ᠤᠢᠷ᠎ᠠ ᠳ᠋ᠸ᠋᠂ ᠬᠦᠬᠡᠬᠤᠳᠠ ᠵᠢᠨ ᠢᠦᠢᠴᠢᠤᠸᠠᠨ ᠲᠤᠭᠤᠷᠢᠬ ᠤ᠋ᠨ ᠲᠤᠳᠤᠭᠠᠳᠤ ᠵᠢ ᠬᠠᠮᠠᠭᠠᠯᠠᠬᠤ ᠬᠤᠪᠢᠶᠠᠷᠢ ᠲᠤᠪᠴᠢᠶ᠎ᠠ ᠯᠢᠦ ᠠᠪᠤᠭᠠᠢ ᠵᠢᠨ 《ᠵᠢᠷᠬᠢᠶ᠎ᠡ ᠵᠢᠨ ᠲᠤᠭᠤᠷᠢᠭᠤᠨ 〈ᠨᠠᠢᠵᠠ〉 ᠲᠠᠢ ᠪᠠᠨ ᠬᠠᠷᠢᠯᠴᠠᠬᠤ ᠪᠡᠷ ᠲᠠᠮᠵᠢᠨ᠂ ᠭᠠᠷ ᠲᠠᠮᠵᠢᠬᠰᠠᠨ 4 ᠮᠠᠰᠢᠨ ᠲᠡᠷᠬᠡ ᠬᠤᠳᠠᠯᠳᠤᠨ ᠠᠪᠬᠤ ᠪᠡᠷ ᠪᠤᠯᠵᠤᠵᠦ᠂ ᠨᠦᠬᠦᠬᠡ ᠡᠳᠡᠬᠡᠳ ᠲᠡᠭᠡᠨ 15.7 ᠲᠦᠮᠡᠨ ᠲᠦᠬᠦᠷᠢᠭ ᠦᠭᠬᠦᠭᠰᠡᠨ ᠳ᠋ᠸ᠋ ᠮᠠᠰᠢᠨ ᠲᠡᠷᠬᠡ ᠪᠡᠨ ᠤᠯᠤᠬᠰᠠᠨ ᠦᠭᠡᠢ ᠪᠦᠬᠡᠳ ᠨᠦᠭᠦᠭᠡ ᠡᠳᠡᠭᠡᠳ ᠨᠢ ᠠᠯᠠᠭ᠎ᠠ ᠪᠤᠯᠴᠢᠬᠠᠵᠠᠢ》 ᠬᠡᠰᠡᠨ ᠬᠡᠷᠡᠭ ᠤ᠋ᠨ ᠮᠡᠳᠡᠬᠦᠯᠦᠯᠳᠡ ᠵᠢ ᠲᠤᠰᠪᠠ᠃ ᠢᠦᠢᠴᠢᠤᠸᠠᠨ ᠲᠤᠭᠤᠷᠢᠬ ᠤ᠋ᠨ ᠲᠤᠳᠤᠭᠠᠳᠤ ᠵᠢ ᠬᠠᠮᠠᠭᠠᠯᠠᠬᠤ ᠬᠤᠪᠢᠶᠠᠷᠢ ᠲᠤᠪᠴᠢᠶ᠎ᠠ ᠵᠢᠨ ᠴᠠᠬᠳᠠᠭ᠎ᠠ ᠨᠠᠷ ᠬᠡᠷᠡᠭ ᠶᠠᠪᠤᠳᠠᠯ ᠤ᠋ᠨ ᠦᠩᠬᠡᠷᠡᠯᠳᠡ ᠵᠢ ᠤᠢᠯᠠᠭᠠᠬᠰᠠᠨ ᠤ᠋ ᠲᠠᠷᠠᠭ᠎ᠠ᠂ ᠯᠢᠦ ᠠᠪᠤᠭᠠᠢ ᠪᠠᠷᠤᠬ ᠴᠠᠬᠢᠯᠭᠠᠨ ᠬᠤᠯᠪᠤᠭ᠎ᠠ ᠰᠦᠯᠵᠢᠶᠡᠨ ᠤ᠋ ᠮᠡᠬᠡᠯᠡᠯ ᠳ᠋ᠸ᠋ ᠬᠤᠯᠪᠤᠬᠳᠠᠵᠠᠢ ᠬᠡᠵᠦ ᠮᠠᠭᠠᠳᠯᠠᠪᠠ᠃
ᠯᠢᠦ ᠠᠪᠤᠭᠠᠢ ᠨᠦᠬᠦᠬᠡ ᠡᠳᠡᠬᠡᠳ ᠲᠠᠢ ᠪᠡᠨ ᠴᠦᠮ ᠵᠢᠷᠬᠢᠶ᠎ᠡ ᠪᠡᠷ ᠬᠠᠷᠢᠯᠴᠠᠵᠤ ᠪᠠᠢᠬᠰᠨᠨ ᠲᠤᠯᠠ ᠨᠦᠬᠦᠬᠡ ᠡᠳᠡᠬᠡᠳ ᠤ᠋ᠨ ᠵᠢᠡᠨ ᠦᠨᠡᠨ ᠨᠡᠷ᠎ᠡ ᠵᠢ ᠮᠡᠳᠡᠬᠦ ᠦᠬᠡᠢ ᠪᠠᠢᠯ᠎ᠠ᠃ ᠴᠠᠬᠳᠠᠭ᠎ᠠ ᠨᠠᠷ ᠬᠤᠶᠠᠷ ᠵᠠᠮ ᠬᠤᠪᠢᠶᠠᠨ᠂ ᠨᠢᠬᠡ ᠵᠠᠮ ᠨᠢ ᠱᠠᠨᠳ᠋ᠦ᠋ᠩ ᠳ᠋ᠸ᠋ ᠬᠦᠷᠴᠦ ᠵᠤᠭᠤᠰ ᠬᠤᠷᠢᠶᠠᠬᠴᠢ ᠵᠢᠨ ᠮᠡᠳᠡᠬᠡ ᠵᠠᠩᠬᠢ ᠵᠢ ᠪᠠᠢᠴᠠᠭᠠᠨ᠂ ᠨᠦᠬᠦᠬᠡ ᠵᠠᠮ ᠨᠢ ᠵᠢᠶᠠᠩᠰᠤ ᠵᠡᠷᠬᠡ ᠭᠠᠵᠠᠷ ᠲᠦ᠍ ᠬᠦᠷᠴᠦ 4 ᠮᠠᠰᠢᠨ ᠲᠡᠷᠬᠡ ᠵᠢᠨ ᠪᠠᠢᠳᠠᠯᠢ ᠬᠠᠷᠭᠤᠭᠤᠯᠵᠤ᠂ ᠶᠡᠬᠡ ᠬᠡᠮᠵᠢᠶᠡᠨ ᠤ᠋ ᠠᠵᠢᠯ ᠬᠢᠬᠦ ᠪᠡᠷ ᠲᠠᠮᠵᠢᠨ᠂ ᠵᠤᠭᠤᠰ ᠬᠤᠷᠢᠶᠠᠬᠴᠢ ᠯᠠᠨ ᠤᠪᠤᠬᠳᠤ ᠵᠢᠨ ᠱᠠᠨᠳ᠋ᠦ᠋ᠩ ᠮᠤᠵᠢ ᠳ᠋ᠸ᠋ ᠬᠦᠳᠡᠯᠬᠡᠬᠡᠨ ᠬᠢᠵᠦ ᠪᠠᠢᠬᠤ ᠮᠦᠷ ᠰᠤᠷᠠᠬᠢ ᠤᠯᠵᠤ ᠮᠡᠳᠡᠬᠡᠳ᠂ ᠯᠠᠨ ᠤᠪᠤᠬᠳᠤ ᠲᠠᠢ ᠬᠠᠷᠢᠯᠴᠠᠪᠠ᠃
ᠯᠨᠨ ᠤᠪᠤᠬᠳᠤ ᠡᠴᠨ ᠯᠢᠦ ᠤᠪᠤᠬᠳᠤ ᠳ᠋ᠸ᠋ ᠬᠠᠮᠵᠢᠨ ᠵᠤᠭᠤᠰ ᠬᠤᠷᠢᠶᠠᠬᠰᠠᠨ ᠪᠦᠬᠡᠳ ᠵᠤᠭᠤᠰᠢ ᠨᠢ ᠭᠠᠷᠭᠠᠨ ᠠᠪᠴᠤ ᠦᠭᠴᠦ᠂ ᠭᠠᠷᠭᠠᠨ ᠠᠪᠤᠬᠰᠠᠨ ᠮᠠᠰᠢᠨ ᠲᠡᠷᠬᠡ ᠬᠤᠳᠠᠯᠳᠤᠨ ᠠᠪᠬᠤ ᠵᠤᠭᠤᠰᠢ ᠴᠦᠮ ᠯᠢᠦ ᠤᠪᠤᠬᠳᠤ ᠳ᠋ᠸ᠋ ᠲᠤᠰᠢᠶᠠᠨ ᠦᠭᠴᠡᠢ ᠬᠡᠪᠡ᠃ ᠴᠠᠬᠳᠠᠭ᠎ᠠ ᠨᠠᠷ ᠲᠡᠮᠡᠢ ᠤᠳᠠᠯ ᠦᠬᠡᠢ ᠯᠢᠦ ᠤᠪᠤᠬᠳᠤ ᠵᠢ ᠪᠠᠷᠢᠪᠴᠢᠯᠠᠪᠠ᠃ ᠯᠢᠦ ᠤᠪᠤᠬᠳᠤ ᠭᠠᠷ ᠲᠠᠳᠠᠭᠤ ᠡᠴᠨ ᠪᠤᠯᠵᠤ ᠮᠠᠰᠢᠨ ᠲᠡᠷᠬᠡ ᠪᠠᠢᠨ᠎ᠠ ᠬᠡᠵᠦ ᠬᠠᠭᠤᠷᠮᠠᠬᠯᠠᠨ ᠵᠤᠬᠢᠶᠠᠵᠤ ᠯᠢᠦ ᠠᠪᠤᠭᠠᠢ ᠵᠢᠨ ᠵᠤᠭᠤᠰᠢ ᠮᠡᠬᠡᠯᠡᠭᠰᠡᠨ ᠦᠩᠬᠡᠷᠡᠯᠳᠡ ᠪᠡᠨ ᠬᠡᠯᠡᠪᠡ᠃ ᠤᠤᠯ ᠨᠢ ᠶᠠᠯ᠎ᠠ ᠵᠢᠨ ᠰᠡᠵᠢᠭᠳᠡᠨ ᠯᠢᠦ ᠤᠪᠤᠬᠳᠤ ᠪᠤᠰᠤᠳ ᠤ᠋ᠨ ᠨᠠᠢᠵᠠ ᠵᠢᠨ ᠲᠤᠭᠤᠷᠢᠬ ᠲᠠᠭᠠᠨ ᠶᠠᠪᠤᠭᠤᠯᠤᠬᠰᠠᠨ ᠮᠠᠰᠢᠨ ᠲᠡᠷᠬᠡ ᠵᠢᠨ ᠵᠢᠷᠤᠬ ᠵᠡᠷᠬᠡ ᠵᠢ ᠬᠤᠤᠷᠯᠠᠬᠳᠠᠬᠴᠢ ᠯᠢᠦ ᠠᠪᠤᠭᠠᠢ ᠳ᠋ᠸ᠋ ᠲᠠᠮᠵᠢᠭᠤᠯᠤᠨ ᠦᠭᠴᠦ᠂ ᠮᠠᠰᠢᠨ ᠲᠡᠷᠬᠡ ᠵᠢᠨ ᠦᠨ᠎ᠡ ᠵᠢ ᠪᠠᠭᠤᠷᠠᠭᠤᠯᠤᠨ ᠯᠢᠦ ᠠᠪᠤᠭᠠᠢ ᠵᠢᠨ ᠢᠳᠡᠬᠡᠯᠢ ᠤᠯᠤᠬᠰᠠᠨ ᠤ᠋ ᠲᠠᠷᠠᠭ᠎ᠠ ᠵᠤᠭᠤᠰ ᠮᠦᠩᠬᠦ ᠵᠢ ᠨᠢ ᠮᠡᠬᠡᠯᠡᠨ ᠠᠪᠴᠠᠢ᠃
ᠤᠳᠤᠬᠠᠨ ᠳ᠋ᠸ᠋᠂ ᠲᠤᠳᠤᠭᠠᠳᠤ ᠵᠢ ᠬᠠᠮᠠᠭᠠᠯᠠᠬᠤ ᠪᠠᠢᠭᠤᠯᠭ᠎ᠠ ᠡᠴᠨ ᠯᠢᠦ ᠤᠪᠤᠬᠳᠤ᠂ ᠯᠠᠨ ᠤᠪᠤᠬᠳᠤ ᠳ᠋ᠸ᠋ ᠠᠯᠪᠠᠳᠠᠯᠭ᠎ᠠ ᠵᠢᠨ ᠠᠷᠭ᠎ᠠ ᠬᠡᠮᠵᠢᠶ᠎ᠡ ᠠᠪᠴᠠᠢ᠃ ᠶᠠᠯ᠎ᠠ ᠵᠢᠨ ᠰᠡᠵᠢᠭᠳᠡᠨ ᠯᠢᠦ ᠤᠪᠤᠬᠳᠤ ᠵᠤᠭᠤᠰ ᠮᠦᠩᠬᠦ ᠵᠢ ᠮᠡᠬᠡᠯᠡᠨ ᠠᠪᠤᠬᠰᠠᠨ ᠤ᠋ ᠲᠠᠷᠠᠭ᠎ᠠ ᠶᠡᠬᠡᠩᠬᠢ ᠵᠤᠭᠤᠰᠢ ᠵᠤᠭᠤᠰ ᠮᠦᠷᠦᠢᠴᠡᠨ ᠱᠦᠭᠦᠭᠳᠡᠵᠦ᠂ ᠦᠯᠡᠳᠡᠭᠰᠡᠨ ᠭᠤᠷᠪᠠᠨ ᠲᠦᠮᠡᠨ ᠲᠦᠬᠦᠷᠢᠭᠢ ᠯᠢᠦ ᠠᠪᠤᠭᠠᠢ ᠳ᠋ᠸ᠋ ᠪᠤᠴᠠᠭᠠᠪᠠ᠃