ᠳᠡᠯᠭᠡᠷ ᠵᠤᠨ ᠤ᠋ ᠤᠯᠠᠷᠢᠯ ᠶ᠋ᠢᠡᠷ᠂ ᠬᠢᠩᠭᠠᠨ ᠠᠢᠮᠠᠭ ᠤ᠋ᠨ ᠵᠠᠯᠠᠢᠳ ᠬᠤᠰᠢᠭᠤᠨ ᠤ᠋ ᠬᠤᠯᠪᠤᠭ᠎ᠠ ᠪᠠᠯᠭᠠᠰᠤ ᠶ᠋ᠢᠨ ᠭᠦ ᠮᠢᠶᠤᠤ ᠲᠤᠰᠬᠤᠨ ᠳ᠋ᠤ ᠬᠦᠷᠪᠡᠯ᠂ ᠬᠦᠬᠡᠷᠡᠨ ᠨᠤᠭᠤᠭᠠᠷᠠᠬᠤ ᠲᠤᠳᠤᠷᠭ᠎ᠠ ᠶ᠋ᠢᠨ ᠲᠠᠷᠢᠶ᠎ᠠ ᠬᠦᠬᠡᠮᠳᠦᠭ ᠨᠤᠭᠤᠭᠠᠨ ᠠᠭᠤᠯᠠ ᠬᠠᠢᠷᠬᠠᠨ ᠲᠠᠢ ᠵᠠᠯᠭᠠᠯᠳᠤᠨ ᠠᠭᠤᠰᠤᠯᠴᠠᠵᠤ᠂ ᠭᠤᠢᠳᠠ ᠰᠠᠢᠬᠠᠨ ᠦᠩᠭᠡ ᠦᠵᠡᠮᠵᠢ ᠶ᠋ᠢ ᠪᠦᠷᠢᠳᠦᠭᠦᠯᠤᠨᠠ᠃ ᠲᠤᠰᠬᠤᠨ ᠤ᠋ ᠠᠷᠠᠳ ᠵᠠᠩ ᠬᠤᠩ ᠯᠠᠢ ᠲᠠᠷᠢᠶᠠᠨ ᠵᠤᠷᠬᠠᠵᠢᠨᠵᠢᠡᠨ ᠬᠠᠵᠠᠭᠤᠳᠤ ᠵᠤᠭᠰᠤᠵᠤ ᠤᠰᠤᠨ ᠲᠤᠳᠤᠷᠭ᠎ᠠ ᠶ᠋ᠢᠨ ᠶ᠋ᠢᠡᠨ ᠤᠷᠭᠤᠯᠳᠠ ᠶ᠋ᠢᠨ ᠪᠠᠢᠳᠠᠯ ᠢ᠋ ᠬᠠᠷᠠᠭᠠᠳ ᠨᠢᠭᠤᠷ ᠳᠦᠭᠦᠷᠡᠡᠭ ᠪᠠᠶᠠᠷ ᠤ᠋ᠨ ᠮᠦᠰᠢᠶᠡᠳᠦ ᠳᠤᠳᠤᠷᠠᠭᠤᠯᠤᠨᠠ᠃
ᠵᠠᠩ ᠬᠤᠩ ᠯᠠᠢ᠄ 《ᠡᠨᠡ ᠵᠢᠯ ᠵᠢᠭᠠᠬᠠᠨ ᠢᠯᠡᠭᠦᠤ ᠲᠠᠷᠢᠶ᠎ᠠ ᠭᠡᠵᠦ ᠲᠦᠯᠦᠪᠯᠡᠵᠠᠢ᠂ ᠭᠡᠪᠡᠴᠤ ᠮᠦᠩᠬᠦ ᠬᠦᠷᠦᠯᠴᠡᠬᠦ ᠦᠭᠡᠢ ᠪᠠᠢᠯ᠎ᠠ᠃ ᠲᠡᠭᠡᠭᠡᠳ ᠵᠢᠭᠡᠯᠡᠯᠭᠡ ᠠᠪᠬᠤ ᠵᠢ ᠪᠤᠳᠤᠵᠦ ᠤᠯᠤᠭᠰᠠᠨ᠃ ᠮᠠᠨ ᠤ᠋ ᠭᠦ ᠮᠢᠶᠤᠤ ᠲᠤᠰᠬᠤᠨ ᠪᠤᠯ ᠢᠳᠡᠭᠡᠮᠵᠢᠳᠦ ᠲᠤᠰᠬᠤᠨ ᠪᠤᠯᠬᠤᠷ ᠪᠠᠩᠬᠢ ᠶ᠋ᠢᠨ ᠡᠵᠡᠩᠨᠡᠯᠳᠡ ᠶ᠋ᠢᠨ ᠴᠡᠭ ᠲᠤ᠌ ᠤᠴᠢᠬᠤ ᠴᠢᠬᠤᠯᠠ ᠦᠭᠡᠢ᠂ ᠬᠠᠷᠢᠨ ᠭᠠᠷ ᠤᠳᠠᠰᠤᠨ ᠲᠡᠭᠡᠷ᠎ᠠ ᠡᠴᠡ ᠪᠠᠨ ᠡᠷᠡᠮᠡᠯᠵᠡᠵᠦ᠂ ᠰᠢᠭᠤᠳ ᠵᠢᠭᠡᠯᠡᠯᠭᠡ ᠠᠪᠴᠤ ᠪᠤᠯᠳᠠᠭ᠂ ᠲᠠᠷᠠᠴᠢᠯᠠᠨ ᠬᠦᠦ ᠮᠦᠩᠬᠦ ᠨᠢ ᠪᠠᠰᠠ ᠬᠠᠷᠢᠴᠠᠩᠭᠤᠢ ᠳᠤᠤᠷ᠎ᠠ ᠪᠠᠢᠳᠠᠭ》 ᠭᠡᠯ᠎ᠠ᠃ ᠲᠠᠷᠠ ᠪᠠᠰᠠ ᠪᠠᠩᠬᠢ ᠶ᠋ᠢᠨ ᠢᠳᠡᠭᠡᠮᠵᠢᠳᠦ ᠵᠢᠭᠡᠯᠡᠯᠭᠡ ᠮᠢᠨᠦ ᠪᠠᠴᠢᠮ ᠬᠡᠷᠡᠭᠴᠡᠭᠡ ᠶ᠋ᠢ ᠰᠢᠢᠳᠪᠤᠷᠢᠯᠡᠵᠦ᠂ ᠮᠠᠨᠦ ᠲᠠᠷᠢᠶᠠᠴᠢᠳ ᠲᠸ᠋ ᠦᠨᠡᠨ ᠬᠦ᠌ ᠪᠤᠳᠠᠳᠠᠢ ᠠᠰᠢᠭ ᠬᠦᠷᠳᠡᠭᠡᠵᠤ ᠪᠠᠢᠨ᠎ᠠ ᠭᠡᠵᠦ ᠨᠦᠬᠦᠪᠤᠷᠢᠯᠡᠨ ᠬᠡᠯᠡᠨ᠎ᠠ᠃
ᠢᠳᠡᠭᠡᠮᠵᠢ ᠦᠨ᠎ᠠ ᠴᠡᠨ᠎ᠠ ᠲᠠᠢ᠂ ᠢᠳᠡᠭᠡᠮᠵᠢᠳᠠᠢ ᠪᠠᠢᠬᠤ ᠨᠢ ᠦᠩᠭᠡ ᠬᠡᠷᠡᠯᠳᠠᠢ᠂ ᠭᠦ ᠮᠢᠶᠤᠤ ᠲᠤᠰᠬᠤᠨ ᠳᠤᠤᠷ᠎ᠠ ᠬᠦᠦ ᠮᠦᠩᠬᠦ ᠲᠠᠢ ᠵᠢᠭᠡᠯᠡᠯᠭᠡ ᠤᠯᠤᠭᠰᠠᠨ ᠨᠢ ᠪᠦᠬᠦ ᠲᠤᠰᠬᠤᠨ ᠤ᠋ ᠠᠷᠠᠳ ᠤ᠋ᠨ 13 ᠵᠢᠯ ᠳᠠᠷᠠᠭᠠᠯᠠᠨ ᠵᠢᠭᠡᠯᠡᠯᠭᠡ ᠶ᠋ᠢᠨ ᠬᠡᠪᠤᠨ ᠪᠤᠰᠤ ᠳᠡᠮᠳᠡᠭᠯᠡᠯ ᠦᠭᠡᠢ ᠢᠳᠡᠭᠡᠮᠵᠢᠳᠠᠢ ᠶᠠᠪᠤᠭᠰᠠᠨ ᠳ᠋ᠤ ᠬᠤᠯᠪᠤᠭᠳᠠᠨ᠎ᠠ᠃ ᠭᠦ ᠮᠢᠶᠤᠤ ᠲᠤᠰᠬᠤᠨ 2011 ᠤᠨ ᠳ᠋ᠤ ᠢᠳᠡᠭᠡᠮᠵᠢᠳᠦ ᠲᠤᠰᠬᠤᠨ ᠶ᠋ᠢᠡᠷ ᠦᠨᠡᠯᠡᠭᠳᠡᠭᠰᠡᠨ ᠡᠴᠡ ᠨᠠᠭᠠᠰᠢ᠂ ᠮᠦᠩᠭᠦᠨ ᠭᠦᠢᠯᠭᠡᠭᠡᠨ ᠤ᠋ ᠪᠠᠢᠭᠤᠯᠤᠮᠵᠢ ᠤᠷᠢᠳ ᠬᠤᠵᠢᠳ 612 ᠬᠤᠪᠢ᠂ ᠨᠡᠢᠳᠡ ᠳ᠋ᠦᠩᠰᠢᠭᠤᠷ ᠲᠦᠭᠦᠷᠢᠭ ᠤ᠋ᠨ ᠵᠢᠭᠡᠯᠡᠯᠭᠡ ᠲᠠᠯᠪᠢᠵᠤ᠂ ᠵᠢᠯ ᠤ᠋ᠨ ᠵᠢᠭᠡᠯᠡᠯᠭᠡ ᠲᠠᠯᠪᠢᠬᠤ ᠬᠡᠮᠵᠢᠶ᠎ᠠ ᠨᠢ 366 ᠲᠦᠮᠡᠨ ᠲᠦᠭᠦᠷᠢᠭ ᠡᠴᠡ 1042 ᠲᠦᠮᠡᠨ ᠲᠦᠭᠦᠷᠢᠭ ᠪᠤᠯᠵᠤ ᠨᠡᠮᠡᠭᠳᠡᠨ᠂ ᠮᠦᠩᠭᠦᠨ ᠭᠦᠢᠯᠭᠡᠭᠡᠨ ᠤ᠋ ᠪᠠᠢᠭᠤᠯᠤᠮᠵᠢ ᠬᠢᠭᠡᠳ ᠲᠠᠷᠢᠶᠠᠴᠢᠳ ᠤ᠋ᠨ ᠬᠤᠭᠤᠷᠤᠨᠳᠤᠬᠢ ᠢᠳᠡᠭᠡᠮᠵᠢ ᠶᠠᠪᠤᠬᠤ ᠲᠤᠳᠤᠮ ᠰᠠᠢᠵᠢᠷᠠᠵᠠᠢ᠃
ᠤᠢᠷ᠎ᠠ ᠶ᠋ᠢᠨ ᠵᠢᠯ ᠡᠴᠡ ᠨᠠᠭᠠᠰᠢ᠂ ᠬᠢᠩᠭᠠᠨ ᠠᠢᠮᠠᠭᠤᠨ ᠬᠢᠨ 《ᠭᠤᠷᠪᠠᠨ ᠱᠠᠳᠤᠨ ᠤ᠋ ᠢᠳᠡᠭᠡᠮᠵᠢ》 ᠶ᠋ᠢᠨ ᠲᠦᠷᠦᠯ ᠲᠡᠮᠳᠡᠭ ᠤ᠋ᠨ ᠪᠦᠲᠦᠭᠡᠨ ᠪᠠᠢᠭᠤᠯᠤᠯᠳᠠ ᠶ᠋ᠢ ᠶᠡᠬᠡ ᠪᠡᠷ ᠠᠬᠢᠭᠤᠯᠵᠤ᠂ ᠬᠦᠳᠡᠭᠡ ᠲᠤᠰᠬᠤᠨ ᠤ᠋ ᠢᠳᠡᠭᠡᠮᠵᠢ ᠶ᠋ᠢᠨ ᠰᠢᠰᠲ᠋ᠧᠮ ᠤ᠋ᠨ ᠪᠠᠢᠭᠤᠯᠤᠯᠳᠠ ᠶ᠋ᠢᠨ ᠠᠬᠢᠴᠠ ᠪᠠᠨ ᠲᠦᠷᠭᠡᠳᠭᠡᠪᠠ᠃ ᠠᠷᠠᠳ ᠤ᠋ᠨ ᠪᠠᠩᠬᠢ ᠶ᠋ᠢᠨ ᠬᠢᠩᠭᠠᠨ ᠠᠢᠮᠠᠭ ᠲᠡᠬᠢ ᠬᠤᠪᠢᠶᠠᠷᠢ ᠪᠠᠩᠬᠢᠵᠢᠨ ᠬᠢᠨ ᠬᠦᠳᠡᠭᠡ ᠲᠤᠰᠬᠤᠨ ᠤ᠋ ᠢᠳᠡᠭᠡᠮᠵᠢ ᠶ᠋ᠢᠨ ᠤᠷᠴᠢᠨ ᠨᠦᠬᠦᠴᠡᠯ ᠢ᠋ ᠰᠢᠯᠢᠳᠡᠭᠵᠢᠭᠦᠯᠬᠦ᠂ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠶ᠋ᠢ ᠠᠬᠢᠭᠤᠯᠬᠤ ᠪᠡᠷ ᠲᠤᠰᠤᠯᠳᠠ ᠪᠤᠯᠭᠠᠵᠤ᠂ ᠪᠦᠬᠦ ᠠᠢᠮᠠᠭ ᠤ᠋ᠨ ᠢᠳᠡᠭᠡᠮᠵᠢᠳᠦ ᠡᠷᠦᠬᠡ᠂ ᠢᠳᠡᠭᠡᠮᠵᠢᠳᠦ ᠲᠤᠰᠬᠤᠨ᠂ ᠢᠳᠡᠭᠡᠮᠵᠢᠳᠦ ᠰᠤᠮᠤ ᠰᠢᠶᠠᠩ ᠢ᠋ ᠦᠨᠡᠯᠡᠨ ᠳᠤᠭᠳᠠᠭᠠᠬᠤ ᠠᠵᠢᠯ ᠢ᠋ ᠢᠳᠡᠪᠬᠢᠳᠠᠢ ᠠᠬᠢᠭᠤᠯᠤᠨ᠂ ᠮᠦᠩᠭᠦᠨ ᠭᠦᠢᠯᠭᠡᠭᠡᠨ ᠤ᠋ ᠪᠡᠯᠡ ᠮᠦᠩᠬᠦ ᠶ᠋ᠢ ᠬᠦᠳᠦᠯᠦᠨ ᠵᠢᠯᠤᠭᠤᠳᠴᠤ 《ᠬᠦᠳᠡᠭᠡ ᠠᠵᠤ ᠠᠬᠤᠢ ᠬᠦᠳᠡᠭᠡ ᠲᠤᠰᠬᠤᠨ ᠲᠠᠷᠢᠶᠠᠴᠢᠨ》 ᠤ᠋ ᠭᠤᠤᠯᠳᠠᠯᠭ᠎ᠠ ᠲᠠᠢ ᠬᠦᠷᠢᠶ᠎ᠠ ᠳ᠋ᠤ ᠬᠡᠯᠪᠡᠢᠯᠭᠡᠵᠤ᠂ ᠲᠠᠷᠢᠶᠠᠯᠠᠬᠤ ᠡᠷᠦᠬᠡ ᠳ᠋ᠤ ᠲᠤᠯᠭᠠᠷᠠᠵᠤ ᠪᠠᠢᠬᠤ ᠪᠠᠳᠤᠯᠠᠨ ᠳᠠᠭᠠᠭᠠᠬᠤ ᠳ᠋ᠤ ᠬᠦᠴᠢᠷ᠂ ᠪᠡᠯᠡ ᠬᠤᠷᠠᠮᠳᠤᠭᠤᠯᠬᠤ ᠳ᠋ᠤ ᠬᠦᠴᠢᠷ ᠠᠰᠠᠭᠤᠳᠠᠯ ᠢ᠋ ᠪᠦᠲᠦᠮᠵᠢᠳᠠᠢ ᠰᠢᠢᠳᠪᠤᠷᠢᠯᠡᠪᠡ᠃ ᠲᠠᠷᠢᠶᠠᠯᠠᠬᠤ ᠡᠷᠦᠬᠡ ᠶ᠋ᠢᠨ ᠢᠳᠡᠭᠡᠮᠵᠢ ᠶ᠋ᠢᠨ ᠳᠠᠩᠰᠠ ᠪᠠᠢᠭᠤᠯᠬᠤ᠂ 《ᠢᠳᠡᠭᠡᠮᠵᠢ + ᠨᠡᠢᠭᠡᠮ ᠤ᠋ᠨ ᠵᠠᠰᠠᠯᠳᠠ》 ᠵᠠᠭᠪᠤᠷ ᠢ᠋ ᠬᠡᠷᠡᠭᠵᠢᠭᠦᠯᠬᠦ᠂ ᠢᠳᠡᠭᠡᠮᠵᠢ ᠶ᠋ᠢᠨ ᠦᠷ᠎ᠠ ᠪᠦᠲᠦᠭᠡᠯ ᠢ᠋ ᠤᠨᠳᠤᠤᠰᠢᠭᠤᠯᠬᠤ ᠦᠷ᠎ᠠ ᠪᠦᠲᠦᠮᠵᠢ ᠶ᠋ᠢ ᠴᠢᠩᠭᠠᠳᠬᠠᠬᠤ ᠪᠡᠷ ᠳᠠᠮᠵᠢᠨ᠂ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠶ᠋ᠢ ᠠᠬᠢᠭᠤᠯᠪᠠ᠃
