ᠮᠠᠨ᠎ᠤ ᠤᠯᠤᠰ᠎ᠤᠨ ᠱᠢᠨᠵᠢᠯᠡᠬᠦ᠌ ᠤᠬᠠᠭᠠᠨᠲᠠᠨ ᠲᠥᠪᠡᠳ ᠡᠴᠡ ᠳᠡᠯᠡᠬᠡᠶ᠎ᠶ᠋ᠢᠨ ᠬᠠᠮᠤᠭ᠎ᠤᠨ ᠵᠢᠵᠢᠭ ᠭᠦᠷᠪᠡᠯᠯᠢᠭ ᠬᠥᠯᠲᠦ ᠠᠪᠤᠷᠭᠤ ᠭᠦᠷᠪᠡᠯ᠎ᠦᠨ ᠤᠯᠠ ᠮᠥᠷ᠎ᠦᠨ ᠴᠢᠯᠠᠭᠤᠵᠢᠮᠠᠯ ᠢ᠋ ᠢᠯᠡᠷᠡᠭᠦᠯᠪᠡ
2025-01-13 10:10:35
ᠵᠣᠬᠢᠶᠠᠭ᠍ᠴᠢ᠄
​ᠸᠧᠶ ᠮᠸᠩ ᠵᠢᠶᠠ
ᠣᠩᠱᠢᠭ᠍ᠰᠠᠨ ᠣᠳᠠᠭ᠎ᠠ᠄
★★★☆☆

 ᠭᠦᠷᠪᠡᠯᠯᠢᠭ ᠬᠥᠯᠲᠦ ᠠᠪᠤᠷᠭᠤ ᠭᠦᠷᠪᠡᠯ᠎ᠦᠨ ᠪᠡᠶ᠎ᠡ ᠨᠢ ᠶᠡᠷᠦᠳᠡᠭᠡᠨ ᠮᠤᠨᠳᠠᠭ ᠲᠣᠮᠣ ᠪᠠᠢᠵᠤ᠂ ᠮᠠᠰᠢ ᠣᠷᠳᠣ ᠬᠦᠵᠦᠭᠦᠦ ᠪᠠ ᠰᠡᠭᠦᠯ᠎ᠲᠡᠶ᠂ ᠬᠦᠳᠡᠷ ᠪᠦᠳᠦᠭᠦᠨ ᠳᠥᠷᠪᠡᠨ ᠮᠥᠴᠢ ᠲᠠᠢ ᠪᠠᠢᠳᠠᠭ᠃ ᠲᠥᠪᠡᠳ᠎ᠦᠨ ᠴᠠᠮᠳᠤ᠋ ᠬᠤᠳᠠ᠎ᠶ᠋ᠢᠨ ᠳ᠋ᠦᠩ ᠳ᠋ᠦᠸᠸ ᠲᠣᠰᠭᠣᠨ᠎ᠳᠤ᠂ ᠮᠠᠨ᠎ᠤ ᠤᠯᠤᠰ᠎ᠤᠨ ᠱᠢᠨᠵᠢᠯᠡᠬᠦ᠌ ᠤᠬᠠᠭᠠᠨᠲᠠᠨ ᠨᠢᠭᠡ ᠪᠦᠯᠦᠭ ᠵᠦᠷ᠎ᠦᠨ ᠭᠠᠯᠪᠠ᠎ᠶ᠋ᠢᠨ ᠳᠤᠮᠳᠠ ᠬᠤᠭᠤᠴᠠᠭᠠᠨ᠎ᠤ ᠭᠦᠷᠪᠡᠯᠯᠢᠭ ᠬᠦᠯᠳᠤ ᠠᠪᠤᠷᠭᠤ ᠭᠦᠷᠪᠡᠯ᠎ᠦᠨ ᠤᠯᠠ ᠮᠥᠷ᠎ᠦᠨ ᠴᠢᠯᠠᠭᠤᠵᠢᠮᠠᠯ᠎ᠢ ᠢᠯᠡᠷᠡᠭᠦᠯᠵᠦ᠍᠂ ᠬᠠᠮᠤᠭ ᠪᠠᠭ᠎ᠠ ᠨᠢ 8.8 ᠰᠠᠨᠲ᠋ᠢᠮᠧᠲ᠋ᠷ ᠪᠤᠯᠤᠨ᠎ᠠ᠃

