ᠤᠢᠷᠠ ᠳ᠋ᠤ᠂ ᠬᠥᠬᠡᠬᠣᠲᠠᠶ᠋ᠢᠨ ᠳᠣᠲᠣᠭᠠᠳᠤᠶ᠋ᠢ ᠬᠠᠮᠠᠭᠠᠯᠠᠬᠤ ᠲᠣᠪᠴᠢᠶᠠ ᠵᠢᠨ ᠬᠣᠲᠣᠩ ᠠᠷᠠᠳᠤᠨ ᠲᠣᠭᠣᠷᠢᠭᠤᠨ ᠬᠤᠪᠢᠶᠠᠷᠢ ᠲᠣᠪᠴᠢᠶᠠ ᠯᠢ ᠣᠪᠣᠭ᠍ᠲᠤ ᠵᠢᠨ ᠰᠦᠯᠵᠢᠶᠡᠨ ᠳᠡᠭᠡᠷᠡᠡᠴᠡ ᠲᠤᠬᠯᠠᠯᠳᠠ ᠵᠢᠨ ᠪᠢᠯᠧᠲᠢ ᠥᠨᠳᠥᠷ ᠦᠨᠡ ᠪᠡᠷ ᠬᠤᠳᠠᠯᠳᠤᠨ ᠠᠪᠤᠭᠠᠳ 4680 ᠲᠥᠭᠥᠷᠢᠭ ᠮᠡᠬᠡᠯᠡᠭ᠌ᠳᠡᠪᠡ ᠭᠡᠭᠦ ᠬᠡᠷᠡᠭ ᠤ᠋ᠨ ᠮᠡᠳᠡᠬᠦᠯᠦᠯᠳᠡ ᠵᠢ ᠲᠤᠰᠪᠠ᠃
ᠯᠢ ᠣᠪᠣᠭ᠍ᠲᠤ ᠠᠯᠪᠠᠨ ᠤ᠋ ᠲᠠᠯᠠ ᠵᠢᠨ ᠪᠢᠯᠧᠲ ᠢ᠋ ᠬᠤᠳᠠᠯᠳᠤᠨ ᠠᠪᠴᠤ ᠲᠡᠢᠯᠦᠭᠰᠡᠨ ᠦᠭᠡᠢ ᠳᠤᠯᠠ ᠨᠢᠭᠡᠨ ᠰᠦᠯᠵᠢᠶᠠᠨ ᠲᠠᠪᠴᠠᠩ ᠲᠡᠬᠡᠷᠠ ᠪᠢᠯᠧᠲ ᠬᠤᠳᠠᠯᠳᠤᠵᠦ ᠪᠠᠢᠭᠠ ᠮᠡᠳᠡᠭᠡ ᠵᠠᠩᠭᠢ ᠵᠢ ᠤᠯᠵᠤ ᠦᠵᠡᠭᠡᠳ᠂ ᠳᠠᠷᠤᠢᠬᠠᠨ ᠨᠥᠭᠥᠭᠡ ᠡᠲᠡᠭᠡᠳ ᠤ᠋ᠨ ᠵᠢᠷᠬᠢᠶᠠ ᠵᠢ ᠨᠡᠮᠡᠵᠦ᠍ ᠠᠪᠤᠪᠠ᠃ ᠵᠣᠭᠣᠭ᠍ᠳᠠᠬᠤ ᠶᠠᠪᠤᠴᠠᠳᠤ᠂ ᠨᠥᠭᠥᠭᠡ ᠡᠲᠡᠭᠡᠳ ᠨᠢ 680 ᠲᠥᠭᠥᠷᠢᠭᠦᠨ ᠬᠤᠶᠠᠷ ᠪᠢᠯᠧᠲᠢ 200 ᠲᠥᠭᠥᠷᠢᠭ ᠨᠡᠮᠡᠪᠡᠯ ᠳᠠᠷᠤᠶ ᠱᠢᠯᠵᠢᠭᠦᠯᠦᠨ ᠥᠭ᠌ᠴᠦ ᠪᠣᠯᠤᠨᠠ ᠭᠡᠵᠦ᠍ ᠬᠡᠯᠡᠪᠡ᠃ ᠯᠢᠤᠪᠤᠬᠳᠤ ᠮᠠᠰᠢ ᠰᠡᠳᠭᠢᠯ ᠬᠥᠳᠡᠯᠵᠤ᠂ ᠲᠦᠷᠦᠬᠦᠦ ᠤᠳᠠᠭᠠ 1560 ᠲᠥᠭᠥᠷᠢᠭ ᠱᠢᠯᠵᠢᠭᠦᠯᠵᠦ᠍ ᠦᠭᠭᠦᠭᠰᠡᠨ ᠳ᠋ᠤ ᠨᠦᠬᠦᠭᠡ ᠡᠳᠡᠭᠡᠳ ᠨᠢ 《ᠬᠤᠪᠢ ᠬᠦᠮᠦᠨ ᠤ᠋ ᠮᠡᠳᠡᠭᠡ ᠵᠠᠩᠬᠢ ᠬᠦᠢᠴᠡᠳ ᠦᠭᠡᠢ ᠡᠴᠨ ᠪᠢᠯᠧᠲ ᠬᠤᠳᠠᠯᠳᠤᠨ ᠠᠪᠴᠤ ᠲᠡᠢᠯᠦᠭᠰᠡᠨ ᠦᠭᠡᠶ》 ᠭᠡᠰᠡᠨ ᠬᠠᠷᠢᠭᠤ ᠦᠭᠴᠤ᠂ ᠯᠢ ᠣᠪᠣᠭ᠍ᠲᠤᠶ᠋ᠢ ᠳᠠᠬᠢᠨ 1560 ᠲᠥᠭᠥᠷᠢᠭ ᠥᠭ᠌ᠬᠦᠶ᠋ᠢ ᠱᠠᠭᠠᠷᠳᠠᠭ᠍ᠰᠠᠨ ᠪᠥᠭᠡᠳ ᠢᠯᠡᠭᠦᠦ ᠦᠭᠭᠦᠭᠰᠡᠨ ᠵᠣᠭᠣᠰᠢ ᠨᠢ ᠪᠤᠴᠠᠭᠠᠨᠠ ᠬᠡᠪᠡ᠃ ᠬᠣᠶᠠᠳᠤᠭᠠᠷ ᠤᠳᠠᠭᠠ᠂ ᠨᠥᠭᠥᠭᠡ ᠡᠲᠡᠭᠡᠳ ᠨᠢ 《ᠭᠠᠷᠳᠠᠮ ᠬᠦᠢᠴᠡᠳᠭᠡᠭᠰᠡᠨ ᠴᠠᠭ ᠨᠢ ᠬᠡᠳᠤ ᠤᠷᠳᠤ》 ᠭᠡᠬᠦ ᠱᠢᠯᠲᠠᠭ ᠵᠢᠡᠷ ᠳᠠᠬᠢᠨᠲᠠ ᠵᠣᠭᠣᠰ ᠦᠭᠬᠦ ᠵᠢ ᠱᠠᠭᠠᠷᠳᠠᠪᠠ᠃ ᠯᠢ ᠤᠪᠤᠬᠳᠤ ᠭᠤᠷᠪᠠᠳᠤᠭᠠᠷ ᠤᠳᠠᠭᠠ ᠳᠠᠩᠰᠠ ᠱᠢᠯᠵᠢᠭᠦᠯᠦᠭ᠌ᠰᠡᠨᠦ ᠳᠠᠷᠠᠭᠠ᠂ ᠨᠥᠭᠥᠭᠡ ᠡᠲᠡᠭᠡᠳ ᠨᠢ ᠪᠠᠰᠠ 《ᠮᠡᠳᠡᠭᠡ ᠵᠠᠩᠭᠢᠶ᠋ᠢ ᠲᠠᠬᠢᠨᠳᠠ ᠬᠢᠨᠠᠨ ᠱᠢᠯᠭᠠᠬᠤ》 ᠱᠢᠯᠲᠠᠭᠠᠨᠢᠶᠠᠷ ᠲᠡᠭᠦᠨᠢ ᠨᠢᠭᠡ ᠯᠡ ᠤᠳᠠᠭᠠ ᠳᠡᠭᠡᠷᠡ 4680 ᠲᠥᠭᠥᠷᠢᠭ ᠱᠢᠯᠵᠢᠭᠦᠯᠪᠡᠯ ᠰᠠᠶᠢ ᠪᠢᠯᠧᠲ ᠭᠠᠷᠭᠠᠵᠤ ᠪᠣᠯᠤᠨᠠ ᠭᠡᠰᠡᠨᠳᠤ᠂ ᠯᠢ ᠤᠪᠤᠬᠳᠤ ᠴᠠᠬᠢᠯᠭᠠᠨ ᠬᠤᠯᠪᠤᠭᠠ ᠵᠢᠨ ᠮᠡᠭᠡᠯᠡᠯ ᠭᠡᠵᠦ ᠰᠡᠵᠢᠭᠯᠡᠨ ᠴᠠᠭ᠍ᠳᠠᠭᠠᠳᠤ ᠬᠡᠷᠡᠭ ᠮᠡᠳᠡᠭᠦᠯᠪᠡ᠃
