ᠪᠡᠳᠺᠡᠷ ᠰᠦᠮ᠎ᠠ ᠵᠢᠨ 60 ᠰᠤᠳᠤᠨ ᠲᠡᠤᠬᠡ ᠵᠢᠨ ᠲᠤᠷᠠᠰᠬᠠᠯᠳᠤ ᠵᠦᠢᠯᠡᠰ 《ᠲᠠᠬᠢᠨ ᠠᠮᠢᠯᠠᠪᠠ》
2025-01-23 11:39:28
ᠵᠣᠬᠢᠶᠠᠭ᠍ᠴᠢ᠄
ᠸ·ᠭᠡᠷᠡᠯᠳᠤ
ᠣᠩᠱᠢᠭ᠍ᠰᠠᠨ ᠣᠳᠠᠭ᠎ᠠ᠄
★★★☆☆

ᠡᠨᠡ ᠵᠢᠯ ᠪᠤᠭᠤᠲᠤ ᠬᠤᠳᠠ ᠵᠢᠨ ᠪᠡᠳᠺᠡᠷ ᠰᠦᠮ᠎ᠠ ᠵᠢᠨ ᠶᠡᠷᠦᠩᠬᠡᠢᠯᠡᠭᠰᠡᠨ ᠪᠠᠳᠤᠯᠠᠭ᠎ᠠ ᠵᠢᠨ ᠲᠦᠪ ᠪᠡᠭᠡᠵᠢᠩ᠎ᠤᠨ ᠭᠦᠧᠧ ᠸᠧᠨ ᠳ᠋ᠠᠨ ᠲᠡᠤᠬᠡ ᠵᠢᠨ ᠲᠤᠷᠠᠰᠬᠠᠯᠳᠤ ᠵᠦᠢᠯᠡᠰ᠎ᠢ ᠬᠠᠮᠠᠭᠠᠯᠠᠨ ᠬᠦᠭᠵᠢᠬᠦᠯᠬᠦ ᠬᠢᠵᠠᠭᠠᠷᠳᠤ ᠺᠤᠮᠫᠠᠨᠢ ᠳ᠋ᠤ ᠨᠡᠢᠳᠠᠨ ᠬᠦᠢᠴᠡᠳᠬᠡᠯᠭᠡᠭᠰᠡᠨ ᠰᠤᠳᠤᠨ ᠲᠡᠤᠬᠡ ᠵᠢᠨ ᠲᠤᠷᠠᠰᠬᠠᠯᠳᠤ ᠵᠦᠢᠯᠡᠰ᠎ᠢ ᠰᠡᠯᠪᠢᠨ ᠵᠠᠰᠠᠵᠤ ᠬᠠᠮᠠᠭᠠᠯᠠᠬᠤ ᠠᠵᠢᠯ 2024 ᠤᠨ᠎ᠤ 12 ᠰᠠᠷ᠎ᠠ ᠵᠢᠨ ᠲᠤᠮᠳᠠᠴᠢ ᠪᠡᠷ ᠬᠢᠨᠠᠨ ᠰᠢᠯᠭᠠᠯᠳᠠ ᠵᠢ ᠠᠮᠵᠢᠯᠳᠠ ᠲᠠᠢ ᠥᠩᠭᠡᠷᠡᠭᠡᠵᠦ᠂ ᠪᠡᠳᠺᠡᠷ ᠰᠦᠮ᠎ᠠ ᠵᠢᠨ 60 ᠰᠤᠳᠤᠨ ᠲᠡᠤᠬᠡ ᠵᠢᠨ ᠲᠤᠷᠠᠰᠬᠠᠯᠳᠤ ᠵᠦᠢᠯᠡᠰ 《ᠲᠠᠬᠢᠨ ᠠᠮᠢᠯᠠᠬᠰᠠᠨ》 ᠪᠠᠢᠨ᠎ᠠ᠃