ᠳᠤᠮᠳᠠᠳᠤ ᠤᠯᠤᠰ᠎ᠤᠨ ᠭᠠᠵᠠᠷ ᠱᠢᠨᠵᠢᠯᠡᠭᠡᠨ᠎ᠦ ᠶᠡᠬᠡ ᠰᠤᠷᠭᠠᠭᠤᠯᠢ (ᠪᠡᠭᠡᠵᠢᠩ)᠂ ᠳᠤᠮᠳᠠᠳᠤ ᠤᠯᠤᠰ᠎ᠤᠨ ᠭᠠᠵᠠᠷ ᠱᠢᠨᠵᠢᠯᠡᠭᠡᠨ᠎ᠦ ᠪᠠᠢᠴᠠᠭᠠᠯᠲᠠ᠎ᠶ᠋ᠢᠨ ᠲᠣᠪᠴᠢᠶᠠᠨ᠎ᠤ ᠰᠤᠳᠤᠯᠤᠭ᠍ᠴᠢᠳ᠎ᠢᠶᠠᠷ ᠪᠦᠷᠢᠯᠳᠦᠭ᠌ᠰᠡᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠦᠯᠬᠦᠮ 10 ᠤ᠋ ᠡᠳᠦᠷ ᠲᠣᠰ ᠱᠢᠨ᠎ᠡ ᠢᠯᠡᠷᠡᠭᠦᠯᠦᠯᠲᠡ᠎ᠶ᠋ᠢ ᠨᠡᠢᠲᠡᠯᠡᠭ᠌ᠰᠡᠨ ᠪᠥᠭᠡᠳ ᠡᠨᠡ ᠪᠣᠯ ᠣᠳᠣᠬᠠᠨ᠎ᠳᠤ ᠨᠢᠭᠡᠨᠲᠡ ᠢᠯᠡᠷᠡᠭᠦᠯᠦᠭᠰᠡᠨ ᠳᠡᠯᠡᠬᠡᠶ᠎ᠶ᠋ᠢᠨ ᠬᠠᠮᠤᠭ᠎ᠤᠨ ᠪᠠᠭ᠎ᠠ ᠭᠦᠷᠪᠡᠯᠯᠢᠭ ᠬᠥᠯᠲᠦ ᠠᠪᠤᠷᠭᠤ ᠭᠦᠷᠪᠡᠯ᠎ᠦᠨ ᠤᠯᠠ ᠮᠥᠷ᠎ᠦᠨ ᠴᠢᠯᠠᠭᠤᠵᠢᠮᠠᠯ ᠪᠤᠯᠤᠨ᠎ᠠ ᠭᠡᠵᠡᠶ᠃ ᠡᠨᠡ ᠬᠦ᠌ ᠦᠷ᠎ᠡ ᠪᠦᠲᠦᠭᠡᠯ᠎ᠢ ᠣᠢᠷ᠎ᠠ᠎ᠳᠤ ᠣᠯᠠᠨ ᠤᠯᠤᠰ᠎ᠤᠨ ᠡᠷᠲᠡᠨ᠎ᠦ ᠠᠮᠢᠳᠤ ᠪᠣᠳᠠᠰ᠎ᠤᠨ ᠤᠬᠠᠭᠠᠨ ᠤ᠋ ᠡᠷᠳᠡᠮ ᠱᠢᠨᠵᠢᠯᠡᠭᠡᠨ᠎ᠦ ᠬᠤᠭᠤᠴᠠᠭᠠᠲᠤ ᠰᠡᠳᠬᠦᠯ 《ᠲᠡᠦᠬᠡ᠎ᠶ᠋ᠢᠨ ᠠᠮᠢᠳᠤ ᠪᠣᠳᠠᠰ᠎ᠤᠨ ᠤᠬᠠᠭᠠᠨ》 ᠳᠡᠭᠡᠷ᠎ᠡ ᠨᠡᠢᠲᠡᠯᠡᠪᠡ᠃

