ᠡᠪᠦᠯᠤᠨ ᠨᠢᠭᠡᠨ ᠦᠷᠯᠦᠭᠡ ᠠᠨᠵᠢᠯ ᠡᠷᠳᠡᠬᠡᠨ ᠭᠡᠭᠴᠢ ᠰᠤᠷᠭᠠᠭᠤᠯᠢ ᠳ᠋ᠤ ᠪᠠᠨ ᠬᠦᠷᠴᠦ ᠵᠢᠵᠢᠭᠦᠷᠢᠶᠡᠨ ᠬᠢᠪᠡ᠃ ᠨᠠᠢᠵᠠ ᠨᠦᠬᠦᠳ ᠨᠢ ᠪᠦᠷ ᠢᠷᠡᠭᠡ ᠦᠭᠡᠢ ᠪᠤᠯᠬᠤᠷ ᠨᠠᠮ ᠵᠢᠮ ᠪᠠᠢᠯ᠎ᠠ᠃ ᠡᠨᠡ ᠪᠤᠯ ᠲᠡᠭᠦᠨᠤ ᠤᠯᠠᠨ ᠵᠢᠯᠢᠶᠡᠷ ᠪᠠᠷᠢᠮᠳᠠᠯᠠᠬᠰᠠᠭᠠᠷ ᠢᠷᠡᠭᠰᠡᠨ ᠵᠠᠩᠰᠢᠯ ᠶᠤᠮ᠃ ᠠᠨᠵᠢᠯ ᠤᠳᠤ ᠲᠦᠩᠯᠢᠶᠤᠤ ᠬᠤᠲᠠ ᠵᠢᠨ ᠮᠤᠩᠭᠤᠯ ᠦᠨᠳᠦᠰᠦᠲᠠᠨᠤ ᠰᠤᠷᠭᠠᠭᠤᠯᠢ ᠵᠢᠨ ᠠᠩᠬ᠎ᠠ ᠵᠡᠷᠭᠡ ᠵᠢᠨ ᠬᠤᠶᠠᠳᠤᠭᠠᠷ ᠤᠨᠤ ᠰᠤᠷᠤᠭᠴᠢ ᠪᠤᠯᠵᠠᠢ᠃ ᠲᠡᠷᠡ ᠪᠡᠷ ᠪᠠᠭ᠎ᠠ ᠰᠤᠷᠭᠠᠭᠤᠯᠢ ᠳ᠋ᠤ ᠪᠠᠢᠬᠤ ᠡᠴᠡ ᠪᠠᠨ ᠰᠤᠷᠤᠯᠭ᠎ᠠ ᠮᠤᠷᠠᠯ ᠬᠤᠤᠰᠯᠠᠵᠤ᠂ ᠪᠤᠰᠤᠳᠢ ᠬᠠᠪᠰᠤᠷᠬᠤ ᠪᠡᠷ ᠵᠢᠷᠭᠠᠯ ᠵᠢᠡᠨ ᠪᠤᠯᠭᠠᠳᠠᠭ ᠬᠠᠯᠠᠭᠤᠨ ᠰᠡᠳᠬᠢᠯᠳᠤ ᠪᠠᠭᠠᠴᠤᠳᠤᠨ ᠬᠤᠰᠢᠭᠤᠴᠢ ᠠᠩᠬᠢ ᠵᠢᠨ ᠬᠡᠰᠢᠬᠦᠨ ᠶᠤᠮ᠃

— ᠮᠠᠨᠤ ᠤᠯᠤᠰᠤᠨ ᠪᠠᠭᠠᠴᠤᠳᠤᠨ ᠬᠤᠰᠢᠭᠤᠴᠢ ᠠᠩᠬᠢ ᠵᠢᠨ ᠬᠠᠮᠢᠶ᠎ᠠ ᠪᠦᠬᠦᠢ ᠲᠦᠷᠢᠮ ᠲᠤᠭᠳᠠᠭᠠᠯ ᠳ᠋ᠤ᠂ ᠪᠦᠬᠦᠯᠢ 6 ᠨᠠᠰᠤ ᠡᠴᠡ 14 ᠨᠠᠰᠤ ᠬᠦᠷᠳᠡᠯᠡᠬᠢ ᠬᠡᠦᠬᠡᠳ ᠪᠠᠭᠠᠴᠤᠳ ᠪᠤᠯ ᠪᠦᠷ ᠬᠤᠰᠢᠭᠤᠴᠢ ᠠᠩᠬᠢ ᠵᠢᠨ ᠬᠡᠰᠢᠬᠦᠨᠳᠤ ᠲᠤᠭᠠᠴᠠᠭᠳᠠᠨ᠎ᠠ᠃ ᠡᠢᠮᠦ ᠡᠴᠡ ᠠᠨᠵᠢᠯ ᠤᠳᠤ ᠪᠤᠯᠳᠠᠯ᠎ᠠ ᠪᠠᠰᠠ ᠮᠠᠨᠤ ᠶᠡᠭᠡ ᠠᠩᠬᠢ ᠵᠢᠨ ᠶᠡᠭᠡ ᠪᠠᠭ᠎ᠠ ᠠᠵᠢᠯᠯᠠᠭ᠎ᠠ ᠳ᠋ᠤ ᠪᠦᠷ ᠢᠳᠡᠪᠬᠢᠲᠠᠢ ᠤᠷᠤᠯᠴᠠᠳᠠᠭᠢᠶᠡᠷ ᠪᠠᠷᠠᠬᠤ ᠦᠭᠡᠢ᠂ ᠨᠠᠩᠴᠤ ᠲᠠᠭᠠᠭᠤᠯᠬᠤ ᠦᠢᠯᠡᠳᠦᠯ ᠦᠵᠡᠬᠦᠯᠵᠦ ᠪᠤᠢ᠃ ᠭᠤᠤᠯ ᠰᠡᠳᠦᠪᠳᠤ ᠠᠩᠬᠢ ᠵᠢᠨ ᠬᠤᠷᠠᠯ᠂ ᠶᠠᠷᠢᠶᠠᠨᠤ ᠤᠷᠤᠯᠳᠤᠭᠠᠨ ᠁ ᠠᠵᠢᠯᠯᠠᠭ᠎ᠠ ᠪᠦᠬᠦᠨᠢ ᠲᠡᠷᠡ ᠪᠦᠷ ᠰᠠᠢᠬᠠᠨ ᠵᠤᠬᠢᠴᠠᠭᠤᠯᠵᠦ᠂ ᠪᠠᠭᠰᠢ ᠨᠠᠷᠢᠶᠡᠨ ᠬᠠᠮᠵᠢᠵᠦ ᠮᠠᠰᠢ ᠰᠠᠢᠨ ᠪᠡᠶᠡᠯᠡᠬᠦᠯᠳᠡᠭ ᠬᠡᠵᠦ ᠲᠤᠰ ᠰᠤᠷᠭᠠᠭᠤᠯᠢ ᠵᠢᠨ ᠶᠡᠭᠡ ᠠᠩᠬᠢ ᠵᠢᠨ ᠬᠠᠪᠰᠤᠷᠤᠨ ᠵᠢᠯᠤᠭᠤᠳᠤᠭᠴᠢ ᠯᠢᠩᠬᠤ᠎ᠠ ᠪᠠᠭᠰᠢ ᠶᠠᠷᠢᠵᠦ ᠭᠠᠷᠤᠯ᠎ᠠ᠃
ᠠᠨᠵᠢᠯ ᠬᠡᠷᠡᠭ ᠪᠤᠳᠠᠰᠢ ᠠᠵᠢᠵᠦ ᠰᠢᠨᠵᠢᠬᠦ ᠳ᠋ᠤ ᠪᠠᠨ ᠮᠠᠰᠢ ᠬᠢᠷᠠᠬᠠᠢ ᠪᠦᠭᠡᠳ ᠶᠡᠬᠡ ᠤᠷᠤᠯᠳᠤᠯᠭ᠎ᠠ ᠲᠠᠢ ᠪᠠᠢᠳᠠᠭ᠃ ᠨᠢᠭᠡ ᠤᠳᠠᠭ᠎ᠠ ᠲᠡᠷᠡ ᠠᠮᠠᠷᠠᠯᠳᠠ ᠪᠠᠷ ᠬᠦᠳᠡᠭᠡ ᠤᠴᠢᠭᠠᠳ ᠠᠨᠢᠶ᠎ᠠ ᠵᠢᠨᠢᠶᠡᠨ ᠠᠭᠠᠬᠢᠮ᠎ᠠ ᠬᠠᠯᠠᠭᠤᠨ ᠨᠠᠷᠠᠨᠳᠤ ᠬᠦᠯᠦᠰᠦ ᠤᠷᠤᠰᠬᠠᠨ ᠠᠵᠢᠯᠯᠠᠵᠤ ᠪᠠᠢᠭ᠎ᠠ ᠵᠢ ᠦᠵᠡᠭᠡᠳ ᠮᠠᠰᠢ ᠦᠷᠦᠪᠳᠦᠪᠡ᠃ ᠲᠡᠷᠡᠬᠡᠨ ᠵᠠᠭᠤᠷ᠎ᠠ ᠲᠡᠷᠡ ᠪᠡᠷ ᠠᠨᠢᠶᠠᠶᠢᠨᠢᠶᠡᠨ ᠮᠠᠯᠠᠭᠠᠢ ᠵᠢ ᠬᠦᠷᠢᠨᠤ ᠭᠠᠳᠠᠨᠠᠬᠢ ᠲᠤᠶᠠᠭ᠎ᠠ᠂ ᠰᠠᠯᠬᠢ ᠰᠢᠭᠤᠷᠭ᠎ᠠ ᠵᠢ ᠤᠯᠠᠮ ᠰᠠᠢᠨ ᠬᠠᠯᠬᠠᠯᠠᠵᠦ ᠲᠡᠢᠯᠬᠦ ᠪᠡᠷ ᠦᠭᠡᠷᠡᠴᠢᠯᠡᠵᠦ ᠦᠭᠬᠦ ᠵᠢ ᠪᠤᠳᠤᠵᠤ ᠠᠮᠵᠢᠪᠠ᠃ ᠲᠡᠭᠡᠭᠡᠳ ᠲᠡᠷᠡ 2 ᠰᠠᠷ᠎ᠠ ᠭᠠᠷᠤᠢ ᠤᠷᠤᠯᠳᠤᠵᠤ᠂ ᠤᠯᠠᠨ ᠲᠤᠷᠰᠢᠯᠳᠠ ᠬᠢᠬᠦ ᠪᠠᠷ ᠲᠡᠮᠵᠢᠨ ᠡᠴᠦᠰᠲᠤ ᠪᠠᠨ ᠤᠯᠠᠨ ᠴᠢᠳᠡᠪᠬᠢᠳᠤ ᠮᠠᠯᠠᠭᠠᠢ ᠵᠤᠬᠢᠶᠠᠨ ᠭᠠᠷᠭᠠᠵᠠᠢ᠃
— ᠲᠡᠷᠡ ᠮᠠᠯᠠᠭᠠᠢ ᠵᠢ ᠵᠤᠬᠢᠶᠠᠬᠤ ᠳ᠋ᠤ ᠪᠢ ᠮᠠᠰᠢ ᠤᠯᠠᠨ ᠲᠤᠷᠰᠢᠯᠳᠠᠶᠢᠨ ᠮᠠᠲ᠋ᠸᠷᠢᠶᠠᠯ ᠴᠤᠬᠯᠠᠭᠤᠯᠵᠤ᠂ ᠤᠯᠠᠨ ᠲᠤᠷᠰᠢᠯᠳᠠ ᠬᠢᠵᠡᠢ᠃ ᠡᠨᠡ ᠶᠠᠪᠤᠴᠠ ᠳ᠋ᠤ ᠪᠢ ᠠᠳᠠᠯᠢ ᠪᠤᠰᠤ ᠮᠠᠲ᠋ᠸᠷᠢᠶᠠᠯᠤᠨ ᠦᠢᠯᠡᠳᠦᠯ ᠬᠡᠷᠡᠭᠴᠡᠭᠡ᠂ ᠤᠨᠴᠠᠯᠢᠭ ᠰᠢᠨᠵᠢ ᠵᠢ ᠤᠢᠯᠠᠭᠠᠵᠤ᠂ ᠪᠠᠶᠠᠷᠯᠠᠬᠤ ᠳ᠋ᠤ ᠪᠠᠨ ᠪᠠᠶᠠᠷᠯᠠᠵᠤ᠂ ᠪᠠᠴᠢᠮᠳᠠᠬᠤ ᠳ᠋ᠤ ᠪᠠᠨ ᠪᠠᠴᠢᠮᠳᠠᠵᠤ ᠪᠠᠢᠬᠰᠠᠨ᠃ ᠭᠡᠪᠡᠴᠦ ᠬᠠᠯᠠᠰᠢᠷᠠᠯ ᠦᠭᠡᠢ ᠤᠷᠤᠯᠳᠤᠭᠰᠠᠭᠠᠷ ᠪᠠᠢᠵᠤ ᠡᠴᠦᠰ ᠲᠸ᠋ ᠪᠠᠨ ᠰᠠᠨᠠᠭᠠᠨ ᠳ᠋ᠤ ᠪᠠᠨ ᠬᠦᠷᠦᠯ᠎ᠡ ᠬᠡᠵᠦ ᠠᠨᠵᠢᠯ ᠬᠡᠯᠡᠨ᠎ᠡ᠃
ᠠᠨᠵᠢᠯᠤᠨ ᠡᠬᠦᠳᠦᠭᠰᠡᠨ ᠡᠨᠡᠬᠦ ᠤᠯᠠᠨ ᠴᠢᠳᠠᠪᠬᠢᠳᠤ ᠮᠠᠯᠠᠭᠠᠢ ᠨᠢ ᠠᠷᠪᠠᠨ ᠲᠠᠪᠤᠳᠤᠭᠠᠷ ᠬᠤᠭᠤᠴᠠᠭᠠᠨᠤ ᠰᠦᠩ ᠴᠢᠩ ᠯᠢᠩ ᠪᠠᠭᠠᠴᠤᠳ ᠬᠡᠦᠬᠡᠳᠤᠨ ᠰᠢᠨ᠎ᠠ ᠡᠬᠦᠳᠦᠯᠲᠠ ᠵᠢᠨ ᠱᠠᠩᠨᠠᠯᠢ ᠬᠦᠷᠳᠡᠵᠠᠢ᠃ ᠡᠬᠦᠨ ᠡᠴᠡ ᠭᠠᠳᠠᠨ᠎ᠠ ᠲᠡᠷᠡ ᠪᠠᠰᠠ ᠤᠷᠢᠳ ᠬᠤᠵᠢᠳ ᠰᠤᠷᠭᠠᠭᠤᠯᠢ ᠵᠢᠨ ᠲᠡᠰᠤᠨ ᠰᠢᠯᠢᠳᠡᠭ ᠲᠡᠬᠦᠰᠬᠦ ᠰᠤᠷᠤᠭᠴᠢ(ᠪᠠᠭ᠎ᠠ ᠰᠤᠷᠭᠠᠭᠤᠯᠢ )᠂ ᠰᠢᠯᠢᠳᠡᠭ ᠠᠩᠬᠢ ᠵᠢᠨ ᠺᠠᠳ᠋ᠷ(ᠪᠠᠭ᠎ᠠ ᠰᠤᠷᠭᠠᠭᠤᠯᠢ )᠂ 2024 ᠤᠨᠤ ᠲᠦᠩᠯᠢᠶᠤᠤ ᠬᠤᠲᠠ ᠵᠢᠨ《ᠰᠢᠨ᠎ᠠ ᠴᠠᠭ ᠦᠶ᠎ᠠ ᠵᠢᠨ ᠰᠤᠳᠤᠨ ᠪᠠᠭᠠᠴᠤᠳ》᠂ ᠦᠪᠦᠷ ᠮᠤᠩᠭᠤᠯᠤᠨ ᠦᠪᠡᠷᠳᠡᠭᠡᠨ ᠵᠠᠰᠠᠬᠤ ᠤᠷᠤᠨᠤ《ᠤᠯᠠᠭᠠᠨ ᠪᠦᠴᠠᠳᠠᠨᠤ ᠬᠦᠬᠢᠬᠦᠯᠦᠯᠤᠨ ᠲᠡᠮᠳᠡᠭ》 ᠤ᠋ᠨ ᠲᠦᠷᠪᠠᠨ ᠤᠳᠤᠳᠤ ᠲᠡᠮᠳᠡᠭ ᠵᠡᠷᠭᠡ ᠱᠠᠩᠨᠠᠯᠢ ᠲᠤᠰᠴᠤ᠂ ᠠᠬᠠᠰ ᠵᠠᠬᠠᠰ ᠠᠴᠢᠳᠤ ᠪᠠᠭᠰᠢ ᠨᠠᠷ ᠵᠢᠡᠨ ᠪᠠᠶᠠᠷᠯᠠᠭᠤᠯᠵᠦ᠂ ᠠᠨᠲᠠ ᠨᠦᠬᠦᠳᠤᠨ ᠵᠢᠡᠨ ᠲᠠᠭᠤᠷᠢᠶᠠᠯ ᠪᠤᠯᠵᠦ ᠶᠠᠪᠤᠨ᠎ᠠ᠃
ᠲᠦᠷᠦᠬᠦᠭᠡᠨ᠂ 2025 ᠤᠨᠤ ᠬᠤᠶᠠᠳᠤᠭᠠᠷ ᠤᠯᠠᠷᠢᠯᠤᠨ《ᠦᠪᠦᠷ ᠮᠤᠨᠭᠭᠤᠯᠤᠨ ᠰᠠᠢᠨ ᠬᠦᠮᠦᠨᠤ ᠨᠡᠷᠡᠰᠤᠨ ᠵᠢᠬᠰᠠᠭᠠᠯᠲᠠ》ᠵᠢᠴᠢ《ᠰᠢᠨ᠎ᠡ ᠴᠠᠭ ᠦᠶ᠎ᠡ ᠵᠢᠨ ᠰᠤᠳᠤᠨ ᠪᠠᠭᠠᠴᠤᠳ》ᠢ᠋ ᠨᠡᠢᠲᠡᠯᠡᠬᠦ ᠶᠤᠰᠤᠯᠠᠯ ᠰᠢᠯᠢ ᠵᠢᠨ ᠭᠤᠤᠯ ᠠᠢᠮᠠᠭᠤᠨ ᠰᠦᠨᠢᠳ ᠵᠡᠬᠦᠨ ᠬᠤᠰᠢᠭᠤᠨᠳᠤ ᠶᠠᠪᠤᠬᠳᠠᠵᠤ᠂ ᠳᠦᠷᠪᠡᠳ ᠬᠤᠰᠢᠭᠤᠨᠤ ᠮᠤᠨᠭᠭᠤᠯ ᠦᠨᠳᠦᠰᠦᠲᠡᠨᠤ ᠪᠠᠭ᠎ᠠ ᠰᠤᠷᠭᠠᠭᠤᠯᠢ ᠵᠢᠨ ᠰᠤᠳᠤᠠᠤᠬᠠᠭᠠᠨ《ᠰᠢᠨ᠎ᠡ ᠴᠠᠭ ᠦᠶ᠎ᠡ ᠵᠢᠨ ᠰᠤᠳᠤᠨ ᠪᠠᠭᠠᠴᠤᠳ》ᠵᠢᠨᠷ ᠦᠨᠡᠯᠡᠭᠳᠡᠪᠡ᠃
— ᠪᠢ ᠦᠪᠦᠷ ᠮᠤᠨᠭᠭᠤᠯᠤᠨ ᠦᠪᠡᠷᠲᠡᠭᠡᠨ ᠵᠠᠰᠠᠬᠤ ᠤᠷᠤᠨᠤ 《ᠰᠢᠨ᠎ᠡ ᠴᠠᠭ ᠦᠶ᠎ᠡ ᠵᠢᠨ ᠰᠤᠳᠤᠨ ᠪᠠᠭᠠᠴᠤᠳ》ᠵᠢᠨᠷ ᠰᠤᠨᠭᠭᠤᠬᠳᠠᠭᠰᠠᠨᠳᠤ ᠪᠠᠨ ᠪᠠᠶᠠᠷᠳᠠᠢ ᠪᠠᠢᠨ᠎ᠠ᠃ ᠡᠬᠦᠨ ᠡᠴᠡ ᠬᠤᠢᠰᠢ ᠤᠯᠠᠮ ᠴᠢᠷᠮᠠᠢᠨ ᠰᠤᠷᠤᠯᠴᠠᠵᠤ᠂ ᠨᠡᠷ᠎ᠡ ᠨᠢᠳᠡᠷ ᠲᠸ᠋ ᠪᠠᠨ ᠨᠡᠢᠴᠡᠭᠰᠡᠨ ᠰᠤᠳᠤᠨ ᠪᠠᠭᠠᠴᠤᠳ ᠪᠤᠯᠤᠨ᠎ᠠ ᠭᠡᠵᠤ ᠰᠤᠳᠤᠠᠤᠬᠠᠭᠠᠨ ᠳᠠᠷᠤᠤᠬᠠᠨ ᠶᠠᠷᠢᠨ᠎ᠠ᠃
— ᠰᠤᠳᠤᠠᠤᠬᠠᠭᠠᠨ ᠶᠡᠷᠦ ᠨᠢ ᠨᠠᠰᠤ ᠬᠤᠷᠠᠭ ᠨᠠᠢᠵᠠ ᠨᠦᠬᠦᠳ ᠡᠴᠡ ᠪᠠᠨ ᠳᠠᠷᠤᠤ ᠬᠢᠴᠢᠶᠡᠨᠭᠬᠦᠢ᠂ ᠯᠠᠪᠳᠠᠭᠤᠨ ᠬᠢᠨᠠᠮᠠᠭᠠᠢ ᠪᠠᠢᠳᠠᠭ᠃ ᠲᠡᠷᠡ ᠵᠠᠪ ᠴᠢᠯᠦᠭᠡ ᠪᠠᠨ ᠠᠰᠢᠭᠯᠠᠨ ᠶᠠᠭ ᠯᠠ ᠪᠢᠴᠢᠬᠠᠨ ᠪᠠᠬᠰᠢ ᠭᠡᠮᠡᠷ ᠬᠠᠮᠳᠤ ᠨᠦᠬᠦᠳᠤᠨᠢᠶᠡᠨ ᠤᠨᠴᠠᠯᠢᠭᠢ ᠦᠨᠳᠦᠰᠦᠯᠡᠨ᠂ ᠠᠩᠬᠢ ᠨᠡᠢᠳᠡᠶᠢᠨ ᠡᠯ᠎ᠡ ᠵᠦᠢᠯᠤᠨ ᠠᠵᠢᠯᠯᠠᠭ᠎ᠠ ᠵᠢ ᠰᠠᠢᠳᠤᠷ ᠲᠤᠬᠢᠷᠠᠭᠤᠯᠵᠤ ᠴᠢᠳᠠᠳᠠᠭ ᠭᠡᠵᠤ ᠠᠨᠭᠬᠢ ᠵᠢᠨ ᠡᠷᠬᠢᠯᠡᠭᠴᠢ ᠨᠢ ᠱ᠌ᠢᠷᠦ ᠪᠠᠬᠰᠢ ᠰᠤᠷᠤᠬᠴᠢ ᠪᠡᠷ ᠵᠢᠨᠨ ᠤᠮᠤᠬᠰᠢᠨᠠ᠃
ᠨᠢᠭᠡ ᠵᠢ ᠵᠢᠭᠠᠪᠠᠯ ᠭᠤᠷᠪᠠ ᠵᠢ ᠰᠤᠷᠤᠨ᠎ᠠ ᠭᠡᠳᠡᠭ ᠪᠢᠴᠢᠬᠠᠨ ᠰᠤᠳᠤᠠᠤᠬᠠᠭᠠᠨᠢ ᠬᠡᠯᠡᠭᠰᠡᠨ ᠪᠠᠢᠵᠤ ᠮᠡᠳᠡᠨ᠎ᠡ᠃ ᠨᠢᠭᠡᠳᠦᠭᠡᠷ ᠤᠨᠤ ᠨᠢᠭᠡᠨ ᠤᠳᠠᠭᠠᠨᠤ ᠠᠩᠬᠢ ᠨᠡᠢᠳᠡᠶᠢᠨ ᠴᠡᠪᠡᠷᠯᠡᠭᠡ ᠳ᠋ᠤ ᠪᠠᠬᠰᠢ ᠨᠢ ᠪᠢᠴᠢᠭᠤᠨ ᠬᠤᠷᠭᠤ ᠪᠠᠨ ᠴᠡᠪᠡᠷᠯᠡᠵᠦ ᠲᠡᠭᠰᠢᠯᠡᠭᠡᠷᠡᠢ ᠭᠡᠵᠤ ᠨᠢᠭᠡ ᠯᠡ ᠤᠳᠠᠭ᠎ᠠ ᠬᠡᠯᠡᠭᠰᠡᠨ ᠡᠴᠡ ᠬᠤᠢᠰᠢ ᠲᠡᠭᠦᠨᠤ ᠰᠢᠷᠡᠭᠡ ᠰᠠᠨᠳᠠᠯᠢ᠂ ᠨᠤᠮ ᠲᠡᠪᠳᠡᠷ ᠬᠡᠵᠢᠶᠡᠳᠡ ᠲᠡᠷᠢ ᠲᠡᠭᠰᠢ ᠪᠤᠯᠤᠬᠰᠠᠨ ᠪᠠᠢᠯ᠎ᠠ᠃
ᠰᠤᠳᠤᠠᠤᠬᠠᠭᠠᠨ ᠶᠠᠷᠢᠶ᠎ᠠ ᠢᠯᠡᠳᠭᠡᠯ᠂ ᠤᠷᠠᠨ ᠤᠨᠭᠰᠢᠯᠭ᠎ᠠ᠂ ᠳᠠᠭᠤᠤ ᠬᠦᠭᠵᠢᠮ᠂ ᠪᠡᠶ᠎ᠡ ᠵᠢᠨ ᠲᠠᠮᠢᠷᠤᠨ ᠲᠠᠯ᠎ᠠ ᠪᠡᠷ ᠠᠪᠢᠶᠠᠰᠯᠢᠭ ᠪᠠᠢᠵᠤ᠂ ᠤᠯᠠᠨᠤ ᠪᠠᠬᠠᠷᠬᠠᠳᠠᠭ《ᠠᠢᠯᠤᠨ ᠬᠡᠤᠬᠡᠳ》 ᠶᠤᠮ᠃ 2021 — 2022 ᠤᠨᠤ ᠰᠤᠷᠤᠯᠭ᠎ᠠ ᠵᠢᠨ ᠵᠢᠯᠳᠤ ᠨᠢᠭᠡᠳᠦᠭᠡᠷ ᠤᠨ ᠪᠠᠢᠬᠰᠠᠨ ᠰᠤᠳᠤᠠᠤᠬᠠᠭᠠᠨ ᠰᠤᠷᠭᠠᠭᠤᠯᠢ ᠵᠢᠨᠢᠶᠡᠨ ᠭᠤᠷᠪᠠᠨ ᠰᠠᠢᠲᠠᠢ ᠰᠤᠷᠤᠬᠴᠢ ᠪᠡᠷ ᠰᠤᠨᠭᠭᠤᠬᠳᠠᠵᠤ᠂ 2022 ᠤᠨᠳᠤ《ᠪᠦᠬᠦ ᠬᠤᠰᠢᠭᠤᠨᠤ ᠰᠢᠯᠢᠳᠡᠭ ᠪᠠᠭᠠᠴᠤᠳᠤᠨ ᠬᠤᠰᠢᠭᠤᠴᠢ ᠠᠨᠭᠬᠢ ᠵᠢᠨ ᠭᠡᠰᠢᠬᠦᠨ》ᠵᠢᠨᠷ ᠦᠨᠡᠯᠡᠭᠳᠡᠵᠤ᠂ ᠪᠠᠰᠠ ᠰᠤᠷᠭᠠᠭᠤᠯᠢ ᠵᠢᠨ ᠲᠡᠰᠤᠨ ᠰᠢᠯᠢᠳᠡᠭ ᠠᠨᠭᠬᠢ ᠵᠢᠨ ᠳᠠᠷᠤᠭ᠎ᠠ᠂ ᠰᠢᠯᠢᠳᠡᠭ ᠪᠠᠭᠠᠴᠤᠳᠤᠨ ᠬᠤᠰᠢᠭᠤᠴᠢ ᠠᠨᠭᠬᠢ ᠵᠢᠨ ᠶᠡᠬᠡ ᠠᠨᠭᠬᠢ ᠵᠢᠨ ᠳᠠᠷᠤᠭ᠎ᠠ ᠵᠡᠷᠭᠡ ᠤᠯᠠᠨ ᠢᠷᠠᠭᠤ ᠠᠯᠳᠠᠷ ᠬᠦᠷᠳᠡᠵᠡᠢ᠃
ᠰᠤᠳᠤᠠᠤᠬᠠᠭᠠᠨ ᠪᠡᠶ᠎ᠡ ᠪᠡᠨ ᠲᠠᠭᠠᠭᠠᠬᠤ ᠴᠢᠳᠠᠪᠤᠷᠢ ᠪᠡᠷ ᠴᠢᠩᠭ᠎ᠠ ᠪᠠᠢᠵᠤ᠂ ᠦᠪᠡᠷᠤᠨ ᠤᠴᠢᠷᠢᠶᠡᠨ ᠦᠪᠡᠷᠢᠶᠡᠨ ᠰᠢᠢᠳᠪᠦᠷᠢᠯᠡᠭᠦ ᠪᠡᠷ ᠴᠢᠷᠮᠠᠢᠳᠠᠭ᠃ ᠲᠡᠭᠦᠨᠢ ᠳᠦᠷᠪᠡᠳᠦᠭᠡᠷ ᠤᠨ ᠪᠠᠢᠬᠤ ᠳ᠋ᠤ ᠨᠢᠭᠡᠨ ᠡᠳᠦᠷ ᠭᠡᠨᠡᠳᠲᠡ 《ᠰᠤᠳᠤᠠᠤᠬᠠᠭᠠᠨ ᠮᠢᠨᠦ ᠲᠤᠯᠤᠭᠠᠢ ᠵᠢ ᠴᠤᠬᠢᠪᠠ》ᠭᠡᠬᠦ ᠴᠤᠤᠷᠬᠠᠯ ᠲᠠᠷᠬᠠᠪᠠ᠃ ᠡᠬᠦᠨᠢ ᠰᠤᠨᠤᠰᠤᠬᠰᠠᠨ ᠪᠠᠬᠰᠢ ᠪᠤᠯᠤᠨ ᠰᠤᠳᠤᠠᠤᠬᠠᠭᠠᠨ ᠪᠦᠷ ᠮᠡᠯ ᠭᠠᠢᠬᠠᠪᠠ᠂ ᠤᠴᠢᠷ ᠨᠢ ᠰᠤᠳᠤᠠᠤᠬᠠᠭᠠᠨ ᠪᠤᠰᠤᠳᠢ ᠵᠤᠳᠤᠬᠤ ᠪᠠᠢᠳᠤᠭᠠᠢ᠂ ᠬᠡᠭᠵᠢᠭᠦᠨ ᠦᠭᠡ ᠴᠸ᠋ ᠬᠡᠯᠡᠳᠡᠭ ᠦᠭᠡᠢ᠃ ᠪᠠᠬᠰᠢ ᠨᠦᠬᠦᠳ ᠨᠢ ᠡᠨᠡ ᠤᠴᠢᠷᠢ ᠶᠠᠭᠠᠬᠢᠵᠤ ᠰᠢᠢᠳᠪᠦᠷᠢᠯᠡᠬᠦ ᠪᠢᠯᠡ ᠭᠡᠮᠡᠨ ᠠᠷᠭ᠎ᠠ ᠪᠤᠳᠤᠵᠤ ᠪᠠᠢᠲᠠᠯ᠎ᠠ᠂ ᠰᠤᠳᠤᠠᠤᠬᠠᠭᠠᠨ ᠦᠪᠡᠷ ᠵᠢᠨᠨ ᠰᠢᠢᠳᠪᠦᠷᠢᠯᠡᠴᠢᠭᠡᠯᠡ᠃ ᠲᠡᠷᠡ ᠨᠦᠭᠦᠭᠡ ᠬᠡᠤᠬᠡᠳᠢ ᠡᠷᠢᠵᠤ ᠤᠴᠢᠭᠠᠳ 《ᠴᠢᠮ᠎ᠠ ᠵᠢ ᠴᠤᠬᠢᠬᠰᠠᠨ ᠨᠢ ᠪᠢ ᠮᠦᠨᠤᠤ ? ᠲᠠ ᠡᠨᠳᠡᠬᠦᠷᠡᠭᠰᠡᠨ ᠪᠠᠢᠬ᠎ᠠ ?》 ᠭᠡᠵᠤ ᠨᠢᠭᠤᠷᠳᠠᠨ ᠠᠰᠠᠭᠤᠪᠠ᠃ ᠨᠦᠬᠦᠭᠡ ᠬᠡᠤᠬᠡᠳ ᠴᠸ᠋ ᠪᠤᠰᠤᠳᠢ ᠬᠢᠯᠢᠰᠳᠡᠭᠦᠯᠦᠭᠰᠡᠨᠢᠶᠡᠨ ᠮᠡᠳᠡᠵᠦ᠂ ᠰᠤᠳᠤᠠᠤᠬᠠᠭᠠᠨ ᠳ᠋ᠤ ᠪᠤᠷᠤᠭᠤ ᠮᠡᠳᠡᠷᠡᠭᠰᠡᠨ ᠪᠠᠢᠯ᠎ᠠ᠃ ᠲᠡᠷᠡ ᠮᠠᠨᠢ ᠢᠩᠭᠢᠵᠦ ᠪᠡᠶ᠎ᠡ ᠪᠠᠨ ᠳᠠᠭᠠᠭᠠᠵᠤ ᠤᠴᠢᠷ ᠶᠠᠪᠤᠳᠠᠯᠢ ᠰᠢᠢᠳᠪᠦᠷᠢᠯᠡᠳᠡᠭ ᠵᠤᠷᠢᠭ ᠲᠠᠢ ᠪᠦᠭᠡᠳ ᠪᠠᠰᠠ ᠨᠠᠢᠵᠠ ᠨᠦᠬᠦᠳ ᠵᠢᠨᠨ ᠦᠷᠬᠦᠯᠵᠢ ᠬᠠᠪᠰᠤᠷᠳᠠᠭ᠃
《ᠦᠪᠡᠷᠤᠨ ᠪᠡᠶ᠎ᠡ ᠪᠠᠨ ᠴᠢᠨᠭᠭ᠎ᠠ ᠱᠠᠭᠠᠷᠳᠠᠵᠤ ᠴᠢᠳᠠᠪᠠᠯ ᠰᠠᠶᠢ ᠪᠤᠰᠤᠳᠢ ᠱᠠᠭᠠᠷᠳᠠᠵᠤ ᠪᠤᠯᠳᠠᠭ》 ᠭᠡᠳᠡᠭ ᠪᠤᠯ ᠰᠤᠳᠤᠠᠤᠬᠠᠭᠠᠨᠤ ᠦᠷᠬᠦᠯᠵᠢ ᠬᠡᠯᠡᠳᠡᠭ ᠦᠭᠡ᠂ ᠲᠡᠷᠡ ᠮᠦᠨ ᠴᠸ᠋ ᠡᠨᠡ ᠶᠤᠰᠤᠭᠠᠷ ᠰᠤᠷᠤᠯᠭ᠎ᠠ ᠠᠮᠢᠳᠤᠷᠠᠯᠳᠤ ᠪᠠᠨ ᠮᠡᠷᠡᠢᠵᠦ ᠶᠠᠪᠤᠨ᠎ᠠ᠃