ᠤᠳᠤᠬᠠᠨ ᠪᠤᠯᠳᠠᠯ᠎ᠠ ᠬᠢᠩᠭᠠᠨ ᠠᠢᠮᠠᠭᠤᠨ ᠬᠢᠨ ᠨᠢᠭᠡᠨᠳᠡ 42 ᠢᠳᠡᠭᠡᠮᠵᠢᠳᠦ ᠰᠤᠮᠤ ᠰᠢᠶᠠᠩ᠂ 621 ᠢᠳᠡᠭᠡᠮᠵᠢᠳᠦ ᠲᠤᠰᠬᠤᠨ᠂ 23.95 ᠲᠦᠮᠡᠨ ᠢᠳᠡᠭᠡᠮᠵᠢᠳᠦ ᠡᠷᠦᠬᠡ ᠶ᠋ᠢ ᠦᠨᠡᠯᠡᠨ ᠳᠤᠭᠳᠠᠭᠠᠵᠤ᠂ ᠲᠠᠩᠰᠠ ᠪᠠᠢᠭᠤᠯᠤᠭᠰᠠᠨ ᠮᠠᠯᠵᠢᠬᠤ ᠲᠠᠷᠢᠶᠠᠯᠠᠬᠤ ᠡᠷᠦᠬᠡ ᠶ᠋ᠢᠨ 51.58% ᠶ᠋ᠢ ᠡᠵᠡᠯᠡᠪᠡ᠃ ᠵᠠᠯᠠᠢᠳ ᠬᠤᠰᠢᠭᠤᠵᠢᠨ ᠬᠢᠨ ᠪᠦᠬᠦ ᠠᠢᠮᠠᠭ ᠤ᠋ᠨ ᠠᠩᠬᠠᠳᠠᠭᠴᠢ 《ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠢᠳᠡᠭᠡᠮᠵᠢᠳᠦ ᠬᠤᠰᠢᠭᠤ》 ᠪᠤᠯᠵᠤ᠂ ᠵᠠᠯᠠᠢᠳ ᠬᠤᠰᠢᠭᠤᠨ ᠤ᠋ ᠭᠦ ᠮᠢᠶᠤᠤ ᠲᠤᠰᠬᠤᠨ 《ᠢᠳᠡᠭᠡᠮᠵᠢᠳᠦ ᠬᠡᠪ ᠳᠠᠭᠤᠷᠢᠶᠠᠯ ᠤ᠋ᠨ ᠳᠤᠰᠬᠤᠨ》 ᠪᠤᠯᠵᠤ᠂ ᠤᠯᠠᠭᠠᠨᠬᠤᠳᠠ ᠶ᠋ᠢᠨ ᠢᠯᠠᠯᠳᠠ ᠪᠠᠯᠭᠠᠰᠤ 《ᠢᠳᠡᠭᠡᠮᠵᠢ ᠪᠡᠷ ᠬᠦᠴᠦᠨ ᠨᠡᠮᠡᠷᠢᠯᠡᠬᠦ ᠬᠡᠪ ᠳᠠᠭᠤᠷᠢᠶᠠᠯ ᠤ᠋ᠨ ᠪᠠᠯᠭᠠᠰᠤ》 ᠪᠤᠯᠪᠠ᠃ ᠢᠳᠡᠭᠡᠮᠵᠢ ᠶ᠋ᠢᠨ ᠳᠠᠩᠰᠠ ᠪᠠᠢᠭᠤᠯᠤᠭᠰᠠᠨ 15.6 ᠲᠦᠮᠡᠨ ᠮᠠᠯᠵᠢᠬᠤ ᠲᠠᠷᠢᠶᠠᠯᠠᠬᠤ ᠡᠷᠦᠬᠡ ᠳ᠋ᠤ ᠢᠳᠡᠭᠡᠮᠵᠢᠳᠦ ᠵᠢᠭᠡᠯᠡᠯᠭᠡ ᠶ᠋ᠢᠨ ᠳᠡᠮᠵᠢᠯᠭᠡ ᠦᠵᠡᠭᠦᠯᠵᠦ᠂ ᠢᠳᠡᠭᠡᠮᠵᠢᠳᠦ ᠵᠢᠭᠡᠯᠡᠯᠭᠡ ᠶ᠋ᠢᠨ ᠦᠯᠡᠳᠡᠪᠤᠷᠢ ᠮᠦᠩᠬᠦ 139.27 ᠳ᠋ᠦᠩᠰᠢᠭᠤᠷ ᠲᠦᠭᠦᠷᠢᠭ ᠲᠤ᠌ ᠬᠦᠷᠴᠤ ᠪᠤᠢ᠃
