9 ᠰᠠᠷ᠎ᠠ᠎ᠶᠢᠨ 29 ᠤ᠋ ᠡᠳᠦᠷ᠎ᠦᠨ ᠦᠳᠡ᠎ᠶᠢᠨ ᠬᠣᠢᠨ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠣᠣᠷᠳᠤ ᠡᠳ᠋ ᠢ ᠴᠠᠭᠠᠵᠠᠯᠠᠬᠤ ᠵᠥᠪᠯᠡᠯ᠎ᠦᠨ ᠠᠯᠪᠠᠨ ᠭᠡᠷ᠂ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠲᠢᠩᠬᠢᠮ ᠬᠠᠮᠲᠤᠷᠠᠨ ᠭᠣᠣᠯᠯᠠᠨ ᠡᠷᠭᠢᠯᠡᠵᠦ᠂ ᠥᠪᠡᠷᠲᠡᠭᠡᠨ ᠵᠠᠰᠠᠬᠤ ᠣᠷᠣᠨ᠎ᠤ ᠰᠣᠶᠣᠯ᠎ᠤᠨ ᠣᠷᠳᠣᠨ᠂ ᠬᠥᠬᠡᠬᠣᠲᠠ᠎ᠶᠢᠨ ᠳᠣᠲᠣᠭᠠᠳᠤ᠎ᠶᠢ ᠬᠠᠮᠠᠭᠠᠯᠠᠬᠤ ᠲᠣᠪᠴᠢᠶᠠᠡᠴᠨ ᠬᠠᠮᠵᠢᠨ ᠡᠷᠭᠢᠯᠡᠭᠰᠡᠨ 《ᠤᠮᠠᠷᠠᠲᠤ ᠬᠢᠯᠢ ᠵᠢ ᠴᠣᠭᠴᠠᠯᠠᠨ ᠪᠠᠢᠭᠤᠯᠵᠤ ᠨᠠᠮ ᠵᠢᠡᠨ ᠲᠠᠭᠠᠨ ᠤᠷᠤᠬᠰᠢᠯᠠᠵᠤ᠂ ᠬᠤᠤᠷᠳᠤ ᠡᠳ᠋ ᠦᠬᠡᠢ ᠵᠠᠯᠠᠭᠤ ᠨᠠᠰᠤ ᠵᠢ ᠦᠪᠯᠡᠨ ᠢᠷᠡᠬᠡᠳᠦᠢ ᠪᠡᠨ ᠡᠭᠦᠳᠦᠨ ᠪᠦᠳᠦᠬᠡᠬᠦ》 2025 ᠣᠨ᠎ᠤ ᠦᠪᠤᠷ ᠮᠤᠩᠭᠤᠯ᠎ᠤᠨ ᠵᠠᠯᠠᠭᠤᠴᠤᠳ ᠪᠠᠭᠠᠴᠤᠳ᠎ᠤᠨ ᠬᠣᠣᠷᠳᠤ ᠡᠳ᠋ ᠢ ᠴᠠᠭᠠᠵᠠᠯᠠᠬᠤ ᠮᠡᠳᠡᠯᠭᠡ᠎ᠶᠢᠨ ᠤᠷᠤᠯᠳᠤᠭᠠᠨ᠎ᠤ ᠰᠢᠢᠳᠪᠦᠷᠢᠲᠦ ᠤᠷᠤᠯᠳᠤᠭᠠᠨ ᠦᠪᠦᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ᠎ᠤ ᠰᠣᠶᠣᠯ᠎ᠤᠨ ᠣᠷᠳᠣᠨ᠎ᠳᠤ ᠶᠠᠪᠤᠭᠳᠠᠪᠠ᠃
ᠦᠪᠤᠷ ᠮᠤᠩᠭᠤᠯ᠎ᠤᠨ 12 ᠠᠢᠮᠠᠭ ᠬᠣᠲᠠ᠎ᠶᠢᠨ ᠠᠩᠬ᠎ᠠ ᠵᠡᠷᠭᠡ᠎ᠶᠢᠨ ᠳᠤᠮᠳᠠᠳᠤ ᠰᠤᠷᠭᠠᠭᠤᠯᠢ᠂ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ᠂ ᠳᠤᠮᠳᠠ ᠵᠡᠷᠭᠡ ᠶ᠋ᠢᠨ ᠠᠵᠢᠯ ᠮᠡᠷᠭᠡᠵᠢᠯ᠎ᠦᠨ ᠰᠤᠷᠭᠠᠭᠤᠯᠢ ᠲᠣᠰᠪᠣᠷᠢ 1 ᠰᠤᠷᠤᠭ᠍ᠴᠢ ᠲᠤᠮᠢᠯᠠᠨ ᠳᠤᠭᠤᠢᠯᠠᠩ ᠪᠠᠢᠭᠤᠯᠵᠤ ᠤᠷᠤᠯᠳᠤᠭᠠᠨ᠎ᠳᠤ ᠤᠷᠤᠯᠴᠠᠪᠠ᠃ ᠲᠡᠳᠡ ᠬᠣᠰᠢᠭᠤ ᠰᠢᠶᠠᠨ᠎ᠤ ᠱᠠᠲᠤᠨ᠎ᠤ ᠠᠩᠬᠠᠨ᠎ᠤ ᠤᠷᠤᠯᠳᠤᠭᠠᠨ᠂ ᠠᠢᠮᠠᠭ ᠬᠣᠲᠠ᠎ᠶᠢᠨ ᠱᠠᠲᠤᠨ᠎ᠤ ᠬᠣᠶᠠᠳᠠᠭᠢ ᠤᠷᠤᠯᠳᠤᠭᠠᠨ᠎ᠤ ᠱᠠᠲᠤ ᠱᠠᠲᠤ᠎ᠪᠠᠷ ᠤᠷᠤᠯᠳᠤᠵᠤ᠂ ᠦᠪᠤᠷ ᠮᠤᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠱᠠᠲᠤᠨ᠎ᠤ ᠰᠢᠢᠳᠪᠦᠷᠢᠲᠦ ᠤᠷᠤᠯᠳᠤᠭᠠᠨ᠎ᠳᠤ ᠳᠡᠪᠰᠢᠪᠡ᠃
ᠭᠤᠷᠪᠠᠨ ᠭᠣᠭᠴᠣᠭ᠎ᠠ᠎ᠶᠢᠨ ᠰᠢᠷᠦᠭᠦᠨ ᠮᠥᠷᠥᠢᠴᠡᠭᠡᠨ᠎ᠢᠶᠡᠷ ᠳᠡᠮᠵᠢᠨ᠂ ᠤᠯᠠᠭᠠᠨᠴᠠᠪ ᠬᠣᠲᠠ᠎ᠶᠢᠨ ᠲᠥᠯᠥᠭᠡᠯᠡᠭᠴᠢᠳ᠎ᠦᠨ ᠠᠩᠭᠢ ᠨᠢᠭᠡᠳᠦᠭᠡᠷ ᠳᠡᠰ᠎ᠤᠨ ᠱᠠᠩᠨᠠᠯ ᠭᠥᠷᠳᠡᠵᠦ᠂ ᠪᠤᠭᠤᠲᠤ ᠬᠣᠲᠠ᠂ ᠤᠯᠠᠭᠠᠨᠬᠠᠳᠠ ᠬᠣᠲᠠ᠎ᠶᠢᠨ ᠲᠥᠯᠥᠭᠡᠯᠡᠭᠴᠢᠳ᠎ᠦᠨ ᠠᠩᠭᠢ ᠬᠣᠶᠠᠳᠤᠭᠠᠷ ᠳᠡᠰ᠎ᠤᠨ ᠱᠠᠩᠨᠠᠯ ᠭᠥᠷᠳᠡᠵᠦ᠂ ᠪᠠᠶᠠᠨᠨᠠᠭᠤᠷ ᠬᠣᠲᠠ᠂ ᠬᠢᠩᠭᠠᠨ ᠠᠢᠮᠠᠭ᠂ ᠣᠷᠳᠣᠰ ᠬᠣᠲᠠ᠎ᠶᠢᠨ ᠲᠥᠯᠥᠭᠡᠯᠡᠭᠴᠢᠳ᠎ᠦᠨ ᠠᠩᠭᠢ ᠭᠤᠷᠪᠠᠳᠤᠭᠠᠷ ᠳᠡᠰ᠎ᠤᠨ ᠱᠠᠩᠨᠠᠯ ᠭᠥᠷᠳᠡᠵᠦ᠂ ᠬᠥᠯᠥᠨ ᠪᠣᠶ᠋ᠢᠷ ᠬᠣᠲᠠ᠂ ᠲᠦᠩᠯᠢᠶᠣᠣ ᠬᠣᠲᠠ᠂ ᠬᠥᠬᠡᠬᠣᠲᠠ᠂ ᠦᠬᠠᠢ ᠬᠣᠲᠠ᠂ ᠰᠢᠯᠢ᠎ᠶᠢᠨ ᠭᠣᠣᠯ ᠠᠢᠮᠠᠭ᠂ ᠠᠯᠠᠱᠠ ᠠᠢᠮᠠᠭ᠎ᠤᠨ ᠲᠥᠯᠥᠭᠡᠯᠡᠭᠴᠢᠳ᠎ᠦᠨ ᠠᠩᠭᠢ ᠰᠢᠯᠢᠳᠡᠭ ᠵᠣᠬᠢᠶᠠᠨ ᠪᠠᠢᠭᠤᠯᠤᠯᠲᠠ᠎ᠶᠢᠨ ᠱᠠᠩᠨᠠᠯ ᠭᠥᠷᠳᠡᠪᠡ; 6 ᠤᠷᠤᠯᠴᠠᠬᠴᠢ ᠰᠢᠯᠢᠳᠡᠭ ᠤᠷᠤᠯᠴᠠᠬᠴᠢ ᠵᠢᠨ ᠱᠠᠩᠨᠠᠯ ᠬᠦᠷᠲᠡᠪᠡ᠃