2024 ᠣᠨ ᠳ᠋ᠦ ᠥᠪᠡᠷᠲᠡᠭᠡᠨ ᠵᠠᠰᠠᠬᠤ ᠣᠷᠣᠨ ᠤ᠋ ᠲᠡᠦᠬᠡ ᠶ᠋ᠢᠨ ᠳᠤᠷᠠᠰᠭᠠᠯᠲᠤ ᠵᠦᠶ᠋ᠯᠡᠰ ᠬᠠᠭᠤᠴᠢ ᠰᠤᠳᠤᠯᠤᠯ ᠤ᠋ᠨ ᠬᠦᠷᠢᠶᠡᠯᠡᠩ ᠰᠠᠨᠠᠭᠠᠴᠢᠯᠠᠭᠠᠳᠦ ᠬᠠᠭᠤᠴᠢ ᠰᠤᠳᠤᠯᠤᠯ ᠤ᠋ᠨ ᠠᠭᠤᠳᠠᠯᠤᠨ ᠮᠠᠯᠳᠠᠯᠳᠠ 10 ᠲᠦᠷᠦᠯ ᠵᠦᠢᠯ᠂ ᠪᠠᠴᠢᠮ ᠬᠠᠮᠠᠭᠠᠯᠠᠬᠤ ᠴᠢᠨᠠᠷᠲᠠᠢ ᠬᠠᠭᠤᠴᠢ ᠰᠤᠳᠤᠯᠤᠯ ᠤ᠋ᠨ ᠠᠭᠤᠳᠠᠯᠤᠨ ᠮᠠᠯᠳᠠᠯᠳᠠ 8 ᠲᠦᠷᠦᠯ ᠵᠦᠢᠯ ᠢ᠋ ᠪᠡᠶᠡᠯᠡᠭᠦᠯᠵᠦ᠍᠂ ᠦᠨᠳᠦᠰᠦᠨ ᠪᠦᠳᠦᠭᠡᠨ ᠪᠠᠢᠭᠤᠯᠤᠯᠲᠠ ᠶ᠋ᠢᠨ ᠬᠠᠭᠤᠴᠢ ᠰᠤᠳᠤᠯᠤᠯ ᠤ᠋ᠨ ᠠᠭᠤᠳᠠᠯᠤᠨ ᠮᠠᠯᠳᠠᠯᠳᠠ ᠵᠢᠨ 16 ᠲᠦᠷᠦᠯ ᠵᠦᠢᠯ ᠳ᠋ᠦ ᠬᠠᠮᠵᠢᠯᠴᠠᠨ᠂ ᠡᠯ᠎ᠠ ᠵᠤᠢᠯ ᠤ᠋ᠨ ᠠᠵᠢᠯ ᠵᠢᠡᠨ ᠢᠯᠭᠤᠮ ᠤᠷᠤᠭᠰᠢᠳᠠᠢ ᠪᠡᠶᠡᠯᠡᠬᠦᠯᠪᠡ᠃
2024 ᠣᠨ ᠳ᠋ᠦ ᠥᠪᠡᠷᠲᠡᠭᠡᠨ ᠵᠠᠰᠠᠬᠤ ᠣᠷᠣᠨ ᠤ᠋ ᠲᠡᠦᠬᠡ ᠶ᠋ᠢᠨ ᠳᠤᠷᠠᠰᠭᠠᠯᠲᠤ ᠵᠦᠶ᠋ᠯᠡᠰ ᠬᠠᠭᠤᠴᠢ ᠰᠤᠳᠤᠯᠤᠯ ᠤ᠋ᠨ ᠬᠦᠷᠢᠶᠡᠯᠡᠩ ᠤ᠋ᠨ ᠥᠷᠨᠢᠭᠦᠯᠦᠭ᠌ᠰᠡᠨ ᠬᠠᠭᠤᠴᠢ ᠰᠤᠳᠤᠯᠤᠯ ᠤ᠋ᠨ ᠠᠭᠤᠳᠠᠯᠤᠨ ᠮᠠᠯᠳᠠᠯᠳᠠ ᠳ᠋ᠦ ᠾᠧᠦ ᠴᠧᠩ ᠽᠦᠢ ᠡᠴᠡ ᠢᠯᠡᠷᠡᠬᠦᠯᠦᠭᠰᠡᠨ ᠯᠦᠩ ᠱᠠᠨ ᠤ᠋ ᠦᠶ᠎ᠡ ᠶ᠋ᠢᠨ ᠴᠢᠯᠠᠭᠤᠨ ᠬᠤᠳᠠ᠂ ᠶᠤᠸᠠᠨ ᠪᠦᠦ ᠱᠠᠨ ᠡᠴᠡ ᠢᠯᠡᠷᠡᠬᠦᠯᠦᠭᠰᠡᠨ ᠬᠤᠩᠱᠠᠨ ᠤ᠋ ᠰᠣᠶᠣᠯ ᠤ᠋ᠨ ᠴᠢᠯᠠᠭᠤᠨ ᠪᠤᠯᠠᠰᠢ᠂ ᠶᠦᠨ ᠵᠢᠶᠠ ᠯᠢᠶᠠᠩ ᠡᠴᠡ ᠢᠯᠡᠷᠡᠬᠦᠯᠦᠭᠰᠡᠨ ᠶᠠᠩ ᠱᠤᠤ ᠵᠢᠨ ᠳᠤᠮᠳᠠ ᠬᠤᠭᠤᠴᠠᠭᠠᠨ ᠤ᠋ ᠲᠣᠭᠣᠷᠢᠯ ᠭᠤᠤ ᠶ᠋ᠢᠨ ᠪᠠᠭᠤᠷᠢ᠂ ᠡᠯ ᠴᠠᠩ ᠴᠢᠦᠢ ᠶ᠋ᠢᠨ ᠰᠦᠩ ᠤᠯᠤᠰ ᠤ᠋ᠨ ᠦᠶ᠎ᠡ ᠶ᠋ᠢᠨ ᠤᠩᠭᠤᠨ ᠤ᠋ ᠰᠦᠷᠦᠭ᠌ᠵᠢᠯ ᠵᠡᠷᠭᠡ ᠤᠯᠠᠨ ᠵᠦᠢᠯ ᠤ᠋ᠨ ᠬᠠᠭᠤᠴᠢ ᠰᠤᠳᠤᠯᠤᠯ ᠤ᠋ᠨ ᠠᠵᠢᠯ ᠳ᠋ᠤ ᠴᠢᠬᠤᠯᠠ ᠠᠮᠵᠢᠯᠲᠠ ᠣᠯᠵᠠᠢ᠃ ᠡᠲᠡᠭᠡᠷ ᠪᠠᠭᠤᠷᠢ ᠵᠢ ᠢᠯᠡᠷᠡᠭᠦᠯᠦᠭ᠌ᠰᠡᠨ ᠦᠷ᠎ᠡ ᠪᠦᠲᠦᠭᠡᠯ ᠨᠢ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠪᠦᠷᠢᠯᠳᠦᠭ᠌ᠰᠡᠨ ᠲᠡᠦᠬᠡᠨ ᠶᠠᠪᠤᠴᠠ ᠵᠢ ᠠᠮᠢᠳᠤᠯᠢᠭ ᠢ᠋ᠶ᠋ᠠᠷ ᠳᠡᠯᠭᠡᠨ ᠦᠵᠡᠭᠦᠯᠵᠦ᠍᠂ ᠬᠤᠩᠱᠠᠨ ᠰᠣᠶᠣᠯ ᠢ᠋ᠶ᠋ᠠᠷ ᠲᠥᠯᠥᠭᠡᠯᠡᠭᠦᠯᠦᠭ᠌ᠰᠡᠨ ᠪᠠᠷᠠᠭᠤᠨ ᠯᠢᠶᠣᠤ ᠾᠧ ᠭᠤᠤᠯ ᠤ᠋ᠨ ᠪᠣᠯᠪᠠᠰᠤᠨ ᠤ᠋ ᠣᠯᠠᠨ ᠡᠱᠢᠲᠦ ᠨᠢᠭᠡ ᠴᠣᠭ᠍ᠴᠠᠵᠢᠭ᠍ᠰᠠᠨ ᠳᠤᠮᠳᠠᠳᠤ ᠶ᠋ᠢᠨ ᠪᠣᠯᠪᠠᠰᠤᠨ ᠳ᠋ᠠᠬᠢ ᠴᠢᠬᠤᠯᠠ ᠪᠠᠢᠷᠢ ᠰᠠᠭᠤᠷᠢ ᠵᠢ ᠢᠯᠡᠷᠡᠭᠦᠯᠵᠦ᠍᠂ ᠤᠮᠠᠷᠠᠲᠤ ᠬᠢᠯᠢ ᠶ᠋ᠢᠨ ᠰᠣᠶᠣᠯ ᠤ᠋ᠨ ᠭᠦᠨ ᠵᠤᠵᠠᠭᠠᠨ ᠲᠡᠦᠬᠡ ᠰᠣᠶᠣᠯ ᠤ᠋ᠨ ᠠᠭᠤᠯᠤᠭ᠍ᠳᠠᠬᠤᠨ ᠢ᠋ ᠠᠭᠤᠳᠠᠯᠤᠨ᠂ ᠮᠠᠨ ᠤ᠋ ᠣᠷᠣᠨ ᠤ᠋ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠡᠬᠢ ᠪᠠᠶᠠᠯᠢᠭ ᠪᠣᠯᠤᠨ ᠰᠣᠶᠣᠯ ᠤ᠋ᠨ ᠥᠪ ᠲᠦ᠍ ᠱᠢᠨ᠎ᠡ ᠠᠭᠤᠯᠭ᠎ᠠ ᠨᠡᠮᠡᠷᠢᠯᠡᠪᠡ᠃
2024 ᠣᠨ ᠤ᠋ 4 ᠰᠠᠷ᠎ᠠ ᠶ᠋ᠢᠨ 27 ᠤ᠋ ᠡᠳᠦᠷᠡᠴᠡ ᠡᠬᠢᠯᠡᠨ᠂ ᠳᠤᠮᠳᠠᠳᠤ ᠤᠯᠤᠰ ᠤ᠋ᠨ ᠨᠡᠢᠭᠡᠮ ᠤ᠋ᠨ ᠱᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠬᠠᠭᠤᠴᠢ ᠰᠤᠳᠤᠯᠤᠯ ᠤ᠋ᠨ ᠰᠤᠳᠤᠯᠭᠠᠨ ᠤ᠋ ᠭᠠᠵᠠᠷ᠂ ᠳᠤᠮᠳᠠᠳᠤ ᠤᠯᠤᠰ ᠤ᠋ᠨ ᠱᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠡᠷᠲᠡᠨ ᠤ᠋ ᠰᠡᠭᠡᠷᠲᠡᠨ ᠠᠮᠢᠲᠠᠨ ᠬᠢᠭᠡᠳ ᠡᠷᠲᠡᠨ ᠤ᠋ ᠬᠥᠮᠦᠨ ᠲᠥᠷᠥᠯᠬᠢᠲᠡᠨ ᠤ᠋ ᠰᠤᠳᠤᠯᠭᠠᠨ ᠤ᠋ ᠭᠠᠵᠠᠷ᠂ ᠪᠡᠭᠡᠵᠢᠩ ᠶᠡᠬᠡ ᠰᠤᠷᠭᠠᠭᠤᠯᠢ᠂ ᠭᠢᠷᠢᠨ ᠶᠡᠬᠡ ᠰᠤᠷᠭᠠᠭᠤᠯᠢ᠂ ᠳᠤᠮᠳᠠᠳᠤ ᠤᠯᠤᠰ ᠤ᠋ᠨ ᠠᠷᠠᠳ ᠤ᠋ᠨ ᠶᠡᠬᠡ ᠰᠤᠷᠭᠠᠭᠤᠯᠢ ᠵᠡᠷᠭᠡ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠬᠦᠷᠢᠶᠡᠯᠡᠩ ᠪᠠ ᠶᠡᠬᠡ ᠳᠡᠭᠡᠳᠦ ᠰᠤᠷᠭᠠᠭᠤᠯᠢ ᠶ᠋ᠢᠨ ᠲᠤᠰᠭᠠᠶ ᠮᠡᠷᠭᠡᠵᠢᠯᠲᠡᠨ ᠨᠡᠷ ᠰᠦᠯᠵᠢᠶᠡᠨ ᠳᠡᠭᠡᠷ᠎ᠠ ᠪᠠ ᠲᠤᠬᠠᠢ ᠵᠢᠨ ᠲᠠᠯᠠᠪᠠᠢ ᠵᠢ ᠤᠶᠠᠯᠳᠤᠭᠤᠯᠤᠭᠰᠠᠨ ᠬᠡᠯᠪᠡᠷᠢ ᠪᠡᠷ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠡᠦᠬᠡ ᠶ᠋ᠢᠨ ᠳᠤᠷᠠᠰᠭᠠᠯᠲᠤ ᠵᠦᠶ᠋ᠯᠡᠰ ᠬᠠᠭᠤᠴᠢ ᠰᠤᠳᠤᠯᠤᠯ ᠤ᠋ᠨ ᠬᠦᠷᠢᠶᠡᠯᠡᠩ ᠤ᠋ᠨ 2024 ᠣᠨ ᠳ᠋ᠦ ᠥᠷᠨᠢᠭᠦᠯᠦᠭ᠌ᠰᠡᠨ 34 ᠵᠦᠶ᠋ᠯ ᠤ᠋ᠨ ᠬᠠᠭᠤᠴᠢ ᠰᠤᠳᠤᠯᠤᠯ ᠤ᠋ᠨ ᠨᠡᠭᠡᠭᠡᠨ ᠮᠠᠯᠲᠠᠬᠤ ᠲᠥᠷᠥᠯ ᠵᠦᠶ᠋ᠯ ᠢ᠋ ᠤᠷᠢᠳ ᠬᠤᠵᠢᠳ ᠱᠢᠯᠭᠠᠨ ᠪᠠᠢᠴᠠᠭᠠᠵᠠᠢ᠃ ᠲᠤᠰᠭᠠᠶ ᠮᠡᠷᠭᠡᠵᠢᠯᠲᠡᠨ ᠤ᠋ ᠳᠤᠭᠤᠢᠯᠠᠩ ᠬᠠᠭᠤᠴᠢ ᠰᠤᠳᠤᠯᠤᠯ ᠤ᠋ᠨ ᠠᠭᠤᠳᠠᠯᠤᠨ ᠮᠠᠯᠲᠠᠭ᠍ᠰᠠᠨ ᠪᠠᠢᠳᠠᠯ ᠤ᠋ᠨ ᠲᠤᠬᠠᠶ ᠬᠠᠷᠢᠭᠤ ᠮᠡᠳᠡᠭᠦᠯᠦᠯᠲᠡ ᠵᠢ ᠰᠣᠨᠣᠰᠴᠤ᠌᠂ ᠠᠭᠤᠳᠠᠯᠤᠨ ᠮᠠᠯᠲᠠᠭ᠍ᠰᠠᠨ ᠲᠤᠬᠠᠶ ᠶ᠋ᠢᠨ ᠲᠠᠯᠠᠪᠠᠶ᠂ ᠤᠯᠳᠠᠭᠰᠠᠨ ᠪᠣᠳᠠᠰ ᠵᠢᠴᠢ ᠥᠯᠢᠭᠡᠷ ᠬᠡᠪ ᠢ᠋ ᠳᠡᠩᠰᠡᠯᠡᠨ ᠬᠠᠮᠢᠶᠠᠷᠴᠤ᠌ ᠪᠠᠢᠭ᠎ᠠ ᠪᠠᠢᠳᠠᠯ᠂ ᠠᠭᠤᠳᠠᠯᠤᠨ ᠮᠠᠯᠲᠠᠭ᠍ᠰᠠᠨ ᠮᠠᠲ᠋ᠧᠷᠢᠶᠠᠯ ᠤ᠋ᠨ ᠲᠡᠮᠳᠡᠭ᠌ᠯᠡᠯ ᠵᠡᠷᠭᠡ ᠲᠠᠯ᠎ᠠ ᠳ᠋ᠦ ᠭᠤᠤᠯᠳᠠᠯᠭ᠎ᠠ ᠲᠠᠶ ᠪᠠᠢᠴᠠᠭᠠᠯᠲᠠ ᠬᠢᠵᠦ᠍᠂ 《ᠬᠠᠭᠤᠴᠢ ᠰᠤᠳᠤᠯᠤᠯ ᠤ᠋ᠨ ᠠᠭᠤᠳᠠᠯᠤᠨ ᠮᠠᠯᠲᠠᠬᠤ ᠲᠥᠷᠥᠯ ᠵᠦᠶ᠋ᠯ ᠢ᠋ ᠪᠠᠢᠴᠠᠭᠠᠵᠤ ᠦᠨᠡᠯᠡᠬᠦ᠌ ᠬᠦᠰᠦᠨᠦᠭ᠌ᠲᠦ》 ᠶ᠋ᠢᠨ ᠡᠯ᠎ᠡ ᠵᠦᠶ᠋ᠯ ᠤ᠋ᠨ ᠠᠭᠤᠯᠭ᠎ᠠ ᠲᠠᠶ ᠬᠠᠷᠭᠤᠭᠤᠯᠵᠤ᠂ ᠪᠥᠬᠥ᠌ ᠲᠠᠯ᠎ᠠ ᠪᠠᠷ ᠨᠠᠷᠢᠨ ᠨᠢᠮᠪᠠᠶ ᠪᠠᠢᠴᠠᠭᠠᠵᠤ ᠬᠢᠨᠠᠨ ᠲᠣᠭ᠍ᠲᠠᠭᠠᠬᠤᠳᠦ ᠲᠤᠰ ᠬᠦᠷᠢᠶᠡᠯᠡᠩ ᠤ᠋ᠨ 2024 ᠣᠨ ᠳ᠋ᠦ ᠬᠢᠭ᠌ᠰᠡᠨ ᠪᠤᠢ ᠪᠦᠬᠦᠢ ᠬᠠᠭᠤᠴᠢ ᠰᠤᠳᠤᠯᠤᠯ ᠤ᠋ᠨ ᠠᠭᠤᠳᠠᠯᠤᠨ ᠮᠠᠯᠲᠠᠬᠤ ᠲᠥᠷᠥᠯ ᠵᠦᠶ᠋ᠯ ᠨᠢ ᠪᠦᠷ ᠬᠢᠷᠢ ᠲᠡᠩᠴᠡᠵᠡᠢ᠃