ᠠᠮᠢ ᠠᠬᠤᠢ ᠰᠠᠢᠵᠢᠷᠠᠪᠠᠯ ᠠᠵᠤ ᠦᠢᠯᠡᠰ ᠬᠦᠭᠵᠢᠭᠦ ᠪᠡᠷ ᠪᠠᠷᠠᠬᠤ ᠦᠭᠡᠢ ᠠᠷᠠᠳ ᠤ᠋ᠨ ᠠᠮᠢᠳᠤᠷᠠᠯ ᠴᠦ᠍ ᠰᠠᠢᠵᠢᠷᠠᠳᠠᠭ ᠠᠵᠢ
ᠬᠥᠯᠥᠨ ᠪᠤᠢᠷ ᠤ᠋ᠨ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ ᠬᠥᠬᠡ ᠳᠠᠯᠠᠨ ᠬᠠᠯᠢᠰᠤ ᠡᠨᠡ ᠬᠦ᠌ ᠣᠢ ᠳᠤᠳᠤᠷᠠᠬᠢ ᠰᠢᠭᠦᠰᠦᠯᠢᠭ ᠵᠢᠮᠢᠰ ᠨᠢ ᠠᠮᠢ ᠠᠬᠤᠢ ᠵᠢᠨ ᠬᠠᠮᠠᠭᠠᠯᠠᠯᠲᠠ ᠬᠢᠭᠡᠳ ᠠᠵᠤ ᠠᠬᠤᠢ ᠵᠢᠨ ᠬᠥᠭᠵᠢᠯᠲᠡ ᠵᠢᠨ 《ᠬᠤᠤᠰ ᠡᠭᠦᠷᠭᠡ》 ᠶ᠋ᠢ ᠡᠭᠦᠷᠭᠡᠯᠡᠵᠦ ᠪᠠᠢᠯ᠎ᠠ᠃ ᠲᠡᠷᠡ ᠨᠢ ᠡᠭᠡ ᠪᠠᠢᠭᠠᠯᠢ ᠵᠢᠨ ᠰᠡᠷᠭᠦᠯᠲᠡ ᠬᠢᠭᠡᠳ ᠠᠵᠤ ᠦᠢᠯᠡᠰ ᠤ᠋ᠨ ᠬᠥᠭᠵᠢᠯᠲᠡ ᠵᠢ ᠬᠣᠯᠪᠣᠵᠤ᠂ 《ᠨᠤᠮᠢᠨ ᠤᠰᠤ ᠬᠥᠬᠡᠮᠳᠦᠭ ᠠᠭᠤᠯᠠ ᠪᠣᠯ ᠠᠯᠲᠠᠠ ᠠᠭᠤᠯᠠ ᠮᠥᠩᠭᠥᠨ ᠬᠠᠢᠷᠬᠠᠨ ᠮᠦᠨ》 ᠭᠡᠭᠦ ᠠᠮᠢᠳᠤᠯᠢᠭ ᠦᠢᠯᠡᠳᠦᠯᠭᠡ ᠵᠢ ᠲᠤᠳᠤᠷᠠᠭᠤᠯᠤᠨ᠎ᠠ᠃
