
ᠪᠦᠳᠦᠬᠡᠭᠴᠢ (ᠴᠢᠪᠠᠭ᠎ᠠ᠎ᠶ᠋ᠢᠨ ᠬᠤᠶᠠᠳᠤᠭᠠᠷ ᠲᠤᠮᠳᠠᠳᠤ ᠰᠤᠷᠭᠠᠭᠤᠯᠢ᠎ᠶᠢᠨ ᠰᠤᠷᠤᠭᠴᠢ)
ᠠᠷᠠᠳ᠎ᠤᠨ ᠰᠤᠷᠭᠠᠭᠤᠯᠢ᠎ᠶ᠋ᠢᠨ ᠠᠯᠲᠠᠨ ᠪᠤᠱᠤᠭ᠎ᠠ᠎ᠶ᠋ᠢ ᠠᠯᠬᠤᠭ᠍ᠰᠠᠨ᠎ᠠᠴᠠ ᠪᠢ ᠠᠪᠤ ᠡᠵᠢ᠎ᠶ᠋ᠢᠨ᠎ᠢᠶᠠᠨ ᠠᠴᠢ ᠡᠨᠡᠷᠢᠯ᠂ ᠠᠴᠢᠲᠤ ᠪᠠᠭ᠍ᠰᠢ᠎ᠶ᠋ᠢᠨ ᠡᠷᠳᠡᠮ ᠰᠤᠷᠭᠠᠯ᠂ ᠬᠠᠮᠲᠤ ᠨᠦᠭᠦᠳ᠎ᠤᠨ ᠬᠠᠢᠷ᠎ᠠ ᠬᠠᠯᠠᠮᠵᠢ ᠪᠠᠷ 12 ᠵᠢᠯ᠎ᠤᠨ ᠰᠤᠷᠤᠯᠭᠠᠠᠮᠢᠳᠤᠷᠠᠯ ᠵᠢᠡᠨ ᠤᠬᠳᠤᠨ ᠦᠳᠡᠵᠦ᠂ ᠨᠢᠭᠡ ᠮᠡᠳᠡᠬᠦ ᠳ᠋ᠤ ᠦᠨᠳᠦᠷ ᠲᠤᠮᠳᠠᠳᠤ᠎ᠶᠢᠨ ᠲᠡᠭᠦᠰᠬᠦ ᠤᠨ᠎ᠤ ᠰᠤᠷᠤᠭᠴᠢ ᠪᠤᠯᠴᠢᠬᠠᠯ᠎ᠠ᠃
ᠭᠤᠷᠪᠠᠨ ᠵᠢᠯ᠎ᠤᠨ ᠦᠨᠳᠦᠷ ᠲᠤᠮᠳᠠᠳᠤ᠎ᠶ᠋ᠢᠨ ᠠᠮᠢᠳᠤᠷᠠᠯ ᠰᠤᠷᠤᠯᠴᠠᠯᠭ᠎ᠠ᠎ᠪᠠᠨ ᠡᠷᠭᠢᠴᠡᠭᠦᠯᠪᠡᠯ ᠡᠷᠳᠡᠯᠡᠵᠦ᠍ ᠤᠷᠤᠢᠯᠠᠨ ᠲᠠᠪᠲᠠᠵᠤ᠂ ᠰᠡᠳᠦᠪ ᠱᠢᠯᠭᠠᠯᠲᠠ᠎ᠶ᠋ᠢ ᠤᠯᠠᠨ ᠬᠢᠵᠦ᠍᠂ ᠠᠯᠳᠠᠭ᠎ᠠ ᠤᠨᠤᠭ᠎ᠠ᠎ᠪᠠᠨ ᠲᠠᠨᠢᠵᠤ ᠶᠠᠪᠤᠭ᠍ᠰᠠᠨ ᠦᠯᠢᠭᠡᠷ ᠤᠴᠠᠷᠠᠯ ᠮᠢᠨᠢ ᠦᠪᠡᠷ᠎ᠤᠨ ᠡᠷᠬᠡ ᠦᠭᠡᠢ ᠪᠤᠳᠤᠭ᠍ᠳᠠᠨᠠ᠃ ᠲᠤᠩ ᠶᠠᠳᠠᠷᠠᠯᠲᠠᠢ᠂ ᠶᠡᠭᠡ ᠬᠦᠴᠢᠷᠳᠡᠯᠲᠡᠢ ᠰᠠᠨᠠᠭ᠍ᠳᠠᠵᠤ ᠪᠠᠢᠭ᠍ᠰᠠᠨ ᠴᠦ᠍ ᠠᠪᠤ ᠡᠵᠢ᠎ᠶ᠋ᠢᠨ ᠬᠠᠢᠷ᠎ᠠ᠂ ᠠᠴᠢᠲᠤ ᠪᠠᠭ᠍ᠰᠢ᠎ᠶ᠋ᠢᠨ ᠵᠤᠷᠢᠭ᠍ᠵᠢᠭᠤᠯᠤᠯ ᠨᠠᠮ᠎ᠠ᠎ᠳᠤ ᠦᠮᠦᠭ ᠲᠦᠰᠢᠭ ᠪᠤᠯᠵᠤ ᠢᠲᠡᠭᠡᠯ ᠵᠤᠷᠢᠭ ᠤᠯᠭᠤᠵᠤ᠂ ᠲᠡᠷᠡ ᠤᠯᠠᠨ ᠡᠳᠦᠷ ᠬᠤᠨᠤᠭ᠎ᠢ ᠪᠢ ᠳᠡᠰᠴᠦ᠍ ᠲᠤᠭᠤᠯᠵᠤ ᠳᠠᠪᠠᠭ᠍ᠰᠠᠨ ! ᠨᠠᠷᠠᠨ᠎ᠠᠴᠠ ᠡᠷᠲᠡᠯᠡᠨ ᠪᠤᠰᠴᠤ᠌᠂ ᠠᠩᠬᠢ ᠶ᠋ᠢᠨ ᠭᠡᠷ ᠵᠦᠭ ᠬᠦᠶᠤᠨ ᠪᠤᠱᠢᠭᠤᠯᠠᠳᠠᠭ; ᠨᠢᠭᠡ ᠮᠢᠨᠦ᠋ᠲᠢ ᠴᠦ᠍ ᠭᠡᠰᠡᠨ ᠲᠠᠯᠠᠭᠠᠷ ᠪᠢᠳᠡᠭᠡᠢ ᠰᠦᠢᠳᠭᠡᠶᠡ ᠭᠡᠵᠦ᠍ ᠵᠤᠷᠢᠭ᠍ᠯᠠᠵᠤ ᠯᠡ ᠶᠠᠪᠤᠳᠠᠭ ᠪᠠᠢᠭ᠍ᠰᠠᠨ; ᠦᠳᠡ᠎ᠶ᠋ᠢᠨ ᠤᠨᠳᠠᠯᠭ᠎ᠠ᠎ᠠᠴᠠ ᠡᠮᠦᠨ᠎ᠡ ᠴᠦ᠍ ᠪᠠᠭ᠍ᠰᠢ᠎ᠶ᠋ᠢᠨ ᠶᠠᠷᠢᠭ᠍ᠰᠠᠨ ᠵᠦᠢᠯ᠎ᠢ ᠪᠠᠳᠤᠳᠭᠠᠨ ᠡᠵᠡᠮᠱᠢᠬᠦ᠌᠎ᠶ᠋ᠢᠨ ᠲᠦᠯᠦᠭᠡ ᠨᠤᠮ ᠲᠡᠪᠳᠡᠷ᠎ᠢᠶᠠᠨ ᠱᠠᠭᠠᠢᠳᠠᠭ ᠪᠠᠢᠭ᠍ᠰᠠᠨ; ᠤᠷᠤᠢ᠎ᠶ᠋ᠢᠨ ᠬᠤᠭᠤᠯᠠ᠎ᠪᠠᠨ ᠪᠤᠱᠢᠭᠤᠬᠠᠨ ᠢᠳᠡᠵᠦ᠍ ᠠᠩᠭᠢ ᠵᠦᠭ᠎ᠢᠶᠠᠨ ᠬᠦᠶᠦᠳᠡᠭ ᠪᠠᠢᠭ᠍ᠰᠠᠨ᠃ ᠡᠳᠡᠭᠡᠷ ᠰᠢᠷᠭᠠᠭᠤ ᠬᠠᠳᠠᠭᠤᠵᠢᠯᠳᠠᠢ ᠴᠢᠷᠮᠠᠢᠯᠭ᠎ᠠ᠎ᠪᠠᠨ ᠪᠢ ᠤᠳᠤ ᠬᠠᠮᠤᠭ᠎ᠤᠨ ᠶᠡᠭᠡ ᠦᠪ ᠤᠯᠤᠯᠳᠠ ᠭᠡᠵᠦ᠍ ᠪᠤᠳᠤᠵᠤ ᠪᠠᠢᠨ᠎ᠠ᠃ ᠡᠢᠮᠦ᠍ ᠴᠢᠷᠮᠠᠢᠯᠭ᠎ᠠ ᠪᠠᠢᠭ᠍ᠰᠠᠨ᠎ᠠᠴᠠ ᠪᠢ ᠤᠳᠠᠯ ᠦᠭᠡᠢ ᠶᠠᠪᠤᠬᠳᠠᠬᠤ ᠤᠯᠤᠰ᠎ᠤᠨ ᠱᠢᠯᠭᠠᠯᠲᠠᠳ᠋ᠠᠭᠠᠨ ᠨᠢᠷᠤᠭᠤ ᠭᠡᠳᠡᠭᠡᠷ ᠤᠷᠤᠯᠴᠠᠬᠤ ᠢᠲᠡᠭᠡᠯ ᠵᠤᠷᠢᠭ ᠲᠦᠬᠦᠷᠡᠩ ᠪᠠᠢᠨ᠎ᠠ᠃ ᠨᠢᠭᠡ ᠬᠤᠪᠢ᠎ᠶ᠋ᠢᠨ ᠬᠠᠲᠠᠭᠤᠵᠢᠯᠲᠠᠢ ᠴᠢᠷᠮᠠᠢᠯᠭ᠎ᠠ ᠪᠠᠢᠪᠠᠯ ᠨᠢᠭᠡ ᠬᠤᠪᠢ᠎ᠶ᠋ᠢᠨ ᠠᠮᠵᠢᠯᠲᠠ ᠪᠦᠲᠦᠮᠵᠢ ᠪᠠᠢᠳᠠᠭ᠃ ᠨᠠᠳᠠ᠎ᠳᠤ ᠤᠯᠠᠨ᠎ᠠᠴᠠ ᠤᠨᠴᠠᠭᠠᠢᠷᠠᠭᠰᠠᠨ ᠠᠪᠢᠶᠠᠰ ᠴᠢᠳᠠᠪᠤᠷᠢ ᠰᠡᠴᠡᠨ ᠤᠬᠠᠭᠠᠨ ᠪᠠᠢᠭ᠎ᠠ ᠦᠭᠡᠢ᠂ ᠮᠢᠨᠤ ᠢᠲᠡᠭᠡᠳᠡᠭ᠎ᠨᠢ ᠵᠦᠪᠬᠡᠨ ᠯᠡ ᠴᠢᠷᠮᠠᠢᠯᠭ᠎ᠠ᠃ ᠴᠢᠷᠮᠠᠢᠯᠭ᠎ᠠ᠎ᠶ᠋ᠢᠨ ᠡᠴᠦᠰ᠎ᠲᠤ ᠯᠠᠪᠲᠠᠢ ᠦᠪᠡᠷ᠎ᠤᠨ ᠬᠦᠰᠡᠵᠦ᠍ ᠰᠠᠨᠠᠭ᠍ᠰᠠᠨᠳ᠋ᠠᠭᠠᠨ ᠬᠦᠷᠦᠨ᠎ᠡ᠃