ᠬᠢᠩᠭᠠᠨ ᠠᠢᠮᠠᠭ ᠲᠤ᠌᠂ ᠢᠳᠡᠭᠡᠮᠵᠢ ᠰᠠᠢᠨ ᠡᠴᠡ ᠠᠰᠢᠭ ᠬᠦᠷᠳᠡᠭᠰᠡᠨ ᠮᠠᠯᠴᠢᠨ ᠲᠠᠷᠢᠶᠠᠴᠢᠨ ᠭᠠᠭᠴᠠ ᠵᠠᠩ ᠬᠤᠩ ᠯᠠᠢ ᠪᠠᠷ ᠵᠤᠭᠰᠤᠬᠤ ᠦᠭᠡᠢ ᠶᠤᠮ᠃ ᠤᠯᠠᠭᠠᠨᠬᠤᠳᠠ ᠶ᠋ᠢᠨ ᠰᠡᠷᠭᠡᠨ ᠪᠠᠯᠭᠠᠰᠤ ᠶ᠋ᠢᠨ ᠬᠦᠩ ᠤ᠋ᠨ ᠰᠡᠷᠭᠡ ᠲᠤᠰᠬᠤᠨ ᠤ᠋ ᠠᠷᠠᠳ ᠾᠧ ᠶᠦᠩ ᠮᠢᠩ ᠤᠨ ᠭᠢᠨ ᠤᠤᠯ ᠨᠢ ᠨᠠᠭᠠᠳᠤ ᠵᠠᠬ᠎ᠠ ᠶ᠋ᠢᠨ ᠠᠮᠢᠳᠤᠷᠠᠯ ᠤ᠋ᠨ ᠪᠠᠳᠤᠯᠠᠭ᠎ᠠ ᠬᠦᠷᠳᠡᠵᠦ᠂ ᠰᠠᠭᠤᠬᠤ ᠪᠠᠢᠰᠢᠩ ᠡᠴᠡ ᠭᠠᠳᠠᠨ᠎ᠠ ᠬᠤᠶᠠᠷᠬᠠᠨ ᠦᠭᠡᠷ ᠲᠠᠢ ᠪᠠᠢᠪᠠ᠃ 2022 ᠤᠨ ᠳ᠋ᠤ ᠰᠡᠷᠭᠡᠨ ᠪᠠᠯᠭᠠᠰᠤ ᠲᠠᠢ ᠢᠳᠡᠭᠡᠮᠵᠢᠳᠦ ᠰᠢᠶᠠᠩ ᠤ᠋ᠨ ᠬᠠᠮᠳᠤᠷᠠᠯᠴᠠᠭ᠎ᠠ ᠪᠠᠢᠭᠤᠯᠤᠭᠰᠠᠨ ᠤ᠋ ᠳᠠᠷᠠᠭ᠎ᠠ᠂ ᠲᠠᠷᠢᠶᠠᠯᠠᠩ ᠤ᠋ᠨ ᠪᠠᠩᠬᠢ ᠶ᠋ᠢᠨ ᠬᠢᠩᠭᠠᠨ ᠠᠢᠮᠠᠭ ᠲᠡᠬᠢ ᠬᠤᠪᠢᠶᠠᠷᠢ ᠪᠠᠩᠬᠢᠵᠢᠨ ᠬᠢᠨ ᠾᠧ ᠶᠦᠩ ᠮᠢᠩ ᠳ᠋ᠤ 30 ᠲᠦᠮᠡᠨ ᠲᠦᠭᠦᠷᠢᠭ ᠤ᠋ᠨ 《ᠲᠠᠷᠢᠶᠠᠴᠢᠳ ᠲᠤ᠌ ᠠᠰᠢᠭ ᠬᠦᠷᠳᠡᠭᠡᠬᠦ e ᠵᠢᠭᠡᠯᠡᠯᠭᠡ — ᠡᠵᠡᠩᠨᠡᠯᠳᠡ》 ᠶ᠋ᠢᠨ ᠵᠢᠭᠡᠯᠡᠯᠭᠡ ᠤᠯᠭᠤᠭᠰᠠᠨ ᠳ᠋ᠤ᠂ ᠾᠧ ᠶᠦᠩ ᠮᠢᠩ ᠢᠳᠡᠭᠡᠮᠵᠢᠳᠦ ᠵᠢᠭᠡᠯᠡᠯᠭᠡ ᠪᠡᠷ ᠵᠢᠡᠨ 20 ᠭᠠᠷᠤᠢ ᠡᠭᠦᠯᠳᠡᠷ ᠰᠠᠢᠵᠢᠷᠠᠭᠤᠯᠤᠭᠰᠠᠨ ᠮᠢᠬᠠᠨ ᠤ᠋ ᠦᠭᠡᠷ ᠬᠤᠳᠠᠯᠳᠤᠨ ᠠᠪᠤᠪᠠ᠃ ᠤᠳᠤ ᠾᠧ ᠶᠦᠩ ᠮᠢᠩ ᠤ᠋ᠨ ᠬᠢᠨ ᠨᠢᠭᠡᠨᠳᠡ 50 ᠭᠠᠷᠤᠢ ᠮᠢᠬᠠᠨ ᠤ᠋ ᠦᠭᠡᠷ ᠪᠦᠬᠦᠢ ᠲᠡᠵᠢᠭᠡᠨ ᠦᠷᠡᠵᠢᠭᠦᠯᠬᠦ ᠲᠤᠮᠤ ᠡᠷᠦᠬᠡ ᠪᠤᠯᠤᠭᠰᠠᠨ ᠪᠠᠢᠨ᠎ᠠ᠃
ᠢᠳᠡᠭᠡᠮᠵᠢᠳᠦ ᠵᠢᠭᠡᠯᠡᠯᠭᠡ ᠡᠴᠡ ᠠᠳᠠᠯᠢᠬᠠᠨ ᠠᠰᠢᠭ ᠬᠦᠷᠳᠡᠭᠰᠡᠳ ᠲᠤ᠌ ᠪᠠᠰᠠ ᠵᠠᠯᠠᠢᠳ ᠬᠤᠰᠢᠭᠤᠨ ᠤ᠋ ᠬᠤᠯᠪᠤᠭ᠎ᠠ ᠬᠠᠩᠭᠠᠨ ᠪᠤᠷᠤᠯᠠᠭᠤᠯᠬᠤ ᠬᠤᠷᠰᠢᠶ᠎ᠠ ᠶ᠋ᠢᠨ ᠬᠠᠷᠢᠭᠤᠴᠠᠯᠭᠠᠳᠠᠨ ᠰᠦᠨ ᠳ᠋ᠠ ᠮᠢᠩ ᠪᠤᠢ᠃ ᠡᠨᠡ ᠬᠠᠪᠤᠷ ᠤ᠋ᠨ ᠲᠠᠷᠢᠶᠠᠯᠠᠭ᠎ᠠ ᠶ᠋ᠢᠨ ᠪᠡᠯᠡᠳᠭᠡᠯ ᠬᠢᠬᠦ ᠦᠶᠡᠰ ᠲᠤ᠌᠂ ᠰᠦᠨ ᠳ᠋ᠠ ᠮᠢᠩ ᠢ᠋ ᠲᠠᠷᠢᠶᠠᠯᠠᠩ ᠤ᠋ᠨ ᠮᠠᠲᠧᠷᠢᠶᠠᠯ ᠨᠦᠭᠡᠴᠡᠯᠡᠬᠦ ᠭᠦᠢᠯᠭᠡᠭᠡᠨ ᠤ᠋ ᠪᠡᠯᠡ ᠮᠦᠩᠬᠦ ᠳᠤᠳᠠᠭᠳᠠᠨ ᠭᠠᠴᠢᠭᠳᠠᠵᠤ ᠪᠠᠢᠭᠰᠠᠨ ᠳ᠋ᠤ᠂ ᠵᠠᠯᠠᠢᠳ ᠬᠤᠰᠢᠭᠤᠨ ᠤ᠋ ᠬᠦᠳᠡᠭᠡ ᠲᠤᠰᠬᠤᠨ ᠤ᠋ ᠢᠳᠡᠭᠡᠮᠵᠢ ᠶ᠋ᠢᠨ ᠬᠤᠯᠪᠤᠭᠠᠳᠤ ᠬᠤᠷᠰᠢᠶ᠎ᠠ ᠶ᠋ᠢᠨ ᠬᠤᠯᠪᠤᠭ᠎ᠠ ᠢᠳᠡᠭᠡᠮᠵᠢ ᠶ᠋ᠢᠨ ᠬᠤᠷᠰᠢᠶ᠎ᠠ ᠶ᠋ᠢᠨ ᠠᠵᠢᠯᠳᠠᠨ ᠭᠡᠷ ᠲᠤᠨᠢ ᠬᠦᠷᠴᠤ ᠴᠠᠭ ᠳᠠᠷᠤᠢ ᠳ᠋ᠤᠨᠢ ᠵᠢᠭᠡᠯᠡᠯᠭᠡ ᠤᠯᠭᠤᠵᠠᠢ᠃ 《ᠡᠨᠡ ᠵᠢᠯ ᠪᠢ 50 ᠲᠦᠮᠡᠨ ᠲᠦᠭᠦᠷᠢᠭ ᠤ᠋ᠨ ᠵᠢᠭᠡᠯᠡᠯᠭᠡ ᠠᠪᠤᠭᠰᠠᠨ᠂ ᠡᠷᠡᠮᠡᠯᠵᠡᠭᠰᠡᠨ ᠡᠳᠦᠷ ᠲᠡᠭᠡᠨ ᠳᠠᠷᠤᠢ ᠪᠠᠭᠤᠵᠤ ᠢᠷᠡᠭᠰᠡᠨ ᠪᠠᠢᠨ᠎ᠠ᠂ ᠬᠦᠦ ᠮᠦᠩᠬᠦ ᠨᠢ ᠪᠠᠰᠠ ᠪᠠᠭᠠᠰᠴᠠᠢ》 ᠭᠡᠵᠦ ᠰᠦᠨ ᠳ᠋ᠠ ᠮᠢᠩ ᠶᠠᠷᠢᠨ᠎ᠠ᠃