ᠪᠡᠳᠺᠡᠷ ᠰᠦᠮ᠎ᠠ ᠮᠤᠨᠠ ᠠᠭᠤᠯᠠ ᠵᠢᠨ ᠬᠦᠨ ᠬᠦᠪᠴᠢ ᠳ᠋ᠤ ᠪᠤᠭᠤᠳᠤ ᠬᠤᠳᠠ ᠵᠢᠨ ᠰᠢᠭᠤᠢᠳᠤ ᠲᠤᠭᠤᠷᠢᠭ ᠎ᠤᠨ ᠵᠢᠪᠬᠤᠯᠠᠩᠳᠤ ᠰᠤᠮᠤᠨ᠎ᠤ ᠨᠤᠳᠤᠭ ᠲᠤ᠌ ᠤᠷᠤᠰᠢᠵᠦ᠂ ᠦᠪᠦᠷ ᠮᠤᠩᠭᠤᠯ ᠤᠷᠤᠨ᠎ᠤ ᠲᠦᠪᠡᠳ ᠡᠴᠡ ᠤᠯᠠᠮᠵᠢᠯᠠᠬᠳᠠᠬᠰᠠᠨ ᠪᠤᠷᠬᠠᠨ ᠱᠠᠰᠢᠨ᠎ᠤ ᠨᠡᠷᠡᠳᠡᠢ ᠰᠦᠮ᠎ᠠ ᠬᠡᠢᠳ᠎ᠤᠨ ᠨᠢᠭᠡ ᠪᠤᠯᠤᠨ᠎ᠠ᠃ ᠮᠦᠨ ᠴᠤ᠌ ᠲᠡᠤᠬᠡᠨ ᠡᠴᠡ ᠠᠪᠤᠭᠠᠳ ᠲᠤᠮᠳᠠᠳᠤ ᠭᠠᠳᠠᠭᠠᠳᠤ ᠵᠢᠨ ᠡᠷᠳᠡᠮᠳᠡᠨ ᠮᠡᠷᠭᠡᠳ ᠬᠢᠭᠡᠳ ᠵᠢᠭᠤᠯᠴᠢᠯᠠᠬᠰᠠᠳ᠎ᠤᠨ ᠠᠩᠬᠠᠷᠤᠯ᠎ᠢ ᠲᠠᠳᠠᠬᠰᠠᠨ ᠭᠠᠵᠡᠷ᠎ᠤᠨ ᠨᠢᠭᠡ ᠪᠤᠯᠤᠨ᠎ᠠ᠃ ᠲᠤᠰ ᠰᠦᠮ᠎ᠡ ᠪᠦᠬᠦ ᠤᠯᠤᠰ᠎ᠤᠨ ᠭᠤᠤᠯᠳᠠᠯᠭ᠎ᠠ ᠲᠠᠢ ᠲᠡᠤᠬᠡ ᠵᠢᠨ ᠲᠤᠷᠠᠰᠬᠠᠯᠳᠤ ᠵᠦᠢᠯᠡᠰ᠎ᠤᠨ ᠬᠠᠮᠠᠭᠠᠯᠠᠯᠳᠠ ᠵᠢᠨ ᠨᠢᠭᠡᠴᠢ ᠪᠠᠢᠵᠦ᠂ ᠬᠤᠷᠢᠶᠠᠨ ᠬᠠᠳᠠᠭᠠᠯᠠᠵᠦ ᠪᠠᠢᠭ᠎ᠠ ᠴᠢᠩ ᠤᠯᠤᠰ᠎ᠤᠨ ᠦᠶ᠎ᠠ᠎ᠶᠢᠨ ᠬᠠᠨ᠎ᠠ ᠵᠢᠨ ᠵᠢᠷᠤᠭ᠂ ᠪᠤᠷᠬᠠᠨ᠎ᠤ ᠬᠦᠷᠦᠭ᠂ ᠲᠠᠩᠺᠠ᠂ ᠮᠠᠨᠳᠠᠯ᠂ ᠱᠠᠭᠠᠵᠠᠩ ᠡᠳ᠋ᠯᠡᠯ ᠵᠢᠴᠢ ᠲᠡᠤᠬᠡᠨ ᠲᠡᠭᠡᠷᠡᠬᠢ ᠠᠮᠢᠳᠤᠷᠠᠯ᠎ᠤ᠋ᠨ ᠪᠠᠢᠩᠭᠤ ᠬᠡᠷᠡᠭᠯᠡᠭᠡᠨ᠎ᠤ ᠪᠠᠭᠠᠵᠢ ᠬᠡᠷᠡᠭᠰᠡᠯ᠎ᠤᠨ ᠲᠤᠭ᠎ᠠ ᠲᠦᠷᠤᠯ ᠨᠢ ᠤᠯᠠᠨ ᠪᠠᠢᠬᠤ ᠪᠡᠷ ᠪᠠᠷᠠᠬᠤ ᠦᠭᠡᠢ᠂ ᠬᠢᠴᠠ ᠤᠷᠠᠯᠠᠯ ᠨᠢ ᠴᠤ᠌ ᠨᠠᠷᠢᠯᠢᠭ ᠬᠡᠭᠡᠨᠴᠢᠷ ᠪᠠᠢᠵᠦ᠂ ᠲᠤᠩ ᠦᠨᠳᠤᠷ ᠲᠡᠤᠬᠡ ᠰᠤᠶᠤᠯ ᠪᠤᠯᠤᠨ ᠤᠷᠠᠯᠢᠭ᠎ᠤᠨ ᠰᠤᠳᠤᠯᠭᠠᠨ᠎ᠤ ᠦᠨ᠎ᠠ ᠦᠷᠳᠡᠭ ᠲᠠᠢ᠃

ᠤᠳᠤ ᠪᠡᠳᠺᠡᠷ ᠰᠦᠮ᠎ᠠ ᠵᠢᠨ ᠬᠡᠰᠡᠭ ᠲᠡᠦᠬᠡ ᠵᠢᠨ ᠳᠤᠷᠠᠰᠬᠠᠯᠲᠤ ᠵᠦᠢᠯ ᠵᠢᠪᠡᠷᠡᠵᠦ᠂ ᠬᠡᠯᠪᠡᠷᠢ ᠲᠦᠷᠰᠤ ᠨᠢ ᠬᠤᠪᠢᠷᠠᠠᠠᠰᠠᠨ᠂ ᠪᠤᠳᠤᠭ ᠰᠢᠷ ᠨᠢ ᠬᠤᠪᠬᠤᠷᠠᠵᠤ ᠤᠨᠠᠬᠰᠠᠨ ᠵᠢᠴᠢ ᠴᠤᠭᠤᠷᠠᠵᠤ ᠡᠮᠲᠡᠷᠡᠭᠰᠡᠨ ᠵᠡᠷᠭᠡ ᠪᠠᠢᠳᠠᠯ ᠢᠯᠡᠷᠡᠭᠰᠡᠨ ᠪᠠᠢᠨ᠎ᠠ᠃ 2024 ᠤᠨ᠎ᠤ 8 ᠰᠠᠷ᠎ᠠ ᠳ᠋ᠤ ᠪᠤᠭᠤᠲᠤ ᠬᠤᠳᠠ ᠵᠢᠨ ᠪᠡᠳᠺᠡᠷ ᠰᠦᠮ᠎ᠠ ᠵᠢᠨ ᠶᠡᠷᠦᠩᠬᠡᠢᠯᠡᠭᠰᠡᠨ ᠪᠠᠳᠤᠯᠠᠭ᠎ᠠ ᠵᠢᠨ ᠲᠦᠪ ᠪᠡᠭᠡᠵᠢᠩ᠎ᠤᠨ ᠭᠦᠧᠧ ᠸᠧᠨ ᠳ᠋ᠠᠨ ᠲᠡᠤᠬᠡ ᠵᠢᠨ ᠲᠤᠷᠠᠰᠬᠠᠯᠳᠤ ᠵᠦᠢᠯ᠎ᠢ ᠬᠠᠮᠠᠭᠠᠯᠠᠨ ᠬᠦᠭᠵᠢᠬᠦᠯᠬᠦ ᠬᠢᠵᠠᠭᠠᠷᠳᠤ ᠺᠤᠮᠫᠠᠨᠢ ᠳ᠋ᠤ ᠪᠡᠳᠺᠡᠷ ᠰᠦᠮ᠎ᠠ ᠵᠢᠨ ᠵᠡᠰ ᠰᠤᠪᠤᠷᠭ᠎ᠠ᠂ ᠪᠦᠷᠢᠶ᠎ᠠ᠂ ᠮᠠᠨᠳᠠᠯ᠂ ᠲᠠᠬᠢᠯ᠎ᠤᠨ ᠠᠶᠠᠭ᠎ᠠ ᠵᠡᠷᠭᠡ 60 ᠲᠡᠤᠬᠡ ᠵᠢᠨ ᠲᠤᠷᠠᠰᠬᠠᠯᠳᠤ ᠵᠦᠢᠯ᠎ᠢ ᠵᠠᠰᠠᠨ ᠰᠡᠯᠪᠢᠵᠦ ᠬᠠᠮᠠᠭᠠᠯᠠᠬᠤ ᠠᠵᠢᠯ᠎ᠢ ᠨᠠᠢᠳᠠᠵᠠᠢ᠃ ᠢᠩᠬᠢᠭᠡᠳ ᠮᠡᠷᠭᠡᠵᠢᠯ᠎ᠤᠨ ᠪᠦᠯᠬᠦᠮ ᠤᠤᠯ ᠲᠦᠷᠰᠤ ᠵᠢ ᠨᠢ ᠰᠡᠷᠭᠦᠭᠡᠬᠦ᠂ ᠠᠷᠢᠭᠤᠳᠬᠠᠨ ᠴᠡᠪᠡᠷᠯᠡᠬᠦ᠂ ᠵᠠᠰᠠᠡ ᠰᠡᠯᠪᠢᠬᠦ ᠵᠡᠷᠭᠡ ᠬᠡᠯᠪᠡᠷᠢ ᠪᠡᠷ ᠬᠤᠶᠠᠷ ᠰᠠᠷ᠎ᠠ ᠶᠠᠭᠠᠷᠠᠯᠳᠠᠢ ᠠᠵᠢᠯᠯᠠᠬᠤ ᠪᠡᠷ ᠲᠠᠮᠵᠢᠨ᠂ 9 ᠰᠠᠷ᠎ᠠ ᠵᠢᠨ ᠰᠡᠭᠦᠯᠴᠢ ᠪᠡᠷ ᠵᠠᠰᠠᠨ ᠰᠡᠯᠪᠢᠬᠦ ᠠᠵᠢᠯ᠎ᠢ ᠲᠠᠭᠤᠰᠬᠠᠵᠦ᠂ ᠬᠢᠨᠠᠨ ᠰᠢᠯᠭᠠᠯᠳᠠ ᠲᠤᠮᠳᠠ ᠲᠤᠰᠬᠠᠢ ᠮᠡᠷᠭᠡᠵᠢᠯᠳᠡᠨ᠎ᠤ ᠲᠤᠭᠤᠢᠯᠠᠩ᠎ᠤᠨ ᠦᠨᠳᠤᠷ ᠦᠨᠡᠯᠡᠯᠳᠡ ᠵᠢ ᠤᠯᠤᠬᠰᠠᠨ ᠪᠠᠢᠨ᠎ᠠ᠃

ᠲᠤᠰ ᠤᠳᠠᠭᠠᠨ᠎ᠤ ᠰᠢᠨ᠎ᠠ ᠪᠡᠷ ᠵᠠᠰᠠᠨ ᠰᠡᠯᠪᠢᠬᠦ ᠠᠵᠢᠯ ᠲᠤᠮᠳᠠ ᠴᠢᠩ ᠤᠯᠤᠰ᠎ᠤᠨ ᠦᠶ᠎ᠠ ᠵᠢᠨ ᠠᠯᠳᠠ ᠪᠡᠷ ᠦᠩᠬᠡᠯᠡᠭᠰᠡᠨ ᠲᠦᠪᠡᠳ ᠮᠠᠶᠢᠭ᠎ᠤᠨ ᠰᠤᠪᠤᠷᠭ᠎ᠠ ᠬᠦᠮᠦᠨ᠎ᠤ ᠠᠩᠬᠠᠷᠤᠯ᠎ᠢ ᠬᠠᠮᠤᠭ ᠡᠴᠡ ᠲᠠᠳᠠᠵᠠᠢ᠃ ᠲᠤᠰ ᠰᠤᠪᠤᠷᠭ᠎ᠠ ᠵᠢᠨ ᠤᠷᠤᠢ ᠵᠢᠨ ᠬᠡᠰᠡᠭ ᠨᠢ ᠠᠯᠠᠭ᠎ᠠ ᠪᠤᠯᠵᠦ᠂ ᠰᠤᠪᠤᠷᠭᠠᠨ ᠪᠡᠶ᠎ᠠ᠂ ᠰᠤᠪᠤᠷᠭᠠᠨ ᠰᠠᠭᠤᠳᠠᠯ ᠵᠡᠷᠭᠡ ᠨᠢ ᠴᠤ᠌ ᠡᠯᠡᠭᠳᠡᠵᠦ ᠡᠮᠳᠡᠷᠡᠭᠰᠡᠨ ᠪᠠᠢᠨ᠎ᠠ᠃ ᠮᠡᠷᠭᠡᠵᠢᠯᠳᠡᠳ ᠪᠤᠰᠤᠳ ᠰᠦᠮ᠎ᠠ ᠳ᠋ᠤ ᠬᠠᠳᠠᠭᠠᠯᠠᠬᠳᠠᠵᠦ ᠪᠠᠢᠭ᠎ᠠ ᠠᠳᠠᠯᠢ ᠲᠦᠷᠤᠯ᠎ᠤᠨ ᠲᠡᠤᠬᠡ ᠵᠢᠨ ᠲᠤᠷᠠᠰᠬᠠᠯᠳᠤ ᠵᠦᠢᠯ ᠲᠠᠢ ᠬᠠᠷᠢᠴᠠᠭᠤᠯᠤᠬᠰᠠᠨ ᠰᠠᠭᠤᠷᠢᠨ ᠲᠡᠭᠡᠷ᠎ᠠ  ᠴᠡᠪᠡᠷᠯᠡᠬᠦ᠂ ᠵᠢᠪᠡ ᠵᠢ ᠨᠢ ᠠᠷᠢᠯᠭᠠᠬᠤ᠂ ᠡᠪᠳᠡᠷᠡᠵᠦ ᠬᠤᠪᠬᠤᠷᠠᠬᠰᠠᠨ᠎ᠢ ᠨᠢ ᠨᠦᠬᠦᠬᠦ ᠵᠡᠷᠭᠡ ᠤᠯᠠᠨ ᠠᠯᠬᠤᠮ ᠵᠢᠡᠷ ᠲᠠᠮᠵᠢᠨ᠂ ᠨᠠᠷᠢᠯᠢᠭ ᠵᠠᠰᠠᠵᠦ ᠨᠢᠮᠪᠠᠢ ᠰᠡᠯᠪᠢᠨ᠂ ᠲᠤᠰ ᠲᠡᠤᠬᠡ ᠵᠢᠨ ᠲᠤᠷᠠᠰᠬᠠᠯᠳᠤ ᠵᠦᠢᠯᠡᠰ᠎ᠤᠨ ᠤᠭ ᠲᠦᠷᠰᠤ ᠵᠢ ᠰᠡᠷᠭᠦᠭᠡᠭᠰᠡᠨ ᠪᠠᠢᠨ᠎ᠠ᠃

ᠤᠢᠯᠠᠭᠠᠬᠰᠠᠨ ᠵᠢᠡᠷ᠂ ᠲᠤᠰ ᠤᠳᠠᠭᠠᠨ᠎ᠤ ᠵᠠᠰᠠᠨ ᠰᠡᠯᠪᠢᠵᠦ ᠬᠠᠮᠠᠭᠠᠯᠠᠬᠤ ᠠᠵᠢᠯ ᠪᠤᠯ ᠪᠡᠳᠺᠡᠷ ᠰᠦᠮ᠎ᠠ ᠵᠢᠨ 60 ᠰᠤᠳᠤᠨ ᠲᠡᠤᠬᠡ ᠵᠢᠨ ᠲᠤᠷᠠᠰᠬᠠᠯᠳᠤ ᠵᠦᠢᠯ᠎ᠤᠨ ᠬᠤᠶᠠᠳᠤᠭᠠᠷ ᠬᠤᠭᠤᠴᠠᠭᠠᠨ᠎ᠤ ᠬᠦᠳᠡᠯᠵᠦ ᠪᠤᠯᠬᠤ ᠲᠡᠤᠬᠡ ᠵᠢᠨ ᠲᠤᠷᠠᠰᠬᠠᠯᠳᠤ ᠵᠦᠢᠯ᠎ᠤᠨ ᠵᠠᠰᠠᠨ ᠰᠡᠷᠭᠦᠭᠡᠬᠦ ᠢᠨᠵᠧᠨᠧᠷᠢᠩ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号