ᠦᠪᠡᠷᠳᠡᠭᠡᠨ ᠵᠠᠰᠠᠬᠤ ᠤᠷᠤᠨ ᠤ᠋ ᠬᠦᠭᠵᠢᠭᠦᠯᠦᠯᠳᠡ ᠪᠠ ᠦᠭᠡᠷᠡᠴᠢᠯᠡᠯᠳᠡ ᠶ᠋ᠢᠨ ᠵᠦᠪᠯᠡᠯ ᠤᠢᠷ᠎ᠠ ᠳ᠋ᠤ 2024 ᠤᠨ ᠤ᠋ ᠳᠦᠷᠪᠡᠳᠦᠭᠡᠷ ᠪᠦᠯᠦᠭ ᠤ᠋ᠨ ᠦᠨᠡᠨᠴᠢ ᠢᠳᠡᠭᠡᠮᠵᠢ ᠶ᠋ᠢᠨ ᠨᠡᠢᠳᠡᠯᠢᠭ ᠵᠢᠱ᠌ᠢᠶᠠ ᠶ᠋ᠢᠨ ᠠᠵᠤ ᠠᠬᠤᠢᠯᠠᠯ ᠤ᠋ᠨ ᠨᠡᠷᠡᠰ ᠢ᠋ ᠨᠡᠢᠳᠡᠯᠡᠵᠦ᠂ ᠪᠦᠬᠦ ᠤᠷᠤᠨ ᠤ᠋ 65 ᠠᠵᠤ ᠠᠬᠤᠢᠯᠠᠯ ᠦᠪᠡᠷᠳᠡᠭᠡᠨ ᠵᠠᠰᠠᠬᠤ ᠤᠷᠤᠨ ᠤ᠋ ᠦᠨᠡᠨᠴᠢ ᠢᠳᠡᠭᠡᠮᠵᠢ ᠶ᠋ᠢᠨ ᠨᠡᠢᠳᠡᠯᠢᠭ ᠵᠢᠱ᠌ᠢᠶᠠ ᠪᠡᠷ ᠦᠨᠡᠯᠡᠭᠳᠡᠵᠠᠢ᠃
ᠲᠤᠰ ᠤᠳᠠᠭ᠎ᠠ ᠶ᠋ᠢᠨ ᠦᠪᠡᠷᠳᠡᠭᠡᠨ ᠵᠠᠰᠠᠬᠤ ᠤᠷᠤᠨ ᠤ᠋ ᠦᠨᠡᠨᠴᠢ ᠢᠳᠡᠭᠡᠮᠵᠢ ᠶ᠋ᠢᠨ ᠨᠡᠢᠳᠡᠯᠢᠭ ᠵᠢᠱ᠌ᠢᠶᠠ ᠳ᠋ᠤ ᠦᠪᠦᠷ ᠮᠤᠩᠭᠤᠯ ᠤ᠋ᠨ ᠬᠤᠢ ᠨᠧᠩ ᠨᠡᠭᠦᠷᠡᠰᠦ ᠪᠡᠷ ᠴᠠᠬᠢᠯᠭᠠᠨ ᠭᠠᠷᠭᠠᠬᠤ ᠪᠦᠯᠦᠭᠯᠡᠯ ᠺᠤᠮᠫᠠᠨᠢ᠂ ᠰᠢᠩ ᠲᠠᠢ ᠪᠠᠷᠢᠯᠭ᠎ᠠ ᠶ᠋ᠢᠨ ᠦᠢᠯᠡᠰ ᠤ᠋ᠨ ᠪᠦᠯᠦᠭᠯᠡᠯ ᠺᠤᠮᠫᠠᠨᠢ᠂ ᠬᠦᠯᠦᠨ ᠪᠤᠢᠷ ᠤ᠋ᠨ ᠵᠡᠭᠦᠨ ᠬᠤᠢᠳᠤ ᠶ᠋ᠢᠨ ᠹᠦ ᠹᠧᠩ ᠠᠮᠢᠳᠤ ᠪᠤᠳᠠᠰ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠳᠦ ᠺᠤᠮᠫᠠᠨᠢ᠂ ᠬᠦᠯᠦᠨ ᠪᠤᠢᠷ ᠤ᠋ᠨ ᠬᠠᠢ ᠷᠦ ᠴᠠᠭᠠᠨ ᠢᠳᠡᠭᠡᠨ ᠤ᠋ ᠦᠢᠯᠡᠰ ᠤ᠋ᠨ ᠬᠢᠵᠠᠭᠠᠷᠳᠦ ᠺᠤᠮᠫᠠᠨᠢ᠂ ᠦᠪᠦᠷ ᠮᠤᠩᠭᠤᠯ ᠤ᠋ᠨ ᠪᠤᠷᠤᠳᠤᠬᠤᠢ ᠠᠷᠢᠬᠢᠨ ᠤ᠋ ᠦᠢᠯᠡᠰ ᠤ᠋ᠨ ᠪᠦᠯᠦᠭᠯᠡᠯ ᠺᠤᠮᠫᠠᠨᠢ᠂ ᠤᠯᠤᠰ ᠤ᠋ᠨ ᠴᠠᠬᠢᠯᠭᠠᠨ ᠳᠤᠤᠷᠤᠨ ᠦᠪᠦᠷ ᠮᠤᠩᠭᠤᠯ ᠤ᠋ᠨ ᠵᠡᠭᠦᠨ ᠪᠡᠶ᠎ᠠ ᠶ᠋ᠢᠨ ᠴᠠᠬᠢᠯᠭᠠᠨ ᠬᠦᠴᠦᠨ ᠤ᠋ ᠬᠢᠵᠠᠭᠠᠷᠳᠦ ᠺᠤᠮᠫᠠᠨᠢ ᠵᠡᠷᠭᠡ 6 ᠠᠵᠤ ᠠᠬᠤᠢᠯᠠᠯ ᠦᠨᠡᠨᠴᠢ ᠢᠳᠡᠭᠡᠮᠵᠢ ᠶ᠋ᠢᠨ ᠬᠡᠪ ᠳᠠᠭᠤᠷᠢᠶᠠᠯ ᠤ᠋ᠨ ᠠᠵᠤ ᠠᠬᠤᠢᠯᠠᠯ ᠶ᠋ᠢᠡᠷ ᠦᠨᠡᠯᠡᠭᠳᠡᠵᠦ᠂ ᠵᠦᠧᠧᠽᠢ ᠰᠢᠶᠠᠨ ᠤ᠋ ᠯᠢ ᠵᠧᠨ ᠤᠳᠤᠮᠠᠯ ᠳᠠᠬᠢᠶ᠎ᠠ ᠶ᠋ᠢᠨ ᠬᠢᠵᠠᠭᠠᠷᠳᠦ ᠺᠤᠮᠫᠠᠨᠢ᠂ ᠰᠢᠨ᠎ᠠ ᠪᠠᠷᠭᠤ ᠪᠠᠷᠠᠭᠤᠨ ᠬᠤᠰᠢᠭᠤ ᠶ᠋ᠢᠨ ᠪᠠᠷᠠᠭᠤᠨ ᠬᠤᠰᠢᠭᠤᠨ ᠤ᠋ ᠬᠤᠨᠢᠨ ᠮᠢᠬᠠᠨ ᠤ᠋ ᠠᠷᠠᠯᠵᠢᠶ᠎ᠠ ᠬᠤᠳᠠᠯᠳᠤᠭ᠎ᠠ ᠶ᠋ᠢᠨ ᠬᠢᠵᠠᠭᠠᠷᠳᠦ ᠺᠤᠮᠫᠠᠨᠢ᠂ ᠦᠪᠦᠷ ᠮᠤᠩᠭᠤᠯ ᠤ᠋ᠨ ᠡᠩᠬᠡ ᠲᠠᠷᠢᠶᠠᠯᠠᠩ ᠮᠠᠯ ᠠᠵᠤ ᠠᠬᠤᠢ ᠶ᠋ᠢᠨ ᠬᠢᠵᠠᠭᠠᠷᠳᠦ ᠺᠤᠮᠫᠠᠨᠢ ᠵᠡᠷᠭᠡ 59 ᠠᠵᠤ ᠠᠬᠤᠢᠯᠠᠯ ᠦᠨᠡᠨᠴᠢ ᠢᠳᠡᠭᠡᠮᠵᠢ ᠶ᠋ᠢᠨ ᠦᠯᠢᠭᠡᠷ ᠵᠢᠱ᠌ᠢᠶᠠ ᠶ᠋ᠢᠨ ᠠᠵᠤ ᠠᠬᠤᠢᠯᠠᠯ ᠶ᠋ᠢᠡᠷ ᠦᠨᠡᠯᠡᠭᠳᠡᠪᠡ᠃