ᠠᠷᠠᠳ ᠤ᠋ᠨ ᠪᠠᠩᠬᠢ ᠶ᠋ᠢᠨ ᠬᠢᠩᠭᠠᠨ ᠠᠢᠮᠠᠭ ᠲᠡᠬᠢ ᠬᠤᠪᠢᠶᠠᠷᠢ ᠪᠠᠩᠬᠢ ᠶ᠋ᠢᠨ ᠬᠢᠨ ᠦᠷᠭᠦᠯᠵᠢᠯᠡᠨ 《ᠭᠤᠷᠪᠠᠨ ᠱᠠᠳᠤᠨ ᠤ᠋ ᠢᠳᠡᠭᠡᠮᠵᠢ》 ᠶ᠋ᠢ ᠦᠨᠡᠯᠡᠨ ᠳᠤᠭᠳᠠᠭᠠᠬᠤ ᠪᠡᠷ ᠭᠠᠷᠳᠠᠴᠠ ᠪᠤᠯᠭᠠᠨ᠂ ᠬᠠᠷᠢᠶ᠎ᠠ ᠳ᠋ᠡᠬᠢ ᠮᠦᠩᠭᠦᠨ ᠭᠦᠢᠯᠭᠡᠭᠡᠨ ᠤ᠋ ᠪᠠᠢᠭᠤᠯᠤᠮᠵᠢ ᠶ᠋ᠢᠨ ᠬᠢᠨ ᠢ᠋ ᠬᠦᠳᠦᠯᠦᠨ ᠵᠢᠯᠤᠭᠤᠳᠴᠤ ᠢᠳᠡᠭᠡᠮᠵᠢᠳᠦ ᠵᠢᠭᠡᠯᠡᠯᠭᠡ ᠤᠯᠭᠤᠬᠤ ᠡᠷᠴᠢᠮ ᠢ᠋ ᠴᠢᠩᠭᠠᠷᠠᠭᠤᠯᠵᠤ᠂ ᠢᠳᠡᠭᠡᠮᠵᠢᠳᠦ ᠰᠢᠰᠲᠧᠮ ᠤ᠋ᠨ ᠪᠠᠢᠭᠤᠯᠤᠯᠳᠠ ᠶ᠋ᠢᠨ ᠦᠷ᠎ᠠ ᠪᠦᠲᠦᠭᠡᠯ ᠢ᠋ ᠤᠨᠳᠤᠤᠰᠢᠭᠤᠯᠬᠤ ᠦᠷ᠎ᠠ ᠪᠦᠲᠦᠮᠵᠢ ᠶ᠋ᠢ ᠲᠠᠰᠤᠷᠠᠯᠳᠠ ᠦᠭᠡᠢ ᠴᠢᠩᠭᠠᠳᠬᠠᠨ᠂ ᠢᠳᠡᠭᠡᠮᠵᠢ ᠪᠡᠷ ᠬᠦᠴᠦ ᠨᠡᠮᠡᠷᠢᠯᠡᠨ ᠶᠠᠰᠤ ᠴᠢᠨᠠᠷ ᠦᠷ᠎ᠠ ᠠᠰᠢᠭ ᠢ᠋ ᠳᠡᠭᠡᠭᠰᠢᠯᠡᠭᠦᠯᠬᠦ ᠶ᠋ᠢ ᠠᠬᠢᠭᠤᠯᠤᠨ᠂ ᠬᠢᠩᠭᠠᠨ ᠠᠢᠮᠠᠭ ᠤ᠋ᠨ ᠬᠦᠳᠡᠭᠡ ᠲᠤᠰᠬᠤᠨ ᠤ᠋ ᠠᠵᠤ ᠠᠬᠤᠢ ᠪᠠ ᠨᠡᠢᠭᠡᠮ ᠤ᠋ᠨ ᠬᠦᠭᠵᠢᠯᠳᠡ ᠳ᠋ᠤ ᠬᠦᠴᠦᠷᠬᠡᠭ ᠶᠡᠬᠡ ᠮᠦᠩᠭᠦᠨ ᠭᠦᠢᠯᠭᠡᠭᠡᠨ ᠤ᠋ ᠬᠦᠳᠡᠯᠭᠡᠬᠦ ᠡᠨᠧᠷᠬᠢ ᠨᠡᠮᠡᠷᠢᠯᠡᠵᠤ ᠪᠠᠢᠨ᠎ᠠ᠃