ᠬᠥᠬᠡ ᠳᠠᠯᠠᠨ ᠬᠠᠯᠢᠰᠤ ᠵᠢᠨ ᠠᠵᠤ ᠦᠢᠯᠡᠰ ᠤ᠋ᠨ ᠬᠥᠭᠵᠢᠯᠳᠡ ᠨᠢ 《ᠠᠮᠢ ᠠᠬᠤᠢ ᠪᠠᠷ ᠠᠵᠤ ᠦᠢᠯᠡᠰ ᠢ᠋ ᠠᠬᠢᠭᠤᠯᠵᠤ᠂ ᠠᠵᠤ ᠦᠢᠯᠡᠰ ᠵᠢᠡᠷ ᠠᠮᠢ ᠠᠬᠤᠢ ᠳ᠋ᠤ ᠳᠤᠰᠠᠯᠠᠬᠤ》 ᠪᠡᠷ ᠠᠷᠭ᠎ᠠ ᠬᠡᠯᠪᠡᠷᠢ ᠪᠤᠯᠭᠠᠵᠤ᠂ ᠣᠢᠵᠢᠭᠤᠯᠤᠨ ᠨᠣᠭᠣᠭᠠᠷᠠᠭᠤᠯᠬᠤ ᠡᠴᠡ ᠠᠵᠤ ᠠᠬᠤᠢ ᠵᠢᠨ ᠦᠷ᠎ᠡ ᠠᠰᠢᠭ ᠤᠯᠬᠤ ᠰᠠᠢᠨ ᠡᠷᠭᠢᠯᠲᠡ ᠵᠢ ᠪᠡᠶᠡᠯᠡᠭᠦᠯᠵᠠᠢ᠃ ᠲᠤᠬᠠᠢ ᠵᠢᠨ ᠭᠠᠵᠠᠷ ᠣᠷᠣᠨ ᠤ᠋ ᠬᠢᠨ ᠬᠥᠬᠡ ᠳᠠᠯᠠᠨ ᠬᠠᠯᠢᠰᠤ ᠲᠠᠷᠢᠬᠤ ᠵᠢ ᠠᠮᠢ ᠠᠬᠤᠢ ᠵᠢᠨ ᠠᠵᠤ ᠦᠢᠯᠡᠰ ᠤ᠋ᠨ ᠠᠵᠢᠯᠯᠠᠭ᠎ᠠ ᠵᠢᠨ ᠲᠥᠯᠥᠪᠯᠡᠭᠡ ᠳ᠋ᠦ᠍ ᠣᠷᠣᠭᠤᠯᠤᠨ᠂ ᠲᠠᠷᠢᠶᠠᠯᠠᠬᠤ ᠵᠢ ᠵᠣᠭᠰᠣᠭᠠᠵᠤ ᠣᠢᠵᠢᠭᠤᠯᠬᠤ ᠢᠨᠵᠧᠨᠧᠷᠢᠩ ᠳ᠋ᠦ᠍ ᠲᠦᠰᠢᠭᠯᠡᠨ ᠤᠷᠭᠤᠮᠠᠯ ᠤ᠋ᠨ ᠪᠦᠷᠬᠦᠴᠡ ᠵᠢ ᠰᠡᠷᠭᠦᠭᠡᠬᠦᠵᠢᠨ ᠬᠠᠮᠲᠤ᠂ ᠬᠥᠷᠥᠰᠥ ᠰᠢᠷᠣᠢ ᠵᠢ ᠬᠠᠮᠠᠭᠠᠯᠠᠬᠤ ᠴᠢᠳᠠᠪᠤᠷᠢ ᠵᠢ ᠨᠢ ᠨᠡᠮᠡᠭᠳᠡᠭᠦᠯᠵᠦ᠂ ᠤᠮᠠᠷᠠᠲᠤ ᠬᠢᠯᠢ ᠵᠢᠨ ᠠᠮᠢ ᠠᠬᠤᠢ ᠵᠢᠨ ᠬᠠᠯᠬᠠᠪᠴᠢ ᠵᠢ ᠪᠡᠬᠢᠵᠢᠭᠦᠯᠬᠦ ᠳ᠋ᠤ ᠬᠦᠴᠦᠨ ᠨᠡᠮᠡᠷᠢᠯᠡᠵᠤ ᠪᠠᠢᠭ᠎ᠠ ᠶᠤᠮ᠃
