᠷᠤᠰᠢᠨ ᠠᠮᠢᠳᠤᠷᠠᠵᠤ ᠪᠠᠢᠭᠰᠠᠨ ᠭᠦᠷᠢᠶ᠎ᠠ ᠭᠡᠪᠴᠢᠶ᠎ᠠ᠂ ᠨᠠᠢᠭᠡᠮ᠎ᠤᠨ ᠪᠦᠳᠦᠴᠡ ᠵᠢᠴᠢ ᠰᠤᠶᠤᠯ᠎ᠤᠨ ᠪᠠᠢᠳᠠᠯ᠎ᠢ ᠰᠤᠳᠤᠯᠬᠤ᠎ᠳᠤ ᠬᠤᠪᠤᠷ ᠨᠠᠨᠳᠢᠨ ᠮᠠᠲᠸᠷᠢᠶᠠᠯ᠎ᠢ ᠬᠠᠨᠭᠭᠠᠭᠰᠨᠨ ᠪᠠᠢᠨ᠎ᠠ᠃


QQ截图20251001104448.png


ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ᠎ᠤᠨ ᠵᠢᠷᠤᠭ ᠲᠦᠷᠰᠤ


◆ 《ᠭᠦᠮᠦᠨ᠎ᠤ ᠨᠢᠭᠤᠷ》᠎ᠤ᠋ᠨ ᠲᠤᠯᠤᠭᠠᠢ ᠵᠢᠨ ᠤᠬᠤᠷ ᠭᠡᠵᠢᠭᠡ ᠵᠢ ᠠᠳᠤᠷᠢᠶᠠᠳᠠᠢ ᠰᠠᠢᠬᠠᠨ ᠶᠠᠨᠭᠵᠤᠯᠠᠵᠤ᠂ 4 ᠤᠭᠤᠰᠤᠷᠯᠠᠵᠤ ᠪᠤᠯᠬᠤ ᠴᠠᠭᠠᠷᠢᠭ ᠭᠢᠵᠤ᠂ ᠵᠡᠭᠦᠭᠴᠢ ᠵᠢᠨ ᠪᠠᠶ᠎ᠠ ᠵᠢᠨ ᠭᠠᠷᠤᠯ᠂ ᠪᠠᠢᠷᠢ ᠰᠠᠭᠤᠷᠢ ᠵᠢ ᠨᠢ ᠢᠯᠡᠷᠡᠭᠦᠯᠳᠡᠭ 

◆ 《ᠭᠦᠮᠦᠨ᠎ᠤ ᠨᠢᠭᠤᠷ》 ᠎ᠤ᠋ᠨ ᠮᠠᠨᠭᠨᠠᠢ ᠵᠢᠨ ᠬᠤᠶᠠᠷ ᠲᠠᠯ᠎ᠠ᠎ᠳᠤᠨᠢ ᠪᠠᠰᠠ ᠬᠤᠶᠠᠷ ᠵᠤᠤᠪᠠᠩ ᠭᠡᠯᠪᠠᠷᠢᠳᠤ ᠴᠠᠭᠠᠷᠢᠭ ᠲᠠᠪᠳᠠᠵᠤ᠂ ᠡᠭᠡᠭᠡ ᠯᠡ ᠬᠤᠤᠰ ᠨᠢᠳᠤ ᠰᠢᠭ ᠪᠠᠢᠵᠤ᠂ ᠭᠦᠮᠦᠨ ᠪ ᠨᠢᠭᠤᠷᠳᠤ ᠠᠯᠳᠠᠨ ᠫᠠᠢᠰᠠ ᠵᠠᠰᠠᠯ᠎ᠤᠨ ᠡᠴᠢᠨ᠎ᠠ ᠨᠢᠭᠤᠴᠠᠬᠠᠢ ᠴᠢᠨᠠᠷ᠎ᠢ ᠨᠡᠮᠡᠭᠳᠡᠭᠦᠯᠵᠡᠢ

◆ ᠰᠢᠶᠠᠨᠪᠢ ᠵᠢᠨ ᠭᠦᠮᠦᠨ᠎ᠤ ᠨᠢᠭᠤᠷᠳᠤ ᠠᠯᠳᠠᠨ ᠫᠠᠢᠰᠠ ᠵᠠᠰᠠᠯ᠎ᠤᠨ 《ᠭᠦᠮᠦᠨ ᠎ᠤ ᠨᠢᠭᠤᠷ》 ᠨᠢ ᠮᠤᠨᠭᠭᠤᠯ ᠭᠦᠮᠦᠨ ᠎ᠤ ᠨᠠᠢᠳᠡᠯᠢᠭ ᠵᠢᠰᠦ ᠵᠢ ᠬᠠᠳᠠᠭᠠᠯᠠᠵᠠᠢ᠄ ᠲᠦᠭᠦᠷᠢᠭ ᠲᠦᠭᠦᠷᠡᠩ ᠴᠢᠷᠠᠢ᠂ ᠦᠷᠭᠡᠨ ᠮᠠᠨᠭᠨᠠᠢ᠂ ᠦᠨᠳᠦᠷ ᠦᠨᠳᠡᠭᠡᠨ ᠬᠠᠴᠠᠷ᠂ ᠪᠤᠰᠤᠭ᠎ᠠ ᠬᠠᠮᠠᠷ ᠵᠡᠷᠭᠡ ᠪᠤᠯᠤᠨ᠎ᠠ᠃ ᠡᠨᠡ ᠨᠢ ᠰᠢᠶᠠᠨᠪᠢᠴᠤᠳ᠎ᠤᠨ ᠦᠪᠡᠷ᠎ᠤᠨ ᠲᠦᠷᠢ ᠲᠦᠷᠭᠦ ᠵᠢᠨ ᠲᠤᠬᠠᠢ ᠤᠷᠠᠯᠢᠭ᠎ᠤᠨ ᠢᠯᠡᠷᠡᠭᠦᠯᠦᠯ ᠪᠠᠢᠵᠤ᠂ ᠪᠠᠰᠠ ᠨᠢᠭᠡᠨ ᠲᠠᠯ᠎ᠠ ᠡᠴᠡ ᠰᠢᠶᠠᠨᠪᠢᠴᠤᠳ᠎ᠤᠨ ᠦᠨᠭᠭᠡ ᠵᠢᠰᠦᠨ᠎ᠤ ᠤᠨᠴᠠᠯᠢᠭ᠎ᠢ ᠬᠠᠷᠠᠭᠤᠯᠵᠤ᠂ ᠲᠠᠳᠠᠨᠠᠷ ᠦᠪᠡᠷ᠎ᠤᠨ ᠲᠦᠷᠢ ᠲᠦᠷᠭᠦ ᠪᠠᠨ ᠮᠠᠰᠢ ᠠᠨᠭᠬᠠᠷᠳᠠᠭ ᠭᠡᠭᠴᠢ ᠵᠢ ᠬᠠᠷᠠᠭᠤᠯᠤᠨ᠎ᠠ


QQ截图20251001113555.png


ᠡᠭᠦᠯᠡᠨ ᠤᠭᠠᠯᠵᠠᠳᠤ ᠤᠷᠠᠯᠠᠯ

ᠫᠠᠢᠰᠠ ᠵᠠᠰᠠᠯ᠎ᠤᠨ ᠲᠦᠷᠪᠡᠨ ᠲᠠᠯ᠎ᠠ ᠪᠡᠷ ᠨᠢ ᠦᠯᠵᠡᠢᠳᠤ ᠡᠭᠦᠯᠡ ᠤᠷᠢᠶᠠᠯᠳᠤᠵᠤ᠂ ᠡᠷᠭᠡ ᠲᠡᠷᠬᠠᠨ ᠠᠮᠢᠳᠤᠯᠢᠭ ᠠᠭᠤᠷ ᠠᠮᠢᠰᠬᠤᠯ᠎ᠢ ᠪᠤᠢ ᠪᠤᠯᠭᠠᠵᠠᠢ


QQ截图20250224163936.png


ᠲᠡᠷᠢᠭᠦᠯᠡᠭᠴᠢ ᠴᠡᠴᠡᠭ᠎ᠤᠨ ᠵᠢᠷᠤᠭ ᠲᠦᠷᠰᠦ

《ᠭᠦᠮᠦᠨ᠎ᠤ ᠨᠢᠭᠤᠷ》 ᠎ᠤ᠋ᠨ ᠲᠤᠤᠷ᠎ᠠ ᠲᠠᠯ᠎ᠠ᠎ᠳᠤ᠂ 6 ᠬᠠᠳᠠᠭᠠᠰᠤ ᠲᠡᠭᠰᠢ ᠭᠡᠮ ᠲᠠᠢ ᠪᠠᠢᠷᠢᠯᠠᠵᠤ᠂ ᠲᠡᠷᠢᠭᠦᠯᠡᠭᠴᠢ ᠴᠡᠴᠡᠭ᠎ᠤᠨ ᠭᠡᠯᠪᠠᠷᠢ ᠵᠢ ᠪᠦᠷᠢᠯᠳᠦᠭᠦᠯᠵᠡᠢ᠃ ᠲᠡᠷᠢᠭᠦᠯᠡᠭᠴᠢ ᠴᠡᠴᠡᠭ᠎ᠤᠨ ᠭᠡᠯᠪᠠᠷᠢ ᠨᠢ ᠵᠦᠨᠭᠶᠤᠸᠠᠨ ᠤᠷᠤᠨ ᠎ᠤ ᠰᠤᠶᠤᠯ᠎ᠤᠨ ᠨᠦᠯᠦᠭᠡ ᠵᠢ ᠭᠦᠷᠳᠡᠭᠰᠡᠨ ᠡᠴᠡ ᠪᠤᠯᠵᠤ᠂ ᠨᠡᠭᠦᠳᠡᠯ ᠰᠤᠶᠤᠯ ᠪᠤᠯᠤᠨ ᠲᠠᠷᠢᠶᠠᠯᠠᠬᠤ ᠰᠤᠶᠤᠯ᠎ᠤᠨ ᠤᠶᠠᠯᠳᠤᠨ ᠠᠭᠤᠰᠤᠯᠴᠠᠭᠰᠠᠨ ᠎ᠤ ᠢᠯᠡᠷᠡᠯ ᠪᠤᠯᠵᠠᠢ

(ᠲᠤᠰ ᠨᠢᠭᠤᠷ᠎ᠤᠨ ᠭᠡᠷᠡᠯ  ᠵᠢᠷᠤᠭ᠎ᠢ ᠲᠦᠨᠭᠯᠢᠶᠤᠤ ᠬᠤᠳᠠ ᠵᠢᠨ ᠲᠡᠦᠭᠡ ᠵᠢᠨ ᠲᠤᠷᠠᠰᠬᠠᠯᠳᠤ ᠵᠦᠢᠯᠡᠰ᠎ᠤᠨ ᠮᠦᠽᠸᠢ ᠵᠢᠨ ᠬᠦᠷᠢᠶᠡᠯᠡᠩ ᠡᠴᠡ ᠬᠠᠨᠭᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号