ᠡᠨᠡ ᠵᠢᠯ ᠬᠦᠬᠡᠬᠤᠳᠠ ᠳ᠋ᠤ ᠤᠯᠠᠨ ᠲᠠᠯᠠᠪᠠᠢ ᠲᠤᠬᠯᠠᠯᠳᠠ ᠪᠠ ᠦᠳᠡᠰᠢᠯᠡᠭᠡ ᠡᠷᠬᠢᠯᠡᠬᠦ ᠭᠡᠵᠦ ᠪᠤᠢ᠃ ᠡᠢᠮᠦ᠍ᠷᠬᠦᠦ ᠬᠡᠷᠡᠭ ᠳᠠᠬᠢᠨ ᠡᠭᠦᠰᠭᠦᠡᠴᠡ ᠵᠠᠢᠯᠠᠰᠬᠢᠬᠤᠶ᠋ᠢᠨ ᠲᠥᠯᠥᠭᠡ ᠴᠠᠭ᠍ᠳᠠᠭᠠᠨᠤ ᠲᠠᠯᠠ ᠡᠴᠨ ᠬᠡᠳᠦᠨ ᠮᠡᠭᠡᠯᠡᠯ ᠤ᠋ᠨ ᠠᠷᠭᠠ ᠵᠢ ᠰᠡᠷᠡᠮᠵᠢᠯᠡᠭᠦᠯᠪᠡ᠃ ᠵᠢᠱ᠌ᠢᠶᠡᠯᠡᠪᠡᠯ᠂ ᠮᠡᠬᠡᠯᠡᠭ᠌ᠴᠢ ᠰᠦᠯᠵᠢᠶᠡᠨ ᠳᠡᠭᠡᠷᠡ ᠪᠢᠯᠧᠲ ᠬᠤᠳᠠᠯᠳᠤᠬᠤ ᠮᠡᠳᠡᠭᠡ ᠵᠠᠩᠭᠢ ᠪᠠ ᠬᠠᠷᠢᠯᠴᠠᠬᠤ ᠠᠷᠭᠠᠪᠠᠨ ᠨᠡᠢᠲᠡᠯᠡᠵᠦ᠍ ᠂ ᠥᠪᠡᠷᠢᠪᠡᠨ ᠭᠤᠤᠯᠯᠠᠨ ᠡᠷᠬᠢᠯᠡᠭᠰᠡᠨ ᠨᠢᠭᠡᠴᠢ ᠵᠢᠨ ᠠᠵᠢᠯᠲᠠᠨ ᠭᠡᠵᠦ ᠤᠪᠯᠠᠨᠠ᠂ ᠬᠡᠷᠡᠭᠯᠡᠭᠴᠢᠳ ᠵᠤᠭᠤᠰ ᠵᠢᠡᠨ ᠰᠢᠯᠵᠢᠬᠦᠯᠦᠭᠰᠡᠨᠤ ᠳᠠᠷᠠᠭᠠ᠂ ᠮᠡᠬᠡᠯᠡᠭ᠌ᠴᠢ ᠡᠯᠳᠡᠪ ᠵᠦᠢᠯᠦᠨ ᠱᠢᠯᠲᠠᠭᠠᠨᠢᠶᠠᠷ ᠦᠷᠭᠦᠯᠵᠢᠯᠡᠨ ᠵᠣᠭᠣᠰ ᠲᠤᠱᠢᠶᠠᠬᠤᠶ᠋ᠢ ᠱᠠᠭᠠᠷᠳᠠᠳᠠᠭ᠃ ᠮᠡᠭᠡᠯᠡᠭᠴᠢ ᠪᠠᠰᠠ ᠵᠢᠷᠬᠢᠶᠠ᠂ QQ ᠵᠡᠷᠭᠡ ᠪᠡᠷ ᠪᠢᠯᠧᠲ ᠵᠢᠡᠨ ᠱᠢᠯᠵᠢᠭᠦᠯᠬᠦ ᠮᠡᠳᠡᠭᠡ ᠵᠠᠩᠬᠢ ᠲᠠᠷᠬᠠᠭᠠᠬᠤ ᠵᠢᠨ ᠬᠠᠮᠳᠤ ᠰᠠᠢᠨ ᠨᠠᠢᠵᠢ ᠨᠡᠮᠡᠵᠦ᠂ ᠬᠠᠭᠤᠷᠮᠠᠭ ᠰᠦᠯᠵᠢᠶᠡᠨ ᠬᠠᠶᠢᠭ ᠵᠢᠡᠷ ᠬᠡᠷᠡᠭᠯᠡᠭᠴᠢᠳᠤᠨ ᠵᠤᠭᠤᠰᠢ ᠮᠡᠬᠡᠯᠡᠳᠡᠭ᠃ ᠵᠠᠷᠢᠮ ᠮᠡᠬᠡᠯᠡᠭ᠌ᠴᠢ ᠨᠢ ᠬᠡᠷᠡᠭᠯᠡᠭᠴᠢᠳ ᠵᠢᠡᠷ ᠬᠡᠳᠤ ᠤᠳᠠᠭᠠ ᠵᠤᠭᠤᠰ ᠰᠢᠯᠵᠢᠬᠦᠯᠦᠭᠰᠡᠨ ᠤ᠋ ᠲᠠᠷᠠᠭᠠ ᠬᠠᠭᠤᠷᠮᠠᠭ ᠪᠢᠯᠧᠲ ᠭᠤᠪᠢᠭᠤᠯᠵᠦ ᠦᠭᠳᠡᠭ᠃
ᠴᠠᠭ᠍ᠳᠠᠭᠠᠨᠤ ᠲᠠᠯᠠᠶ᠋ᠢᠨ ᠬᠢᠨ᠂ ᠤᠯᠠᠩᠬᠢ ᠲᠣᠭ᠍ᠯᠠᠯᠲᠠ ᠴᠥᠮ ᠬᠤᠪᠢ ᠬᠦᠮᠦᠨ ᠤ᠋ ᠪᠡᠶᠠ ᠵᠢᠨ ᠦᠨᠡᠮᠯᠡᠯ ᠵᠢᠡᠷ ᠪᠢᠯᠧᠲ ᠬᠤᠳᠠᠯᠳᠤᠨ ᠠᠪᠬᠤ ᠵᠢ ᠱᠠᠭᠠᠷᠳᠠᠵᠤ᠂ ᠬᠡᠷᠡᠭᠯᠡᠭᠴᠢᠳ ᠡᠷᠬᠡᠪᠰᠢ ᠠᠯᠪᠠᠨ ᠤ᠋ ᠳᠠᠯᠠ ᠵᠢᠨ ᠠᠷᠭᠠ ᠵᠠᠮᠢᠶᠠᠷ ᠪᠢᠯᠧᠲ ᠬᠤᠳᠠᠯᠳᠤᠨ ᠠᠪᠴᠤ᠂ ᠰᠦᠯᠵᠢᠶᠠᠨ ᠲᠡᠭᠡᠷᠡᠬᠢ ᠡᠯᠡ ᠵᠦᠶ᠋ᠯᠦᠨ ᠪᠢᠯᠧᠲ ᠬᠤᠳᠠᠯᠳᠤᠬᠤ ᠮᠡᠳᠡᠭᠡ ᠵᠠᠩᠭᠢ ᠳ᠋ᠤ ᠰᠤᠨᠤᠷ ᠰᠡᠷᠡᠮᠵᠢ ᠪᠠᠨ ᠲᠡᠭᠡᠭᠰᠢᠯᠡᠬᠦᠯᠵᠦ᠂ ᠨᠠᠩ ᠴᠤ᠌ ᠬᠥᠩᠭᠡᠨ ᠬᠠᠭᠤᠳᠠᠮᠢᠶᠠᠷ ᠲᠠᠩᠰᠠ ᠱᠢᠯᠵᠢᠭᠦᠯᠵᠦ᠍ ᠪᠣᠯᠬᠤ ᠥᠬᠡᠶ᠂ ᠡᠳ᠋ ᠬᠥᠷᠥᠩᠭᠡᠶ᠋ᠢᠨ ᠬᠣᠬᠢᠷᠠᠯᠠᠴᠠ ᠵᠠᠢᠯᠠᠰᠭᠢᠬᠤ ᠬᠡᠷᠡᠭ᠌ᠲᠡᠶ ᠭᠡᠵᠤ ᠰᠠᠨᠠᠭᠤᠯᠪᠠ᠃