ᠠᠯᠲᠠᠨ ᠨᠠᠮᠤᠷ᠎ᠤᠨ ᠠᠷᠪᠠᠨ ᠰᠠᠷ᠎ᠠ 《ᠳᠤᠮᠳᠠᠳᠤ ᠤᠯᠤᠰ᠎ᠤᠨ ᠲᠥᠮᠥᠰᠥ᠎ᠶ᠋ᠢᠨ ᠲᠦᠪ》 ᠬᠡᠮᠡᠭᠳᠡᠭᠰᠡᠨ ᠤᠯᠠᠭᠠᠨᠴᠠᠪ ᠬᠤᠲᠠ ᠡᠯᠪᠡᠭ ᠬᠤᠷᠢᠶᠠᠯᠲᠠ᠎ᠶ᠋ᠢᠨ ᠤᠯᠠᠷᠢᠯ᠎ᠢᠶᠠᠨ ᠤᠭ᠍ᠲᠤᠵᠤ᠂ ᠤᠳᠤ ᠪᠤᠯᠳᠠᠯ᠎ᠠ 300 ᠲᠦᠮᠡᠨ ᠮᠦ᠍ ᠲᠥᠮᠥᠰᠥ᠍ᠨᠤ ᠪᠠᠨ 70% ᠵᠢ ᠨᠢ ᠬᠤᠷᠢᠶᠠᠪᠠ᠂ ᠵᠢᠱ᠌ᠢᠯᠲᠡ᠎ᠪᠡᠷ 10 ᠡᠳᠦᠷ ᠳᠤᠲᠤᠷ᠎ᠠ ᠪᠦᠬᠦᠨ᠎ᠢ ᠬᠤᠷᠢᠶᠠᠵᠤ ᠳᠠᠭᠤᠰᠬᠠᠬᠤ ᠪᠤᠯᠤᠨ᠎ᠠ᠃
ᠴᠠᠬᠠᠷ ᠪᠠᠷᠠᠭᠤᠨ ᠭᠠᠷᠤᠨ ᠬᠣᠢᠲᠤ ᠬᠣᠱᠢᠭᠤᠨ᠎ᠤ ᠲᠤᠯᠤᠭᠠᠨ ᠬᠤᠳᠳᠤᠭ ᠰᠤᠮᠤᠨ᠎ᠤ ᠲᠥᠮᠥᠰᠥᠨ ᠲᠠᠷᠢᠶᠠᠨ᠎ᠳᠤ ᠬᠦᠮᠦᠰ ᠲᠥᠮᠥᠰᠥ ᠲᠡᠭᠦᠵᠦ᠍᠂ ᠤᠭᠤᠲᠠᠯᠠᠵᠤ᠂ ᠵᠥᠭᠡᠭᠡᠪᠦᠷᠢᠯᠡᠨ ᠶᠠᠭᠠᠷᠠᠯᠳᠤᠨ᠎ᠠ᠃ ᠲᠤᠰ ᠰᠤᠮᠤᠨ ᠤ᠋ ᠲᠠᠷᠢᠮᠠᠯ᠎ᠤᠨ ᠲᠤᠮᠤ ᠡᠷᠦᠬᠡ ᠰᠦᠨ ᠶᠤᠸᠠᠨ ᠶᠤᠸᠠᠨ᠄ 《ᠡᠨᠡ ᠵᠢᠯ ᠪᠢ 3000 ᠮᠦ᠍ ᠲᠥᠮᠥᠰᠥ᠍ ᠲᠠᠷᠢᠵᠠᠢ᠂ ᠲᠤᠬᠠᠢ᠎ᠶ᠋ᠢᠨ ᠭᠠᠵᠠᠷ᠎ᠤᠨ ᠮᠡᠷᠭᠡᠵᠢᠯᠲᠡᠨ᠎ᠦ ᠱᠢᠯᠭᠠᠨ ᠭᠡᠮᠵᠢᠯᠲᠡᠪᠠᠷ ᠳᠠᠮᠵᠢᠨ ᠮᠢᠨᠦ᠍ 〈ᠾᠸᠤ ᠴᠢ ᠬᠤᠡᠭ〉 ᠤ᠋ᠨ ᠮᠦ᠍ ᠨᠢᠭᠡᠴᠢ ᠵᠢᠨ ᠭᠠᠷᠤᠯᠲᠠ 4 ᠲᠣᠨ ᠣᠷᠴᠢᠮ᠎ᠳᠤ ᠬᠦᠷᠴᠦ᠂ 〈ᠸᠸ ᠲᠤ᠌〉 ᠵᠢᠨ ᠮᠤ᠌ ᠨᠢᠭᠡᠴᠢ ᠵᠢᠨ ᠭᠠᠷᠤᠯᠲᠠ 4.5 ᠲᠣᠨ᠎ᠳᠤ ᠬᠦᠷᠴᠤ᠂ ᠵᠢᠯ᠎ᠦᠨ ᠡᠬᠢᠨ᠎ᠦ ᠵᠢᠱ᠌ᠢᠯᠲᠡ᠎ᠳᠦ ᠬᠦᠷᠴᠡᠢ》 ᠬᠡᠵᠤ ᠰᠤᠷᠪᠤᠯᠵᠢᠯᠠᠭᠴᠢ᠎ᠳᠤ ᠶᠠᠷᠢᠨ᠎ᠠ᠃
ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠱᠢᠨ ᠶᠤᠸᠠᠢ ᠹᠸᠡᠭ ᠲᠠᠷᠢᠵᠦ ᠲᠠᠵᠢᠭᠡᠬᠦ ᠲᠤᠰᠬᠠᠢ ᠬᠣᠷᠱᠢᠶ᠎ᠠ ᠵᠢᠨ ᠲᠥᠮᠥᠰᠥ᠍ ᠲᠠᠷᠢᠬᠤ ᠰᠠᠭᠤᠷᠢᠨ᠎ᠳᠤ ᠲᠠᠷᠢᠶᠠᠯᠠᠩ᠎ᠤᠨ ᠮᠠᠱᠢᠨ ᠭᠠᠵᠠᠷ ᠤᠷᠪᠠᠭᠤᠯᠬᠤ ᠵᠢ ᠲᠠᠭᠠᠯᠳᠤᠨ ᠲᠦᠮᠦᠰᠤ ᠪᠦᠮᠪᠤᠷᠢᠨ ᠭᠠᠷᠴᠤ᠌ ᠢᠷᠡᠨ᠎ᠠ᠃ ᠱᠢᠨ ᠶᠤᠸᠠᠢ ᠹᠸᠡᠭ ᠲᠠᠷᠢᠵᠦ ᠲᠠᠵᠢᠭᠡᠬᠦ ᠲᠤᠰᠬᠠᠢ ᠬᠣᠷᠱᠢᠶ᠎ᠠ ᠡᠨᠡ ᠵᠢᠯ ᠱᠤ᠌ ᠳ᠋ᠦ᠋ ᠺᠠᠶ ᠳ᠋ᠠ ᠺᠣᠮᠫᠠᠨᠢ᠎ᠲᠠᠶ ᠲᠠᠷᠢᠬᠤ ᠵᠠᠬᠢᠶᠠᠯᠠᠭ᠎ᠠ ᠵᠢᠨ ᠭᠡᠷ᠎ᠡ ᠲᠣᠭ᠍ᠲᠠᠬᠤ᠎ᠶ᠋ᠢᠨ ᠬᠠᠮᠲᠤ 2000 ᠭᠠᠷᠤᠶ ᠮᠥ᠍ ᠲᠠᠷᠢᠶᠠᠨ ᠭᠠᠵᠠᠷ ᠢ᠋ ᠲᠠᠭᠠᠭᠠᠴᠢᠯᠠᠨ ᠲᠦᠮᠦᠰᠤ ᠲᠠᠷᠢᠵᠠᠢ᠃ ᠡᠨᠡ ᠬᠡᠳᠦᠨ ᠡᠳᠦᠷ᠂ ᠡᠳᠦᠷ ᠪᠦᠷᠢ ᠡᠷᠬᠢᠨ ᠲᠣᠭᠣᠷᠢᠨ᠎ᠤ 200 ᠭᠠᠷᠤᠶ ᠲᠣᠰᠭᠣᠨ᠎ᠤ ᠠᠷᠠᠳ ᠲᠤᠰ ᠰᠠᠭᠤᠷᠢᠨ᠎ᠳᠤ ᠠᠵᠢᠯ ᠬᠢᠵᠦ᠍᠂ ᠲᠠᠷᠢᠶᠠᠴᠢᠳ 《ᠲᠠᠷᠢᠶᠠᠨ ᠭᠠᠵᠠᠷ ᠵᠢᠡᠨ ᠲᠠᠭᠠᠭᠠᠴᠢᠯᠠᠭᠤᠯᠤᠨ ᠲᠦᠷᠢᠶᠡᠰᠦᠨ ᠮᠥᠩᠭᠥ᠌ ᠤᠯᠬᠤ᠂ ᠣᠢᠷ᠎ᠠ ᠬᠠᠪᠢ᠎ᠳᠠᠭᠠᠨ ᠠᠵᠢᠯ ᠬᠢᠵᠦ᠍ ᠴᠠᠯᠢᠩ ᠮᠥᠩᠭᠥ᠌ ᠤᠯᠬᠤ》 ᠬᠤᠶᠠᠷ ᠬᠤᠪᠢ ᠠᠱᠢᠭ ᠣᠷᠣᠯᠭ᠎ᠠ ᠤᠯᠬᠤ ᠪᠤᠯᠪᠠ᠃
ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠬᠤᠯᠤᠰᠤᠲᠠᠢ ᠬᠤᠡᠭᠬᠤᠷ ᠪᠠᠯᠭᠠᠰᠤᠨ᠎ᠤ ᠴᠢᠤᠸᠠᠨ ᠱᠧᠩ ᠵᠢᠤᠢ ᠲᠣᠰᠭᠣᠨ᠎ᠤ ᠠᠷᠠᠳ ᠵᠠᠩ ᠱ᠌ᠢ ᠵᠢᠶᠦ᠋ᠨ᠄《ᠭᠡᠷ ᠤ᠋ᠨ ᠵᠢᠡᠨ ᠤᠢ᠍ᠢᠷ᠎ᠠ ᠬᠠᠪᠢ ᠳ᠋ᠤ ᠲᠥᠮᠥᠰᠥ᠍ ᠲᠡᠭᠦᠬᠦ ᠠᠵᠢᠯ ᠬᠢᠵᠤ᠂ ᠡᠳᠦᠷ ᠪᠦᠷᠢ ᠬᠣᠶᠠᠷ ᠭᠤᠷᠪᠠᠨ ᠵᠠᠭᠤᠨ ᠲᠥᠭᠥᠷᠢᠭ᠎ᠦᠨ ᠣᠷᠣᠯᠭ᠎ᠠ ᠲᠠᠢ ᠪᠠᠢᠨ᠎ᠠ》 ᠬᠡᠵᠤ ᠶᠠᠷᠢᠯ᠎ᠠ᠃
ᠤᠯᠠᠭᠠᠨᠴᠠᠪ ᠬᠤᠳᠠ ᠤᠢᠷ᠎ᠠ ᠵᠢᠨ ᠵᠢᠯ ᠡᠴᠡ ᠵᠠᠬᠢᠶᠠᠯᠠᠭ᠎ᠠ᠎ᠶ᠋ᠢᠨ ᠭᠡᠷ᠎ᠠ ᠲᠤᠭᠳᠠᠵᠤ ᠲᠦᠮᠦᠰᠦ ᠲᠠᠷᠢᠬᠤ ᠵᠠᠭ᠍ᠪᠤᠷ᠎ᠢ ᠶᠡᠬᠡᠪᠡᠷ ᠳᠡᠯᠭᠡᠷᠡᠭᠦᠯᠵᠦ᠍᠂ ᠲᠥᠮᠥᠰᠥᠨ᠎ᠦ ᠠᠵᠤ ᠦᠢᠯᠡᠰ᠎ᠢ ᠪᠠᠷᠢᠮᠵᠢᠶᠠᠵᠢᠭᠤᠯᠬᠤ᠂ ᠬᠡᠪᠴᠢᠶᠡᠵᠢᠭᠦᠯᠬᠦ ᠲᠡᠢᠰᠢ ᠬᠥᠭ᠌ᠵᠢᠬᠦ᠌᠎ᠶ᠋ᠢ ᠠᠬᠢᠭᠤᠯᠵᠤ᠂ ᠭᠣᠣᠯ ᠭᠠᠷᠤᠯᠲᠠ᠎ᠶ᠋ᠢᠨ ᠣᠷᠣᠨ ᠨᠢ ᠡᠭᠦᠯᠳᠡᠷ ᠪᠣᠢᠵᠢᠭᠤᠯᠵᠤ ᠴᠢᠬᠢ ᠪᠣᠢᠵᠢᠭᠤᠯᠬᠤ ᠡᠬᠢ ᠰᠤᠷᠪᠤᠯᠵᠢ ᠡᠴᠡ ᠨᠢ ᠡᠵᠡᠮᠳᠡᠬᠦ᠌᠎ᠡᠴᠡ ᠲᠠᠷᠢᠬᠤ ᠶᠠᠪᠤᠴᠠ ᠵᠢᠨ ᠬᠠᠮᠢᠶᠠᠷᠤᠯᠲᠠ᠎ᠶ᠋ᠢ ᠱᠢᠨᠵᠢᠯᠡᠬᠦ᠌ ᠤᠬᠠᠭᠠᠨᠴᠢ ᠪᠠᠷ ᠵᠢᠯᠣᠭᠣᠳᠭᠤ ᠬᠦᠷᠲᠡᠯ᠎ᠡ᠂ ᠲᠠᠬᠢᠭᠠᠳ ᠡᠳ᠋ᠱᠢᠭᠦᠯᠦᠨ ᠪᠣᠷᠣᠯᠠᠭᠤᠯᠬᠤ ᠬᠦᠷᠳᠡᠯᠡᠬᠢ ᠪᠢᠲᠡᠭᠦᠦ ᠭᠣᠭ᠍ᠴᠣᠭ᠎ᠠ᠎ᠶ᠋ᠢ ᠵᠣᠯᠭᠠᠭᠤᠯᠬᠤ᠎ᠶ᠋ᠢ ᠪᠡᠶᠡᠯᠡᠭᠦᠯᠪᠡ᠃