ᠦᠨᠲᠦᠰᠦᠨ ᠪᠠᠢᠲᠠᠯ —
ᠵᠤᠬᠢᠶᠠᠨ ᠪᠦᠲᠦᠭᠡᠭᠳᠡᠭᠰᠡᠨ ᠴᠠᠭ ᠄ 1977 ᠤᠨ
ᠦᠬᠡ ᠄ ᠮᠦᠯᠠᠨ ᠪᠢᠴᠢᠵᠦ ᠂ ᠨᠠᠷᠠᠨᠪᠠᠳᠤ ᠮᠤᠩᠭᠤᠯᠴᠢᠯᠠᠪᠠ
ᠠᠶ᠎ᠠ᠄ ᠲᠤᠯᠭᠠᠭᠤᠷᠢ
ᠵᠤᠬᠢᠶᠠᠨ ᠪᠦᠲᠦᠭᠡᠭᠰᠡᠨ ᠭᠡᠯᠪᠡᠷᠢ ᠄ ᠤᠯᠤᠰᠤᠨ ᠨᠡᠢᠳᠡᠮ ᠬᠡᠷᠡᠭᠯᠡᠬᠦ ᠦᠰᠦᠭ ᠪᠢᠴᠢᠭ ᠵᠢᠡᠷ ᠵᠤᠬᠢᠶᠠᠨ ᠪᠦᠲᠦᠭᠡᠵᠦ ᠂ ᠲᠠᠷᠠᠭ᠎ᠠ ᠨᠢ ᠮᠤᠩᠭᠤᠯᠴᠢᠯᠠᠪᠠ
ᠠᠶᠠᠶᠢᠨ ᠤᠨᠴᠠᠯᠢᠭ ᠄ ᠤᠷᠴᠤᠨ ᠦᠨᠳᠦᠰᠦᠳᠡᠨᠤ ᠠᠷᠠᠳᠤᠨ ᠲᠠᠭᠤᠤ ᠡᠴᠡ ᠡᠰᠢᠯᠡᠵᠡᠢ
ᠲᠠᠭᠤᠤᠶᠢᠨ ᠲᠦᠷᠦᠯ ᠄ ᠵᠤᠬᠢᠶᠠᠯᠤᠨ ᠲᠠᠭᠤᠤ


ᠦᠯᠢᠬᠡᠷ —
1977 ᠤᠨ ᠪᠤᠯ ᠦᠪᠦᠷ ᠮᠤᠩᠭᠤᠯᠤᠨ ᠦᠪᠡᠷᠳᠡᠬᠡᠨ ᠵᠠᠰᠠᠬᠤ ᠤᠷᠤᠨ ᠪᠠᠢᠭᠤᠯᠤᠬ᠍ᠳᠠᠬ᠍ᠰᠠᠨ 30 ᠵᠢᠯᠦᠨ ᠤᠢ ᠪᠤᠯᠤᠨ᠎ᠠ᠂ ᠡᠨᠡ ᠬᠦ᠌ ᠲᠠᠰᠢᠷᠠᠮ ᠵᠢᠡᠷ ᠦᠪᠦᠷ ᠮᠤᠩᠭᠤᠯ ᠤ᠋ᠨ ᠰᠢᠭᠤᠳ ᠬᠠᠷᠢᠶ᠎ᠠ ᠤᠯᠠᠭᠠᠨᠮᠦ᠋ᠴᠢᠷ ᠤ᠋ᠨ ᠤᠷᠠᠯᠢᠬ᠍ᠴᠢᠳ ᠬᠦᠯᠦᠨ ᠪᠤᠢᠷ ᠤ᠋ᠨ ᠭᠤᠷᠪᠠᠨ ᠴᠦᠬᠡᠨ ᠲᠤᠭᠠᠳᠤ ᠦᠨᠳᠦᠰᠦᠳᠡᠨ (ᠡᠸᠡᠩᠬᠢ᠂ ᠣᠷᠴᠣᠨ᠂ ᠳᠠᠭᠤᠷ) ᠤ᠋ ᠤᠷᠤᠰᠢᠨ ᠠᠮᠢᠳᠦᠷᠠᠵᠤ ᠪᠠᠢᠭ᠎ᠠ ᠭᠠᠵᠠᠷ ᠤᠷᠤᠨ ᠢ᠋ᠶ᠋ᠠᠷ ᠲᠤᠬ᠍ᠯᠠᠯᠳᠠ ᠭᠠᠷᠭᠠᠵᠤ ᠶᠠᠪᠤᠬᠤ ᠳ᠋ᠠᠭᠠᠨ 《ᠨᠠᠮ ᠤ᠋ᠨ ᠢ᠋ᠶ᠋ᠠᠨ ᠡᠨᠡᠷᠢᠯ ᠢ᠋ ᠡᠬᠦᠷᠢᠳᠡ ᠮᠠᠷᠳᠠᠬᠤ ᠦᠬᠡᠢ》 ᠭᠡᠬᠦ ᠡᠨᠡ ᠰᠠᠢᠬᠠᠨ ᠲᠠᠭᠤᠤ ᠵᠢ ᠵᠤᠬᠢᠶᠠᠨ ᠪᠦᠲᠦᠭᠡᠵᠡᠢ ᠃
ᠰᠢᠨ᠎ᠡ ᠲᠤᠮᠳᠠᠳᠤ ᠤᠯᠤᠰ ᠪᠠᠢᠭᠤᠯᠤᠬ᠍ᠳᠠᠬᠤ ᠡᠴᠡ ᠡᠮᠦᠨ᠎ᠡ ᠤᠷᠴᠤᠨ ᠦᠨᠳᠦᠰᠦᠳᠡᠨ ᠦᠨᠳᠦᠷ ᠬᠢᠩᠭᠠᠨ ᠤ᠋ ᠬᠦᠨ ᠤᠢ ᠳ᠋ᠥ ᠠᠩ ᠠᠩᠨᠠᠵᠤ ᠠᠮᠢᠳᠤᠷᠠᠵᠦ ᠪᠠᠢᠵᠠᠢ᠃ 1953 ᠤᠨᠤ ᠬᠠᠪᠤᠷ᠂ ᠨᠠᠮᠤᠨ ᠲᠦᠪ ᠬᠤᠷᠢᠶ᠎ᠠ ᠠ᠋ᠴᠠ ᠤᠷᠴᠤᠨᠴᠤᠳ ᠤ᠋ᠨ ᠤᠷᠤᠰᠢᠨ ᠠᠮᠢᠳᠦᠷᠠᠬᠤ ᠨᠦᠬᠦᠴᠡᠯᠢ ᠰᠠᠢᠵᠢᠷᠠᠭᠤᠯᠬᠤ ᠵᠢᠨ ᠲᠦᠯᠦᠬᠡ ᠲᠦᠪᠯᠡᠷᠡᠭᠦᠯᠦᠨ ᠰᠠᠭᠤᠷᠢᠰᠢᠭᠤᠯᠬᠤ ᠤᠷᠢᠶᠠᠯᠠᠭ᠎ᠠ ᠳᠤᠷᠠᠳᠴᠤ᠂ ᠤᠷᠴᠤᠨᠴᠤᠳᠢ ᠳᠦᠷᠪᠡᠨ ᠰᠠᠭᠤᠷᠢᠰᠢᠯ ᠪᠤᠯᠭᠠᠨ ᠬᠤᠪᠢᠶᠠᠵᠤ᠂ ᠠᠭᠤᠯᠠ ᠤᠰᠤᠨᠠᠴᠠ ᠤᠶ᠋ᠢᠷᠠᠬᠠᠨ᠂ ᠵᠠᠮ ᠬᠠᠷᠢᠯᠴᠠᠭ᠎ᠠ ᠳᠦᠬᠦᠮ᠂ ᠠᠩᠴᠢᠳᠤᠨ ᠦᠢᠯᠡᠳᠪᠦᠷᠢᠯᠡᠯ ᠬᠢᠬᠦᠳᠤ ᠠᠰᠢᠭ᠍ᠳᠠᠢ ᠭᠠᠵᠠᠷᠢ ᠰᠤᠩᠭᠤᠵᠤ ᠰᠢᠪᠠᠷ ᠪᠠᠶ᠋ᠢᠰᠢᠩ ᠪᠠᠷᠢᠵᠤ ᠦᠭᠴᠡᠢ᠃ ᠡᠭᠦᠨᠠᠴᠠ ᠡᠬᠢᠯᠡᠵᠦ ᠤᠷᠴᠤᠨᠴᠤᠳ ᠰᠠᠭᠤᠷᠢᠰᠢᠨ ᠠᠮᠢᠳᠤᠷᠠᠬᠤ ᠪᠤᠯᠤᠭᠰᠠᠨ ᠪᠦᠭᠡᠳ ᠦᠨᠳᠦᠰᠦᠳᠡᠨ ᠨᠤᠭᠦᠳ ᠲᠠᠢ ᠬᠠᠮᠳᠤ ᠪᠠᠷ ᠨᠡᠢᠬᠡᠮ ᠵᠢᠷᠤᠮ ᠤ᠋ᠨ ᠪᠦᠳᠦᠬᠡᠨ ᠪᠠᠢᠭᠤᠯᠤᠯᠳᠠᠳᠤ ᠤᠷᠤᠯᠴᠠᠵᠦ᠂ ᠰᠢᠨ᠎ᠡ ᠠᠮᠢᠳᠦᠷᠠᠯ ᠢ᠋ᠶ᠋ᠠᠨ ᠴᠤᠬ᠍ᠴᠠᠯᠠᠵᠤ ᠡᠬᠢᠯᠡᠪᠡ᠃
ᠥᠪᠥᠷ ᠮᠣᠩᠭᠣᠯᠤᠨ ᠰᠢᠭᠤᠳ ᠬᠠᠷᠢᠶ᠎ᠠ ᠤᠯᠠᠭᠠᠨᠮᠥ᠋ᠴᠢᠷᠦᠨ ᠤᠤᠯᠤᠨ ᠨᠠᠮᠤᠨ ᠡᠬᠦᠷᠤᠨ ᠱᠦᠵᠢ ᠵᠢᠷᠤᠮᠲᠤ ᠵᠢᠨ ᠡᠷᠬᠢᠴᠡᠬᠦᠯᠬᠦ ᠪᠡᠷ᠂1977 ᠤᠨ ᠳ᠋ᠥ ᠰᠢᠭᠤᠳ ᠬᠠᠷᠢᠶ᠎ᠠ ᠤᠯᠠᠭᠠᠨᠮᠦ᠋ᠴᠢᠷ ᠤ᠋ᠨ ᠤᠷᠠᠯᠢᠬ᠍ᠴᠢᠳ ᠤᠷᠴᠤᠨ ᠤ᠋ ᠦᠪᠡᠷᠳᠡᠬᠡᠨ ᠵᠠᠰᠠᠬᠤ ᠬᠤᠰᠢᠭᠤ ᠪᠡᠷ ᠲᠤᠬ᠍ᠯᠠᠯᠲᠠ ᠭᠠᠷᠭᠠᠵᠤ ᠶᠠᠪᠤᠬᠤ ᠳ᠋ᠠᠭᠠᠨ ᠲᠡᠨᠳᠡᠬᠢ ᠠᠷᠠᠳ ᠲᠦᠮᠡᠨ 《ᠨᠠᠷᠠ ᠪᠠᠨ ᠲᠠᠭᠠᠪᠠᠯ ᠲᠠᠭᠠᠷᠠᠬᠤ ᠦᠭᠡᠢ᠂ ᠨᠠᠮᠢᠶᠡᠨ ᠲᠠᠭᠠᠪᠠᠯ ᠪᠤᠷᠤᠭᠤᠳᠠᠬᠤ ᠦᠭᠡᠢ》᠂ 《 ᠡᠪ ᠬᠠᠮᠲᠤ ᠨᠠᠮ ᠮᠠᠨᠤᠰᠢ ᠠᠪᠤᠷᠠᠬ᠍ᠰᠠᠨ ᠶᠤᠮ》 ᠂ 《ᠡᠪ ᠬᠠᠮᠲᠤ ᠨᠠᠮᠤᠨ ᠠᠴᠢ ᠭᠠᠪᠢᠶ᠎ᠠ ᠪᠡᠷ ᠪᠢᠳᠡ ᠦᠨᠦᠳᠦᠷ ᠵᠢᠷᠭᠠᠯᠲᠤ ᠠᠮᠢᠳᠤᠷᠠᠯᠢ ᠡᠳ᠋ᠯᠡᠯ᠎ᠡ》 ᠁ ᠬᠡᠮᠡᠨ ᠠᠮᠠ ᠬᠠᠮᠬᠢᠯ ᠦᠬᠡᠢ ᠪᠠᠶᠠᠷ ᠵᠢᠷᠭᠠᠯ ᠵᠢᠡᠨ ᠬᠤᠪᠢᠶᠠᠯᠴᠠᠬᠤ ᠵᠢ ᠬᠠᠷᠠᠭᠠᠳ ᠠᠯᠳᠠᠷᠲᠦ ᠲᠠᠭᠤᠴᠢᠨ ᠮᠦᠯᠠᠨ ᠲᠠᠭᠤᠤ ᠵᠢᠨ ᠦᠬᠡ ᠵᠢ ᠪᠢᠴᠢᠵᠦ᠂ ᠲᠤᠯᠭᠠᠭᠤᠷᠢ ᠠᠶ᠎ᠠ ᠲᠠᠭᠠᠷᠠᠭᠤᠯᠵᠤ᠂ ᠤᠷᠴᠤᠨᠴᠤᠳᠤᠨ ᠰᠡᠳᠬᠢᠯ ᠤ᠋ᠨ ᠦᠬᠡ ᠵᠢ ᠳᠠᠭᠤᠤ ᠪᠤᠯᠭᠠᠨ ᠵᠤᠬᠢᠶᠠᠵᠠᠢ᠃ 《ᠨᠠᠮ ᠤ᠋ᠨ ᠢ᠋ᠶ᠋ᠠᠨ ᠡᠨᠡᠷᠢᠯ ᠢ᠋ ᠡᠬᠦᠷᠢᠳᠡ ᠮᠠᠷᠳᠠᠬᠤ ᠦᠬᠡᠢ》 ᠪᠤᠯ ᠤᠷᠴᠤᠨ ᠦᠨᠳᠦᠰᠦᠳᠡᠨ ᠤ᠋ ᠠᠷᠠᠳ ᠲᠦᠮᠡᠨ ᠤ᠋ ᠵᠢᠷᠦᠬᠡᠨ ᠡᠴᠡ ᠤᠨᠳᠤᠷᠤᠬ᠍ᠰᠠᠨ ᠴᠢᠩ ᠦᠨᠡᠨᠴᠢ ᠬᠠᠢᠷ᠎ᠠ ᠰᠡᠳᠬᠢᠯᠬᠡ ᠵᠢᠴᠢ ᠵᠢᠷᠭᠠᠯᠲᠦ ᠠᠮᠢᠳᠦᠷᠠᠯ ᠳ᠋ᠠᠭᠠᠨ ᠪᠠᠶᠠᠰᠤᠬ᠍ᠰᠠᠨ ᠪᠠᠶᠠᠷ ᠪᠠᠬᠠᠳᠤᠯ ᠢ᠋ ᠢᠯᠡᠳᠭᠡᠭᠰᠡᠨ ᠠᠶᠠᠯᠭᠤ ᠡᠬᠡᠰᠢᠭ ᠶᠤᠮ᠃
ᠤᠳᠤ ᠡᠨᠡ ᠰᠠᠢᠬᠠᠨ ᠦᠵᠡᠰᠬᠦᠯᠡᠩᠲᠦ ᠨᠤᠳᠤᠭ ᠲᠡᠭᠡᠷ᠎ᠡ ᠬᠢᠳᠡᠳ᠂ ᠮᠤᠩᠭᠤᠯ᠂ ᠲᠠᠭᠤᠷ᠂ ᠡᠸᠠᠩᠬᠢ᠂ ᠤᠷᠴᠤᠨ ᠵᠡᠷᠬᠡ 48 ᠦᠨᠳᠦᠰᠦᠳᠡᠨ ᠨᠢᠬᠡ ᠬᠡᠷ ᠪᠦᠯᠢ ᠮᠠᠳᠤ ᠡᠶ᠎ᠡ ᠨᠠᠢᠷᠳᠠᠢ ᠠᠮᠢᠳᠦᠷᠠᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠨ᠂ ᠬᠠᠮᠳᠤ ᠪᠡᠷ ᠠᠵᠢᠯ ᠦᠢᠯᠡᠰ ᠪᠤᠰᠬᠠᠨ ᠲᠤᠮᠳᠠᠳᠤ ᠤᠯᠤᠰ ᠤ᠋ᠨ ᠮᠠᠶᠢᠭ᠋ ᠤ᠋ᠨ ᠤᠳᠤᠬᠢᠴᠢᠯᠠᠯᠳᠠ ᠵᠢᠨ ᠬᠦᠯᠦᠨ ᠪᠤᠢᠷ ᠤ᠋ᠨ ᠰᠢᠨ᠎ᠡ ᠬᠠᠭᠤᠳᠠᠰᠤ ᠵᠢ ᠴᠢᠷᠮᠠᠢᠨ ᠪᠢᠴᠢᠭᠯᠡᠬᠦᠪᠠᠷ ᠦᠪᠡᠷ ᠦᠪᠡᠷ ᠤ᠋ᠨ ᠬᠤᠪᠢ ᠨᠠᠮᠠᠷᠢ ᠪᠠᠨ ᠦᠵᠡᠬᠦᠯᠵᠤ ᠶᠠᠪᠤᠨ᠎ᠠ ᠃
ᠦᠨᠡᠯᠡᠯᠳᠡ—
ᠪᠦᠷᠢᠨᠴᠡᠩᠭᠡᠯ (ᠦᠪᠤᠷ ᠮᠤᠩᠭᠤᠯᠤᠨ ᠤᠳᠬ᠎ᠠ ᠤᠷᠠᠯᠢᠭ᠋ᠤᠨ ᠭᠢᠨᠤ ᠬᠤᠯᠪᠤᠭᠠᠶᠢᠨ ᠲᠡᠭᠡᠳᠦ ᠵᠡᠷᠬᠡᠶᠢᠨ ᠬᠢᠨᠠᠨ ᠨᠠᠢᠷᠠᠭᠤᠯᠤᠬᠴᠢ)
ᠲᠤᠰ ᠳᠠᠭᠤᠤ ᠪᠤᠯ ᠤᠷᠴᠤᠨᠴᠤᠳᠤᠨ ᠡᠪ ᠬᠠᠮᠲᠤ ᠨᠠᠮ ᠤ᠋ᠨ ᠤᠳᠤᠷᠢᠳᠤᠯᠭ᠎ᠠ ᠳᠣᠣᠷ᠎ᠠ ᠡᠷᠬᠡ ᠴᠢᠯᠦᠭᠡ ᠪᠠᠨ ᠲᠡᠮᠡᠴᠡᠨ ᠤᠯᠵᠤ ᠵᠢᠷᠭᠠᠯᠳᠤ ᠠᠮᠢᠳᠦᠷᠠᠯ ᠢ᠋ᠶ᠋ᠠᠨ ᠴᠤᠬ᠍ᠴᠠᠯᠠᠵᠤ ᠪᠠᠢᠭ᠎ᠠ ᠪᠠᠶᠠᠷ ᠪᠠᠬᠠᠳᠤᠯᠲᠦ ᠤᠨ ᠵᠢᠯ ᠳ᠋ᠥ ᠵᠤᠬᠢᠶᠠᠬ᠍ᠳᠠᠬ᠍ᠰᠠᠨ ᠪᠤᠯᠬᠤᠷ ᠢᠯᠡ ᠲᠤᠳᠤ ᠴᠠᠭ ᠦᠶ᠎ᠠ ᠶ᠋ᠢᠨ ᠢᠮ ᠲᠠᠮᠠᠭ᠎ᠠ ᠲᠠᠢ᠂ ᠳᠠᠭᠤᠤᠶᠢᠨ ᠦᠭᠡ ᠨᠢ ᠪᠤᠷᠤᠬ᠍ᠵᠢᠭᠤᠨ ᠠᠪᠰᠠᠷᠬᠠᠨ ᠪᠤᠯᠪᠠᠴᠤ ᠡᠷᠴᠢ ᠵᠤᠷᠢᠭ᠋ ᠢ᠋ ᠬᠦᠪᠴᠢᠯᠡᠵᠤ ᠴᠢᠳᠠᠳᠠᠭ ᠢᠳᠡ ᠬᠦᠴᠦᠨ ᠳᠠᠢ᠃ ᠤᠷᠠᠯᠢᠭ᠋ ᠤ᠋ᠨ ᠬᠤᠪᠢ ᠳ᠋ᠤ᠌᠂ ᠲᠤᠰ ᠳᠠᠭᠤᠤᠶᠢᠨ ᠠᠢᠵᠠᠮ ᠴᠤᠬᠢᠯᠭ᠎ᠠ ᠨᠢ ᠣᠷᠴᠣᠨ ᠠᠷᠠᠳᠤᠨ ᠶᠡᠮᠠᠷ ᠨᠢᠬᠡᠨ ᠳᠠᠭᠤᠤ ᠡᠴᠡ ᠰᠠᠨᠠᠭ᠎ᠠ ᠠᠬᠤᠢ ᠲᠦᠷᠦᠵᠦ᠂ ᠵᠢᠵᠢᠭᠬᠡᠨ ᠬᠦᠭᠵᠢᠮ ᠤ᠋ᠨ ᠡᠬᠦᠰᠬᠡᠪᠦᠷᠢ ᠡᠴᠡ ᠴᠢᠨᠠᠬ᠍ᠰᠢᠳᠠ ᠤᠳᠬ᠎ᠠ ᠲᠠᠯᠠᠵᠤ ᠰᠢᠨ᠎ᠡ ᠨᠢᠭᠡᠨ ᠠᠶ᠎ᠠ ᠲᠠᠭᠤᠤ ᠶ᠋ᠢᠨ ᠪᠦᠳᠦᠬᠡᠯ ᠪᠤᠯᠭᠠᠨ ᠠᠮᠢᠯᠠᠭᠤᠯᠤᠬ᠍ᠰᠠᠨ ᠨᠢ ᠲᠤᠳᠤᠷᠬᠠᠢ᠃ ᠠᠷᠠᠳ ᠤ᠋ᠨ ᠲᠠᠭᠤᠤ ᠡᠴᠡ ᠰᠢᠮ᠎ᠡ ᠠᠪᠴᠤ ᠠᠷᠠᠳ ᠲᠦᠮᠡᠨ ᠤ᠋ ᠲᠤᠮᠳᠠ ᠡᠴᠡ ᠢᠷᠡᠵᠤ ᠠᠷᠠᠳ ᠲᠦᠮᠡᠨ ᠤ᠋ ᠰᠡᠳᠬᠢᠯ ᠤ᠋ᠨ ᠲᠠᠭᠤᠨ ᠢ᠋ ᠢᠯᠡᠳᠭᠡᠭᠰᠡᠨ ᠪᠤᠯᠬᠤᠷ ᠤᠳᠤ ᠴᠤ᠌ ᠬᠡᠰᠡᠨ ᠠᠷᠠᠳ ᠤᠯᠠᠨ ᠤ᠋ ᠲᠤᠮᠳᠠ ᠦᠷᠬᠡᠨ ᠢ᠋ᠶ᠋ᠠᠷ ᠲᠠᠭᠤᠯᠠᠬ᠍ᠳᠠᠵᠤ᠂ ᠤᠷᠠᠯᠢᠭ᠋ ᠤ᠋ᠨ ᠠᠮᠢᠵᠢᠷᠡᠯᠤᠨ ᠬᠦᠴᠦᠨ ᠢ᠋ᠶ᠋ᠠᠨ ᠬᠠᠳᠠᠭᠠᠯᠠᠭᠰᠠᠭᠠᠷ ᠪᠤᠢ᠃
ᠠᠯᠲᠠᠷ —
ᠤᠯᠤᠰ ᠪᠠ ᠤᠷᠤᠨᠤ ᠤᠯᠠᠨ ᠲᠦᠮᠡᠨᠴᠢ ᠤᠳᠬ᠎ᠠ ᠤᠷᠠᠯᠢᠭᠤᠨ ᠱᠠᠩᠨᠠᠯᠢ ᠤᠯᠠᠨᠲᠠ ᠬᠦᠷᠳᠡᠭᠰᠡᠨ ᠲᠠᠭᠤᠤ᠃