ᠤᠢᠯᠠᠭᠠᠭᠰᠠᠨ ᠶ᠋ᠢᠡᠷ᠂ ᠡᠳᠡᠭᠡᠷ ᠠᠵᠤ ᠠᠬᠤᠢᠯᠠᠯ ᠢ᠋ 《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠦᠨᠡᠨᠴᠢ ᠢᠳᠡᠭᠡᠮᠵᠢ ᠶ᠋ᠢᠨ ᠨᠡᠢᠳᠡᠯᠢᠭ ᠵᠢᠱ᠌ᠢᠶᠠ ᠶ᠋ᠢ ᠰᠢᠯᠭᠠᠷᠠᠭᠤᠯᠬᠤ ᠬᠡᠷᠡᠭᠵᠢᠭᠦᠯᠬᠦ ᠠᠷᠭ᠎ᠠ (ᠲᠤᠷᠰᠢᠨ ᠬᠡᠷᠡᠭᠵᠢᠭᠦᠯᠬᠦ)》 ᠪᠤᠯᠤᠨ 《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠦᠨᠡᠨᠴᠢ ᠢᠳᠡᠭᠡᠮᠵᠢ ᠶ᠋ᠢᠨ ᠨᠡᠢᠳᠡᠯᠢᠭ ᠵᠢᠱ᠌ᠢᠶᠠ ᠶ᠋ᠢ ᠰᠢᠯᠭᠠᠷᠠᠭᠤᠯᠬᠤ ᠬᠠᠮᠢᠶᠠᠷᠤᠯᠳᠠ ᠶ᠋ᠢᠨ ᠠᠷᠭ᠎ᠠ》 ᠶ᠋ᠢᠨ ᠱᠠᠭᠠᠷᠳᠠᠯᠭ᠎ᠠ ᠪᠡᠷ ᠰᠤᠩᠭᠤᠵᠤ ᠭᠠᠷᠭᠠᠭᠰᠠᠨ ᠶᠤᠮ᠃ 《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠤᠯᠠᠨ ᠨᠡᠢᠳᠡ ᠶ᠋ᠢᠨ ᠢᠳᠡᠭᠡᠮᠵᠢ ᠶ᠋ᠢᠨ ᠮᠡᠳᠡᠭᠡ ᠵᠠᠩᠬᠢ ᠶ᠋ᠢᠨ ᠬᠠᠮᠢᠶᠠᠷᠤᠯᠳᠠ ᠶ᠋ᠢᠨ ᠳᠦᠷᠢᠮ》 ᠢ᠋ ᠦᠨᠳᠦᠰᠦᠯᠡᠪᠡᠯ᠂ ᠤᠯᠤᠰ ᠤ᠋ᠨ ᠪᠠᠢᠭᠤᠯᠭ᠎ᠠ ᠵᠢᠴᠢ ᠬᠠᠤᠯᠢ ᠴᠠᠭᠠᠵᠠ ᠬᠠᠤᠯᠢ ᠳᠤᠭᠳᠠᠭᠠᠯ ᠡᠴᠡ ᠡᠷᠬᠡ ᠤᠯᠭᠤᠭᠰᠠᠨ ᠤᠯᠠᠨ ᠨᠡᠢᠳᠡ ᠶ᠋ᠢᠨ ᠬᠡᠷᠡᠭ ᠶᠠᠪᠤᠳᠠᠯ ᠢ᠋ ᠬᠠᠮᠢᠶᠠᠷᠬᠤ ᠴᠢᠳᠠᠪᠬᠢ ᠪᠦᠬᠦᠢ ᠵᠤᠬᠢᠶᠠᠨ ᠪᠠᠢᠭᠤᠯᠤᠯᠳᠠ ᠡᠴᠡ ᠢᠳᠡᠭᠡᠮᠵᠢ ᠶ᠋ᠢᠨ ᠪᠠᠢᠳᠠᠯ ᠰᠠᠢᠨ ᠰᠠᠢᠬᠠᠨ ᠭᠤᠤᠯ ᠴᠤᠭᠴᠠ ᠳ᠋ᠤ ᠬᠦᠬᠢᠭᠦᠯᠬᠦ ᠠᠷᠭ᠎ᠠ ᠬᠡᠮᠵᠢᠶ᠎ᠠ ᠠᠪᠴᠤ ᠪᠤᠯᠤᠨ᠎ᠠ᠃