ᠬᠥᠬᠡ ᠳᠠᠯᠠᠨ ᠬᠠᠯᠢᠰᠤ ᠵᠢᠨ ᠠᠵᠤ ᠦᠢᠯᠡᠰ ᠤ᠋ᠨ ᠬᠦᠭᠵᠢᠯᠳᠡ ᠨᠢ ᠬᠥᠮᠦᠨ ᠪᠠ ᠪᠠᠢᠭᠠᠯᠢ ᠡᠶ᠎ᠡ ᠵᠣᠬᠢᠴᠠᠩᠭᠤᠢ ᠪᠠᠷ ᠬᠠᠮᠲᠤ ᠣᠷᠣᠰᠢᠬᠤ ᠣᠶᠤᠨ ᠤᠬᠠᠭᠠᠨ ᠢ᠋ ᠬᠦᠨᠵᠡᠭᠡᠢ ᠮᠡᠳᠡᠷᠡᠬᠦᠯᠤᠨᠠ᠃ ᠬᠦᠭᠡ ᠲᠠᠯᠠᠨ ᠬᠠᠯᠢᠰᠤ ᠭᠡᠵᠤ ᠬᠦᠢᠳᠡᠨ ᠳ᠋ᠤ᠌ ᠲᠡᠰᠪᠦᠷᠢᠲᠡᠢ ᠴᠦ᠍ ᠬᠠᠯᠠᠭᠤᠨ ᠡᠴᠡ ᠠᠶᠤᠨ᠎ᠠ᠂ ᠨᠠᠷᠠᠨ ᠤ᠋ ᠭᠡᠷᠡᠯ ᠳ᠋ᠤ᠌ ᠳᠤᠷᠠᠳᠠᠢ ᠴᠦ᠍ ᠰᠢᠷᠠᠭᠳᠠᠬᠤ ᠡᠴᠡ ᠡᠮᠢᠶᠡᠨ᠎ᠡ᠃ ᠲᠡᠭᠡᠬᠦᠯᠠᠷ ᠬᠦᠭᠡ ᠲᠠᠯᠠᠨ ᠬᠠᠯᠢᠰᠤᠵᠢᠨ ᠠᠵᠤ ᠦᠢᠯᠡᠰᠢ ᠡᠷᠬᠢᠯᠡᠬᠦᠳᠤ ᠰᠢᠨᠵᠢᠯᠡᠬᠦ ᠤᠬᠠᠭᠠᠨᠴᠢ ᠪᠡᠷ ᠣᠷᠴᠢᠨ ᠲᠣᠭᠣᠷᠢᠨᠳ᠋ᠤ ᠠᠰᠢᠬᠳᠠᠢ ᠮᠡᠷᠭᠡᠵᠢᠯ ᠢ᠋ ᠠᠰᠢᠭᠯᠠᠨ ᠦᠷ᠎ᠡ ᠵᠢᠮᠢᠰ ᠤ᠋ᠨ ᠴᠢᠨᠠᠷ ᠢ᠋ ᠳᠡᠭᠡᠭᠰᠢᠯᠡᠭᠦᠯᠬᠦᠵᠢ ᠪᠠᠳᠤᠯᠠᠬᠤᠵᠢᠨ ᠲᠠᠭᠠᠤ ᠣᠢ ᠳᠤᠳᠤᠷᠠᠬᠢ ᠠᠮᠢ ᠠᠬᠤᠢ ᠵᠢᠨ ᠰᠢᠰᠲ᠋ᠧᠮ ᠤ᠋ᠨ ᠪᠦᠷᠢᠨ ᠪᠦᠲᠦᠨ ᠴᠢᠨᠠᠷ ᠢ᠋ ᠬᠠᠮᠠᠭᠠᠯᠠᠬᠤ ᠴᠢᠬᠤᠯᠠᠳᠠᠢ᠃ ᠨᠡᠩ ᠴᠢᠬᠤᠯᠠ ᠨᠢ ᠬᠥᠬᠡ ᠳᠠᠯᠠᠨ ᠬᠠᠯᠢᠰᠤ ᠵᠢᠨ ᠠᠵᠤ ᠦᠢᠯᠡᠰ ᠨᠢ ᠣᠢ ᠳᠤᠳᠤᠷᠠᠬᠢ ᠠᠵᠤ ᠠᠬᠤᠢ᠂ ᠬᠦᠷᠢᠶ᠎ᠡ ᠬᠠᠰᠢᠶᠠᠨ ᠤ᠋ ᠠᠵᠤ ᠠᠬᠤᠢ ᠵᠡᠷᠭᠡ ᠣᠯᠠᠨ ᠡᠰᠢᠲᠦ ᠵᠠᠭᠪᠤᠷ ᠤ᠋ᠨ ᠬᠥᠭᠵᠢᠯᠲᠡ ᠵᠢ ᠳᠠᠢᠴᠢᠯᠠᠵᠤ᠂ ᠲᠠᠷᠢᠶᠠᠴᠢᠳ ᠤ᠋ᠨ ᠠᠮᠢ ᠠᠬᠤᠢ ᠵᠢ ᠡᠪᠳᠡᠬᠦ ᠦᠭᠡᠢ ᠤᠷᠢᠳᠠᠯ ᠳᠣᠣᠷ᠎ᠠ ᠣᠷᠣᠯᠭ᠎ᠠ ᠪᠠᠨ ᠨᠡᠮᠡᠭᠳᠡᠭᠦᠯᠬᠦ ᠵᠢ ᠪᠡᠶᠡᠯᠡᠭᠦᠯᠦᠨ᠂ 《ᠠᠮᠢ ᠠᠬᠤᠢ ᠦᠵᠡᠰᠭᠦᠯᠡᠩᠳᠤ ᠰᠠᠢᠬᠠᠨ᠂ ᠠᠵᠤ ᠦᠢᠯᠡᠰ ᠦᠷᠨᠢᠨ ᠬᠥᠭᠵᠢᠭᠰᠡᠨ᠂ ᠠᠷᠠᠳ ᠤᠯᠠᠨ ᠪᠠᠶᠠᠵᠢᠨ ᠴᠢᠨᠡᠭᠡᠯᠢᠭᠵᠢᠭᠰᠡᠨ》 ᠦᠷᠭᠦᠯᠵᠢᠯᠡᠬᠦ ᠬᠥᠭᠵᠢᠯᠳᠠ ᠵᠢᠨ ᠵᠠᠮ ᠢ᠋ ᠨᠡᠭᠡᠭᠡᠭᠰᠡᠨ ᠨᠢ ᠢᠯᠡᠭᠡᠨ᠃
ᠠᠮᠢ ᠠᠬᠤᠢ ᠰᠠᠢᠵᠢᠷᠠᠪᠠᠯ ᠠᠵᠤ ᠦᠢᠯᠡᠰ ᠬᠦᠭᠵᠢᠭᠦ ᠪᠡᠷ ᠪᠠᠷᠠᠬᠤ ᠦᠭᠡᠢ ᠠᠷᠠᠳ ᠤ᠋ᠨ ᠠᠮᠢᠳᠤᠷᠠᠯ ᠴᠦ᠍ ᠴᠢᠨᠡᠭᠡᠯᠢᠭᠵᠢᠳᠡᠭ ᠠᠵᠢ᠃ ᠬᠥᠬᠡ ᠳᠠᠯᠠᠨ ᠬᠠᠯᠢᠰᠤ ᠡᠨᠡ ᠬᠦ᠌ ᠵᠢᠵᠢᠭ ᠵᠢᠮᠢᠰ ᠲᠦ᠍ ᠠᠮᠢ ᠠᠬᠤᠢ ᠵᠢᠨ ᠠᠵᠤ ᠠᠬᠤᠢ ᠵᠢᠨ ᠤᠬᠠᠭᠠᠨ ᠨᠢᠭᠤᠭᠳᠠᠵᠤ᠂ ᠠᠮᠢ ᠠᠬᠤᠢ ᠬᠢᠭᠡᠳ ᠠᠵᠤ ᠠᠬᠤᠢ ᠵᠢᠨ ᠬᠠᠮᠵᠢᠯᠴᠠᠨ ᠬᠥᠭᠵᠢᠬᠦ ᠵᠢᠨ ᠦᠯᠢᠭᠡᠷ ᠭᠡᠪ ᠤᠨ ᠦᠢᠯᠡᠳᠤᠯ ᠦᠵᠡᠬᠦᠯᠬᠦ ᠠᠵᠢ᠃