ᠠᠪᠤᠷᠭᠤ ᠭᠦᠷᠪᠡᠯ᠎ᠦᠨ ᠰᠤᠳᠤᠯᠭᠠᠨ᠎ᠤ ᠲᠤᠰᠭᠠᠶ ᠮᠡᠷᠭᠡᠵᠢᠯᠲᠡᠨ᠂ ᠳᠤᠮᠳᠠᠳᠤ ᠤᠯᠤᠰ᠎ᠤᠨ ᠭᠠᠵᠠᠷ ᠱᠢᠨᠵᠢᠯᠡᠭᠡᠨ᠎ᠦ ᠶᠡᠬᠡ ᠰᠤᠷᠭᠠᠭᠤᠯᠢ(ᠪᠡᠭᠡᠵᠢᠩ) ᠎ᠶ᠋ᠢᠨ ᠳᠡᠳ᠋ ᠫᠷᠤᠹᠸᠰᠰᠤᠷ ᠱᠢᠩ ᠯᠢ ᠳ᠋ᠡ᠂ ᠴᠠᠮᠳᠤ᠋ ᠳ᠋ᠤ ᠪᠠᠢᠭ᠎ᠠ ᠵᠦᠷ᠎ᠦᠨ ᠭᠠᠯᠪᠠ᠎ᠶ᠋ᠢᠨ ᠭᠠᠵᠠᠷ᠎ᠤᠨ ᠳᠠᠪᠬᠤᠷᠭ᠎ᠠ᠎ᠶ᠋ᠢᠨ ᠬᠠᠮᠤᠭ᠎ᠤᠨ ᠶᠡᠬᠡ ᠵᠤᠵᠠᠭᠠᠨ᠎ᠤ ᠬᠡᠮᠵᠢᠶ᠎ᠡ ᠨᠢ 4800 ᠮᠧᠲ᠋ᠷ᠎ᠢ ᠳᠠᠪᠠᠵᠤ᠂ ᠶᠡᠬᠡ ᠬᠡᠮᠵᠢᠶᠡᠨ᠎ᠦ ᠠᠪᠤᠷᠭᠤ ᠭᠦᠷᠪᠡᠯ᠎ᠦᠨ ᠤᠯᠠ ᠮᠥᠷ᠎ᠦᠨ ᠴᠢᠯᠠᠭᠤᠵᠢᠮᠠᠯ᠎ᠢ ᠢᠯᠡᠷᠡᠭᠦᠯᠪᠡ᠃ 2023 ᠣᠨ᠎ᠤ 7 ᠰᠠᠷ᠎ᠠ᠎ᠳᠤ ᠂ ᠳᠤᠮᠳᠠᠳᠤ ᠤᠯᠤᠰ᠎ᠤᠨ ᠭᠠᠵᠠᠷ ᠱᠢᠨᠵᠢᠯᠡᠭᠡᠨ᠎ᠦ ᠪᠠᠢᠴᠠᠭᠠᠯᠲᠠ᠎ᠶ᠋ᠢᠨ ᠲᠣᠪᠴᠢᠶ᠎ᠠ᠎ᠶ᠋ᠢᠨ ᠬᠠᠮᠢᠶ᠎ᠠ ᠪᠥᠬᠥᠶ ᠠᠵᠢᠯᠲᠠᠨ ᠡᠨᠳᠡ ᠴᠢᠯᠠᠭᠤᠵᠢᠮᠠᠯ᠎ᠤᠨ ᠦᠯᠡᠳᠡᠭ᠌ᠳᠡᠯ᠎ᠦᠨ ᠪᠠᠢᠴᠠᠭᠠᠯᠲᠠ ᠬᠢᠬᠦ᠌ ᠦᠶ᠎ᠡ᠎ᠳᠦ᠂ ᠮᠥᠯᠬᠥᠭ᠌ᠴᠢ ᠠᠮᠢᠲᠠᠨ᠎ᠤ ᠤᠯᠠ ᠮᠥᠷ᠎ᠲᠡᠶ ᠲᠥᠰᠦᠭᠡᠲᠡᠶ ᠬᠠᠲᠠᠨ ᠬᠠᠨ᠎ᠠ᠎ᠶ᠋ᠢ ᠰᠠᠨᠠᠭᠠᠨ᠎ᠳᠤ ᠥᠬᠡᠶ ᠢᠯᠡᠷᠡᠭᠦᠯᠵᠤ᠂ ᠬᠣᠵᠢᠮ ᠨᠢ ᠳᠤᠮᠳᠠᠳᠤ ᠤᠯᠤᠰ᠎ᠤᠨ ᠭᠠᠵᠠᠷ ᠱᠢᠨᠵᠢᠯᠡᠭᠡᠨ᠎ᠦ ᠶᠡᠬᠡ ᠰᠤᠷᠭᠠᠭᠤᠯᠢ (ᠪᠡᠭᠡᠵᠢᠩ) ᠲᠠᠢ ᠬᠠᠮᠲᠤᠷᠠᠨ ᠠᠵᠢᠯᠯᠠᠪᠠ᠃

ᠪᠠᠢᠴᠠᠭᠠᠯᠲᠠ᠎ᠶ᠋ᠢᠨ ᠠᠩᠭᠢ ᠳ᠋ᠦᠩ ᠳ᠋ᠦᠸᠸ ᠲᠣᠰᠭᠣᠨ᠎ᠳᠤ ᠬᠣᠶᠠᠷ ᠤᠯᠠ ᠮᠥᠷ ᠤ᠋ᠨ ᠴᠢᠯᠠᠭᠤᠵᠢᠮᠠᠯ ᠢᠯᠡᠷᠡᠭᠦᠯᠪᠡ᠃ ᠡᠭᠦᠨ᠎ᠳᠦ ᠨᠢᠭᠡ ᠬᠡᠰᠡᠭ ᠴᠢᠯᠠᠭᠤᠵᠢᠮᠠᠯ ᠪᠤᠯ ᠵᠢᠵᠢᠭ ᠮᠦᠷᠳᠡᠭᠡᠨ ᠲᠤᠰᠠᠭᠠᠷ ᠭᠦᠷᠪᠡᠯᠯᠢᠭ ᠬᠥᠯᠳᠤ ᠠᠪᠤᠷᠭᠤ ᠭᠦᠷᠪᠡᠯ᠎ᠦᠨ ᠤᠯᠠ ᠮᠥᠷ ᠪᠠᠢᠵᠤ᠂ ᠶᠡᠬᠡ ᠪᠠᠭ᠎ᠠ ᠨᠢ 8.8 ᠰᠠᠨᠲ᠋ᠢᠮᠧᠲ᠋ᠷ᠎ᠡᠴᠡ 15.5 ᠰᠠᠨᠲ᠋ᠢᠮᠧᠲ᠋ᠷ᠎ᠲᠦ ᠬᠦᠷᠴᠦ᠍᠂ 6 ᠡᠴᠡ ᠳᠡᠭᠡᠭ᠌ᠰᠢ ᠠᠪᠤᠷᠭᠤ ᠭᠦᠷᠪᠡᠯ᠎ᠦᠨ ᠤᠯᠠ ᠮᠥᠷ ᠪᠠᠢᠵᠤ ᠮᠡᠳᠡᠨ᠎ᠠ᠃

《ᠡᠢᠮᠦ᠍ ᠵᠢᠵᠢᠭ ᠭᠦᠷᠪᠡᠯᠯᠢᠭ ᠬᠥᠯᠲᠦ ᠠᠪᠤᠷᠭᠤ ᠭᠦᠷᠪᠡᠯ᠎ᠦᠨ ᠮᠥᠷ ᠮᠠᠰᠢ ᠬᠣᠪᠣᠷ ᠳᠤᠬᠢᠶᠠᠯᠳᠤᠳᠠᠭ 》 ᠭᠡᠵᠦ ᠱᠢᠩ ᠯᠢ ᠳ᠋ᠡ ᠬᠡᠯᠡᠵᠦ᠂ ᠺᠣᠷᠢᠶᠠ᠎ᠶ᠋ᠢᠨ ᠴᠠᠷᠳᠠ᠎ᠶ᠋ᠢᠨ ᠭᠠᠯᠪᠠ᠎ᠶ᠋ᠢᠨ ᠭᠠᠵᠠᠷ᠎ᠤᠨ ᠳᠠᠪᠬᠤᠷᠭ᠎ᠠ᠎ᠳᠤ 12.2 ᠰᠠᠨᠲ᠋ᠢᠮᠧᠲ᠋ᠷ᠎ᠦᠨ ᠤᠯᠠ ᠮᠥᠷ᠎ᠢ ᠢᠯᠡᠷᠡᠬᠦᠯᠦᠭᠰᠡᠨ ᠲᠡᠮᠳᠡᠭ᠌ᠯᠡᠯ᠎ᠲᠡᠶ ᠪᠠᠢᠵᠤ᠂ ᠮᠠᠨ᠎ᠤ ᠤᠯᠤᠰ᠎ᠤᠨ ᠥᠪᠥᠷ ᠮᠣᠩᠭᠣᠯ᠎ᠤᠨ ᠴᠠᠷᠳᠠ᠎ᠶ᠋ᠢᠨ ᠭᠠᠯᠪᠠ᠎ᠶ᠋ᠢᠨ ᠡᠬᠢᠨ᠎ᠦ ᠦᠶ᠎ᠡ᠎ᠶ᠋ᠢᠨ ᠭᠠᠵᠠᠷ᠎ᠤᠨ ᠳᠠᠪᠬᠤᠷᠭ᠎ᠠ᠎ᠳᠤ ᠪᠠᠰᠠ 11.5 ᠡᠴᠡ 13 ᠰᠠᠨᠲ᠋ᠢᠮᠧᠲ᠋ᠷ᠎ᠦᠨ ᠤᠯᠠ ᠮᠥᠷ᠎ᠢ ᠢᠯᠡᠷᠡᠭᠦᠯᠵᠤ ᠥᠩᠭᠡᠷᠡᠵᠡᠶ᠂ ᠲᠣᠰ ᠤᠳᠠᠭᠠᠨ᠎ᠤ ᠱᠢᠨ᠎ᠡ ᠢᠯᠡᠷᠡᠭᠦᠯᠦᠯᠲᠡ ᠪᠣᠯ ᠣᠳᠣᠬᠠᠨ᠎ᠳᠤ ᠨᠢᠭᠡᠨᠲᠡ ᠢᠯᠡᠷᠡᠭᠦᠯᠦᠭᠰᠡᠨ ᠬᠠᠮᠤᠭ᠎ᠤᠨ ᠪᠠᠭ᠎ᠠ ᠭᠦᠷᠪᠡᠯᠯᠢᠭ ᠬᠥᠯᠳᠤ ᠵᠢᠨ ᠤᠯᠠ ᠮᠥᠷ ᠪᠣᠯᠤᠨ᠎ᠠ᠂ ᠤᠯᠠ ᠮᠥᠷ᠎ᠢ ᠦᠯᠡᠳᠡᠭᠡᠭᠴᠢ ᠵᠢᠨ ᠪᠡᠶ᠎ᠡ᠎ᠶ᠋ᠢᠨ ᠣᠷᠳᠣ᠎ᠨᠢ ᠪᠠᠷᠤᠭ 2  ᠡᠴᠡ 3 ᠮᠧᠲ᠋ᠷ ᠪᠠᠢᠨ᠎ᠠ ᠭᠡᠵᠤ ᠲᠠᠨᠢᠯᠴᠠᠭᠤᠯᠵᠠᠢ᠃

ᠣᠢᠯᠠᠭᠠᠭ᠍ᠰᠠᠨ᠎ᠢᠶᠠᠷ᠂ ᠭᠦᠷᠪᠡᠯᠯᠢᠭ ᠬᠥᠯᠲᠦ ᠠᠪᠤᠷᠭᠤ ᠭᠦᠷᠪᠡᠯ᠎ᠦᠨ ᠨᠠᠰᠤᠨ ᠳ᠋ᠤ ᠬᠦᠷᠦᠭᠰᠡᠨ ᠦᠶ᠎ᠠ ᠪᠠ ᠨᠢᠯᠬ᠎ᠠ ᠦᠶ᠎ᠠ ᠵᠢᠨ ᠪᠡᠶ᠎ᠠ ᠵᠢᠨ ᠬᠡᠮᠵᠢᠶ᠎ᠠ ᠨᠢ ᠮᠠᠰᠢ ᠶᠡᠬᠡ ᠵᠥᠷᠢᠶ᠎ᠡ᠎ᠲᠡᠶ᠂ ᠬᠣᠷᠢ ᠭᠤᠴᠢᠨ ᠮᠧᠲ᠋ᠷ ᠣᠷᠳᠣ ᠲᠣᠮᠣ ᠭᠦᠷᠪᠡᠯᠯᠢᠭ ᠬᠥᠯᠲᠦ ᠠᠪᠤᠷᠭᠤ ᠭᠦᠷᠪᠡᠯ᠎ᠦᠨ ᠦᠨᠳᠡᠭᠡᠨ ᠡᠴᠡ ᠨᠡᠪᠴᠢᠵᠤ ᠭᠠᠷᠤᠭᠰᠡᠨ ᠵᠤᠯᠵᠠᠭ᠎ᠠ ᠨᠢ ᠬᠠᠭᠠᠰ ᠮᠧᠲ᠋ᠷ ᠴᠦ᠍ ᠬᠥᠷᠬᠥ᠌ ᠥᠬᠡᠶ ᠪᠠᠢᠳᠠᠭ᠃

ᠨᠥᠭᠥᠭᠡ ᠨᠢᠭᠡ ᠴᠢᠯᠠᠭᠤᠵᠢᠮᠠᠯ ᠪᠤᠯ ᠠᠷᠢᠶᠠᠲᠠᠨ᠎ᠤ ᠬᠥᠯᠲᠦ ᠠᠪᠤᠷᠭᠤ ᠭᠦᠷᠪᠡᠯ᠎ᠦᠨ ᠳᠤᠮᠳᠠᠴᠢ᠎ᠪᠠᠷ 42 ᠰᠠᠨᠲ᠋ᠢᠮᠧᠲ᠋ᠷ ᠣᠷᠳᠣ 3 ᠤᠯᠠ ᠮᠦᠷ ᠪᠤᠯᠤᠨ᠎ᠠ᠃ ᠡᠨᠡ ᠬᠦ᠌ ᠳᠤᠮᠳᠠ ᠬᠡᠯᠪᠡᠷᠢ᠎ᠶ᠋ᠢᠨ ᠠᠪᠤᠷᠭᠤ ᠭᠦᠷᠪᠡᠯ 6 ᠮᠧᠲ᠋ᠷ ᠣᠷᠳᠣ ᠪᠠᠢᠳᠠᠭ᠃

ᠡᠭᠦᠨ᠎ᠡᠴᠡ ᠭᠠᠳᠠᠨ᠎ᠠ᠂ ᠠᠪᠤᠷᠭᠤ ᠭᠦᠷᠪᠡᠯ᠎ᠦᠨ ᠤᠯᠠ ᠮᠦᠷ ᠤ᠋ᠨ ᠴᠢᠯᠠᠭᠤᠵᠢᠮᠠᠯ᠎ᠢ ᠢᠯᠡᠷᠡᠭᠦᠯᠦᠭ᠌ᠰᠡᠨ ᠭᠠᠵᠠᠷ᠎ᠤᠨ ᠳᠠᠪᠬᠤᠷᠭ᠎ᠠ ᠨᠢ ᠣᠲᠣ ᠡᠴᠡ 1.7 ᠳ᠋ᠦᠩᠱᠢᠭᠤᠷ ᠡᠴᠡ 1.6 ᠳ᠋ᠦᠩᠱᠢᠭᠤᠷ ᠵᠢᠯ᠎ᠦᠨ ᠵᠠᠢᠳᠠᠢ ᠪᠠᠢᠨ᠎ᠠ᠃ ᠵᠠᠷᠢᠮ ᠴᠢᠯᠠᠭᠤᠵᠢᠮᠠᠯ ᠡᠴᠡ ᠦᠵᠡᠪᠡᠯ ᠡᠨᠳᠡ ᠤᠤᠯ ᠳ᠋ᠠᠭᠠᠨ ᠭᠦᠢᠬᠡᠨ ᠤᠰᠤᠨ᠎ᠤ ᠤᠷᠴᠢᠨ ᠪᠠᠢᠵᠠᠢ᠃ ᠡᠯᠪᠡᠭ ᠪᠠᠶᠠᠯᠢᠭ ᠤᠰᠤᠨ᠎ᠤ ᠡᠬᠢ ᠪᠠᠶᠠᠯᠢᠭ ᠨᠢ ᠠᠪᠤᠷᠭᠤ ᠭᠦᠷᠪᠡᠯ ᠢ᠋ ᠳᠠᠳᠠᠭᠰᠠᠨ ᠡᠴᠡ ᠤᠯᠠ ᠮᠥᠷ᠎ᠦᠨ ᠴᠢᠯᠠᠭᠤᠵᠢᠮᠠᠯ᠎ᠢ ᠦᠯᠡᠳᠡᠭᠡᠭᠰᠡᠨ ᠪᠠᠢᠵᠠᠢ᠃

《ᠡᠳᠡᠭᠡᠷ ᠱᠢᠨ᠎ᠡ ᠢᠯᠡᠷᠡᠭᠦᠯᠦᠯᠲᠡ ᠨᠢ ᠲᠥᠪᠡᠳ᠎ᠦᠨ ᠠᠪᠤᠷᠭᠤ ᠭᠦᠷᠪᠡᠯ᠎ᠦᠨ ᠰᠤᠳᠤᠯᠤᠯ᠎ᠳᠤ ᠪᠠᠰᠠ ᠮᠠᠰᠢ ᠶᠡᠬᠡ ᠣᠷᠣᠨ ᠵᠠᠶ ᠪᠠᠢᠬᠤ᠎ᠶ᠋ᠢ ᠬᠠᠷᠠᠭᠤᠯᠵᠤ ᠪᠠᠢᠨ᠎ᠠ᠃ ᠰᠤᠳᠤᠯᠭᠠᠨ᠎ᠤ ᠭᠦᠨᠵᠡᠭᠡᠢᠷᠡᠬᠦ᠌᠎ᠶ᠋ᠢ ᠳᠠᠭᠠᠯᠳᠤᠨ᠂ ᠲᠡᠭᠦᠨ᠎ᠦ ᠱᠢᠨᠵᠢᠯᠡᠬᠦ᠌ ᠤᠬᠠᠭᠠᠨ᠎ᠤ ᠰᠤᠳᠤᠯᠭᠠᠨ ᠪᠠ ᠱᠢᠨᠵᠢᠯᠡᠬᠦ᠌ ᠤᠬᠠᠭᠠᠨ ᠤ᠋ ᠮᠡᠳᠡᠯᠭᠡ ᠵᠢ ᠲᠦᠭᠡᠮᠡᠯᠵᠢᠭᠦᠯᠬᠦ᠌ ᠲᠠᠯ᠎ᠠ᠎ᠶ᠋ᠢᠨ ᠥᠷᠲᠡᠭ ᠤᠯᠠᠮ ᠨᠢᠭᠡ ᠠᠯᠬᠤᠮ ᠢᠯᠡᠷᠡᠬᠦ᠌ ᠪᠤᠯᠤᠨ᠎ᠠ》 ᠭᠡᠵᠦ᠍ ᠱᠢᠩ ᠯᠢ ᠳ᠋ᠡ ᠬᠡᠯᠡᠪᠡ᠃

ᠱᠢᠨᠬᠤᠸᠠ ᠬᠣᠷᠢᠶ᠎ᠠ ᠵᠢᠨ ᠪᠡᠭᠡᠵᠢᠩ᠎ᠦᠨ 1 ᠰᠠᠷ᠎ᠠ᠎ᠶ᠋ᠢᠨ 11 ᠤ᠋ ᠴᠠᠬᠢᠯᠭᠠᠨ ᠮᠡᠳᠡᠭᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号