ᠦᠨᠳᠦᠷ ᠭᠤᠷᠪᠠ᠎ᠶ᠋ᠢᠨ ᠬᠢᠴᠢᠶᠡᠯ ᠰᠤᠷᠤᠯᠭ᠎ᠠ ᠮᠠᠰᠢ ᠶᠠᠭᠠᠷᠠᠯᠲᠠᠢ᠃ ᠦᠷᠯᠦᠭᠡ 5 ᠴᠠᠭ᠎ᠲᠤ ᠪᠤᠰᠴᠤ᠂ ᠤᠷᠤᠢ ᠳ᠋ᠠᠭᠠᠨ 11 ᠴᠠᠭ ᠪᠤᠯᠲᠠᠯ᠎ᠠ ᠳᠠᠪᠲᠠᠳᠠᠭ ᠨᠢ ᠶᠡᠷᠦ᠎ᠶᠢᠨ ᠤᠴᠢᠷ᠃ ᠮᠠᠨ᠎ᠤ ᠠᠩᠬᠢ᠎ᠶ᠋ᠢᠨ ᠰᠤᠷᠤᠯᠴᠠᠬᠤ ᠠᠭᠤᠷ ᠠᠮᠢᠰᠭᠤᠯ ᠲᠤᠩ ᠰᠠᠢᠨ ᠪᠠᠢᠳᠠᠭ᠃ ᠬᠠᠮᠲᠤ ᠨᠦᠬᠦᠳ ᠮᠢᠨᠢ ᠲᠠᠪᠲᠠᠯᠭ᠎ᠠ ᠲᠡᠭᠡᠷ᠎ᠡ ᠴᠠᠭ ᠮᠦᠴᠡ᠎ᠶ᠋ᠢ ᠠᠯᠳᠠᠯ ᠦᠭᠡᠢ ᠨᠢᠮᠪᠠᠢ ᠲᠠᠪᠳᠠᠵᠤ᠂ ᠬᠢᠴᠢᠶᠡᠯ᠎ᠤᠨ ᠴᠠᠭ ᠪᠠᠭ᠍ᠰᠢ᠎ᠶ᠋ᠢᠨ ᠵᠢᠭᠠᠭ᠍ᠰᠠᠨ ᠵᠦᠢᠯ᠎ᠢ ᠰᠡᠳᠭᠢᠯ ᠲᠠᠯᠪᠢᠨ ᠰᠤᠨᠤᠰᠴᠤ᠂ ᠴᠠᠭ ᠮᠢᠨᠦᠢ᠍ᠲ ᠪᠦᠷᠢ ᠵᠢ ᠦᠷ᠎ᠡ ᠠᠱᠢᠭᠲᠠᠢ ᠰᠠᠢᠬᠠᠨ ᠠᠱᠢᠭ᠍ᠯᠠᠳᠠᠭ᠃ ᠡᠨᠡ᠎ᠨᠢ ᠮᠠᠨ᠎ᠤ ᠠᠩᠭᠢ᠎ᠶ᠋ᠢᠨ ᠵᠤᠷᠱᠢᠯ ᠪᠤᠯᠵᠤ᠂ ᠨᠢᠭᠡᠨ ᠨᠢᠭᠡᠨᠳ᠋ᠡᠬᠡᠨ ᠲᠠᠭᠤᠷᠢᠶᠠᠯ ᠵᠤᠷᠢᠭᠵᠢᠭᠤᠯᠤᠯ ᠪᠤᠯᠤᠭ᠍ᠰᠠᠭᠠᠷ ᠢᠷᠡᠵᠡᠢ᠃
ᠦᠨᠳᠦᠷ ᠭᠤᠷᠪᠠ᠎ᠶ᠋ᠢᠨ ᠰᠤᠷᠤᠭ᠍ᠴᠢ ᠪᠦᠬᠦᠨ 985 ᠶᠡᠭᠡ ᠰᠤᠷᠭᠠᠭᠤᠯᠢ᠂ 211 ᠶᠡᠭᠡ ᠰᠤᠷᠭᠠᠭᠤᠯᠢ ᠳ᠋ᠤ ᠤᠷᠤᠬᠤ ᠵᠢ ᠬᠦᠰᠡᠳᠡᠭ ᠪᠠᠢᠬ᠎ᠠ᠃ ᠮᠢᠨᠤ ᠬᠦᠰᠡᠨ ᠡᠷᠡᠮᠡᠯᠵᠡᠵᠦ᠍ ᠢᠷᠡᠭ᠌ᠰᠡᠨ ᠶᠡᠭᠡ ᠰᠤᠷᠭᠠᠭᠤᠯᠢᠪᠤᠯ ᠱᠠᠨ ᠰᠢ᠎ᠶ᠋ᠢᠨ ᠪᠠᠭ᠍ᠰᠢ᠎ᠶ᠋ᠢᠨ ᠶᠡᠭᠡ ᠰᠤᠷᠭᠠᠭᠤᠯᠢ ᠪᠤᠯᠤᠨ᠎ᠠ᠃ ᠪᠢ ᠲᠡᠤᠬᠡ ᠰᠤᠳᠤᠯᠤᠯ᠎ᠳᠤ ᠲᠤᠷ᠎ᠠ ᠪᠠᠭ᠍ᠠᠲᠠᠢ᠃ ᠱᠠᠨᠰᠢ ᠳ᠋ᠤ ᠡᠷᠳᠡᠨ᠎ᠤ ᠠᠯᠢ ᠤᠯᠠᠨ ᠬᠠᠭᠠᠨ ᠲᠦᠷᠦ᠍᠎ᠶ᠋ᠢᠨ ᠨᠡᠢᠰᠯᠡᠯ ᠪᠠᠢᠵᠤ᠂ ᠬᠡᠳᠦᠨ ᠮᠢᠩᠭᠠᠨ ᠵᠢᠯ᠎ᠤᠨ ᠲᠤᠷᠰᠢ ᠤᠯᠠᠷᠢᠨ ᠬᠤᠪᠢᠷᠠᠵᠤ᠂ ᠬᠦᠭᠵᠢᠨ ᠴᠡᠴᠡᠭ᠌ᠯᠡᠭᠰᠡᠭᠡᠷ ᠢᠷᠡᠭ᠌ᠰᠡᠨ ᠶᠤᠮ᠃ ᠲᠡᠢᠮᠦ᠍ ᠡᠴᠡ ᠪᠢ ᠰᠢ ᠠᠨ ᠬᠤᠲᠠ᠎ᠳᠤ ᠬᠦᠷᠴᠦ ᠰᠤᠷᠤᠯᠴᠠᠨ᠂ ᠲᠡᠤᠬᠡ ᠰᠤᠶᠤᠯ᠎ᠤᠨ ᠤᠯᠠ ᠮᠦᠷ᠂ ᠭᠡᠷᠡᠯ ᠬᠢᠯᠪᠠᠭ᠎ᠠ ᠵᠢ ᠨᠢᠳᠦ ᠪᠡᠷ᠎ᠢᠶᠡᠨ ᠦᠵᠡᠵᠦ ᠰᠡᠳᠭᠢᠯ᠎ᠢᠶᠡᠷ᠎ᠢᠶᠡᠨ ᠮᠡᠳᠡᠷᠡᠬᠦ ᠵᠢ ᠬᠦᠰᠡᠨ᠎ᠡ᠃
ᠰᠤᠷᠤᠯᠴᠠᠯᠭ᠎ᠠ᠎ᠳᠤ ᠴᠢᠷᠮᠠᠢᠯᠭ᠎ᠠ ᠪᠠᠢᠬᠤ᠎ᠶ᠋ᠢᠨ ᠳᠠᠭᠠᠤ ᠰᠤᠷᠤᠯᠴᠠᠯᠭ᠎ᠠ ᠵᠢᠨ ᠤᠷ᠎ᠠ ᠳᠡᠮ ᠪᠠᠢᠬᠤ ᠬᠡᠷᠡᠭ᠌ᠲᠡᠢ᠃ ᠦᠪᠡᠷ᠎ᠤᠨ ᠠᠨᠠᠢ ᠬᠢᠴᠢᠶᠡᠯ ᠲᠦᠷᠦᠯᠳ᠋ᠡᠬᠡᠨ ᠢᠯᠡᠭᠦᠬᠡᠨ ᠴᠠᠭ ᠤᠷᠤᠭᠤᠯᠵᠤ᠂ ᠳᠠᠪᠠᠭᠤᠯᠢᠭ ᠬᠢᠴᠢᠶᠡᠯ ᠲᠦᠷᠦᠯ ᠲᠠᠢ ᠪᠠᠨ ᠮᠦᠷᠦ᠍ ᠵᠡᠷᠭᠡᠴᠡᠭᠦᠯᠦᠨ ᠤᠷᠤᠭ᠍ᠰᠢᠯᠠᠬᠤ᠎ᠶ᠋ᠢ ᠠᠩᠬᠠᠷᠪᠠᠯ ᠵᠤᠬᠢᠨ᠎ᠠ᠃ ᠲᠦᠯᠦᠪᠯᠡᠭᠡ ᠲᠤᠭ᠍ᠳᠠᠭᠠᠨ ᠴᠠᠭ᠎ᠢᠶᠠᠨ ᠰᠠᠢᠬᠠᠨ ᠠᠱᠢᠭ᠍ᠯᠠᠨ᠂ ᠰᠡᠳᠭᠢᠯ ᠲᠦᠪᠯᠡᠷᠡᠬᠦᠯᠦᠨ᠂ ᠪᠤᠳᠤᠵᠤ ᠲᠤᠩᠭᠠᠬᠤ ᠴᠢᠬᠤᠯᠠ ᠳᠠᠢ᠃ ᠰᠤᠷᠢᠯᠳᠠ ᠱᠢᠯᠭᠠᠯᠲᠠ ᠪᠤᠯᠭᠠᠨ᠎ᠳᠤ ᠵᠦᠪ ᠤᠪᠤᠷ᠎ᠢᠶᠠᠷ ᠬᠠᠨᠳᠤᠵᠤ᠂ ᠴᠢᠳᠠᠭ᠍ᠰᠠᠨ ᠦᠭᠡᠢ ᠵᠦᠢᠯ᠎ᠢᠶᠠᠨ ᠵᠠᠰᠠᠨ ᠵᠠᠯᠠᠷᠠᠭᠤᠯᠵᠤ ᠵᠢᠩᠬᠢᠨᠢ ᠡᠵᠡᠮᠰᠢᠬᠦ᠎ᠶ᠋ᠢ ᠬᠢᠴᠢᠶᠡᠵᠦ᠍᠂ ᠰᠠᠢᠨ ᠱᠢᠯᠭᠠᠭᠰᠠᠨ ᠴᠦ᠍ ᠬᠦᠭᠡᠷᠴᠦ᠍ ᠬᠦᠭ᠌ᠰᠡᠬᠦ᠌ ᠦᠭᠡᠢ ᠪᠠᠢᠪᠠᠯ ᠵᠤᠬᠢᠨ᠎ᠠ᠃
ᠤᠯᠤᠰ᠎ᠤᠨ ᠨᠢᠭᠡᠳᠦᠯᠳᠡᠢ ᠰᠢᠯᠭᠠᠯᠳᠠ ᠪᠤᠯᠳᠠᠯᠠᠬᠢ ᠦᠯᠡᠳᠡᠵᠦ᠍ ᠪᠠᠢᠭ᠎ᠠ ᠬᠠᠭᠠᠰᠬᠠᠨ ᠰᠠᠷ᠎ᠠ ᠭᠡᠭ᠌ᠴᠢ ᠠᠯᠲᠠ᠎ᠠᠴᠠ ᠴᠦ᠍ ᠦᠨᠡᠲᠡᠢ᠂ ᠡᠷᠳᠡᠨᠢ᠎ᠠᠴᠠ ᠴᠦ᠍ ᠡᠷᠬᠢᠮ ᠵᠠᠩᠭᠢᠯᠠᠭ᠎ᠠ ᠵᠢᠨ ᠴᠠᠭ ᠮᠦᠴᠡ ᠪᠢᠯᠡ᠃ ᠪᠢ ᠯᠠᠪ ᠴᠠᠭ᠎ᠢ ᠠᠮᠵᠢᠨ᠂ ᠡᠴᠦᠰ᠎ᠤᠨ ᠱᠢᠪᠲᠤᠯᠤᠯᠲᠠ ᠬᠢᠵᠦ᠍᠂ ᠰᠤᠷᠤᠯᠴᠠᠵᠤ ᠠᠮᠠᠷᠠᠬᠤ ᠴᠠᠭ᠎ᠢᠶᠠᠨ ᠲᠤᠬᠢᠷᠠᠭᠤᠯᠵᠤ᠂ ᠰᠡᠳᠭᠢᠯ ᠰᠠᠨᠠᠭ᠎ᠠ ᠪᠠᠨ ᠲᠤᠭ᠍ᠳᠠᠭᠤᠨ ᠪᠠᠢᠯᠭᠠᠨ᠎ᠠ᠃
ᠭᠤᠷᠪᠠᠨ ᠵᠢᠯ᠂ ᠮᠢᠩᠭᠠᠨ ᠡᠳᠦᠷ ᠬᠤᠨᠤᠭᠲᠤ᠌ ᠮᠠᠨ ᠤ᠋ ᠠᠩᠬᠢ ᠵᠢᠨ ᠬᠢᠨ ᠨᠢᠬᠡ ᠬᠢᠴᠢᠶᠡᠯ ᠤ᠋ᠨ ᠲᠠᠩᠬᠢᠮ ᠳ᠋ᠤ ᠬᠦᠰᠡᠯ ᠵᠤᠷᠢᠯᠲᠠ ᠨᠢᠭᠡ ᠲᠡᠢ ᠬᠦᠴᠦᠯᠡᠨ ᠴᠢᠷᠮᠠᠢᠵᠤ ᠢᠷᠡᠭᠰᠡᠨ ᠮᠠᠨᠢ ᠶᠠᠮᠠᠷ ᠰᠠᠢᠬᠠᠨ ᠬᠤᠪᠢ ᠢᠷᠦᠬᠡᠯ ᠪᠢᠯᠡ᠃ ᠬᠠᠮᠲᠤ᠎ᠪᠠᠷ ᠨᠠᠭᠠᠳᠴᠤ᠌᠂ ᠬᠠᠮᠲᠤᠳ᠋ᠠᠭᠠᠨ ᠰᠤᠷᠤᠯᠴᠠᠵᠤ᠂ ᠨᠢᠭᠡ ᠰᠠᠷᠠᠪᠴᠢᠨ ᠲᠤᠤᠷ᠎ᠠ ᠴᠢᠷᠮᠠᠢᠵᠤ ᠶᠠᠪᠤᠭ᠍ᠰᠠᠨ ᠮᠢᠨᠢ ᠦᠵᠦᠭ ᠪᠢᠷ᠎ᠢᠶᠡᠷ ᠡᠷᠢᠶᠡᠴᠢᠭᠡᠳ ᠲᠠᠭᠤᠰᠤᠰᠢ ᠦᠭᠡᠢ ᠮᠦᠩᠭᠡ᠎ᠶ᠋ᠢᠨ ᠲᠤᠷᠠᠳᠭᠠᠯ ᠪᠢᠯᠡ᠃ ᠨᠡᠩ ᠴᠢᠬᠤᠯᠠ᠎ᠨᠢ ᠬᠦᠨᠳᠦᠲᠦ ᠠᠩᠭᠢ᠎ᠶ᠋ᠢᠨ ᠡᠷᠬᠢᠯᠡᠭ᠌ᠴᠢ ᠪᠠᠭ᠍ᠰᠢ᠂ ᠬᠠᠢᠷᠠᠲᠤ ᠬᠢᠴᠢᠶᠡᠯ᠎ᠤᠨ ᠪᠠᠭ᠍ᠰᠢ ᠨᠠᠷ ᠮᠢᠨᠢ ᠦᠷᠯᠦᠭᠡ᠎ᠶ᠋ᠢᠨ ᠨᠠᠷᠠᠨ᠎ᠠᠴᠠ ᠡᠷᠲᠡᠯᠡᠨ ᠪᠤᠰᠴᠤ᠌᠂ ᠤᠶᠤᠨ ᠲᠠᠷᠢᠬᠢ᠎ᠪᠠᠨ ᠰᠢᠪᠬᠠᠵᠤ᠂ ᠮᠠᠨ᠎ᠤ ᠲᠦᠯᠦᠭᠡ ᠭᠤᠷᠪᠠᠨ ᠵᠢᠯ ᠬᠠᠲᠠᠭᠤᠵᠢᠯᠲᠠᠢ ᠲᠡᠮᠡᠴᠡᠵᠦ᠍ ᠢᠷᠡᠭ᠌ᠰᠡᠨ᠎ᠢ ᠪᠤᠳᠤᠬᠤᠯᠠᠷ ᠨᠢᠳᠦᠨ᠎ᠳᠤ ᠨᠢᠯᠪᠤᠰᠤ ᠬᠤᠷᠠᠭᠠᠳ ᠪᠠᠢᠬᠤ ᠨᠢ ᠡ ! ᠤᠴᠠᠷᠠᠬᠤ᠎ᠶ᠋ᠢᠨ ᠢᠷᠦᠬᠡᠯ᠎ᠳᠤ ᠰᠠᠯᠬᠤ᠎ᠶ᠋ᠢᠨ ᠶᠤᠰᠤ ᠪᠠᠢᠳᠠᠭ ᠡᠴᠡ ᠰᠡᠳᠭᠢᠯ ᠬᠡᠳᠦᠢᠴᠢᠨᠡᠬᠡᠨ ᠱᠢᠨᠠᠯᠵᠤ ᠪᠠᠢᠪᠠᠴᠤ᠌ ᠢᠷᠡᠭᠡᠳᠦᠢ᠎ᠶᠢᠨ ᠨᠡᠩ ᠰᠠᠢᠬᠠᠨ ᠠᠭᠤᠯᠵᠠᠯᠲᠠ᠎ᠶ᠋ᠢᠨ ᠲᠦᠯᠦᠭᠡ ᠪᠤᠳᠤᠯ ᠵᠤᠷᠢᠭ᠎ᠢᠶᠡᠨ ᠴᠢᠩᠭᠠᠯᠠᠨ᠎ᠠ ᠪᠢ᠃
ᠬᠦᠰᠡᠯ ᠪᠠᠢᠪᠠᠯ ᠬᠦᠷᠦᠨ᠎ᠡ᠂ ᠵᠤᠷᠢᠭ ᠪᠠᠢᠪᠠᠯ ᠪᠠᠶᠡᠯᠡᠭ᠌ᠳᠡᠨᠡ᠃ ᠭᠤᠷᠪᠠᠨ ᠵᠢᠯ᠎ᠤᠨ ᠰᠤᠷᠤᠯᠴᠠᠯᠭ᠎ᠠ ᠬᠤᠷᠠᠮᠳᠤᠭᠤᠯᠭ᠎ᠠ ᠰᠤᠷᠤᠭ᠍ᠴᠢ ᠪᠢᠳᠡᠨᠤ᠋ ᠭᠡᠭᠡᠨ ᠰᠠᠷᠠᠭᠤᠯ ᠢᠷᠡᠭᠡᠳᠦᠢ᠎ᠪᠠᠨ ᠪᠠᠷᠠᠯᠠᠬᠤ ᠠᠯᠲᠠᠨ ᠬᠢᠰᠭᠢᠬᠦᠷ ᠶᠤᠮ᠃ ᠬᠦᠮᠦᠨ᠎ᠤ ᠠᠮᠢᠳᠤᠷᠠᠯ᠎ᠤᠨ ᠵᠠᠮ᠎ᠳ᠋ᠠᠭᠠᠨ ᠢᠲᠡᠭᠡᠯ᠎ᠤᠨ ᠨᠠᠷᠠᠨ᠎ᠢᠶᠠᠨ ᠭᠡᠷᠡᠯᠳᠦᠬᠦᠯᠵᠦ᠍᠂ 2024 ᠤᠨ᠎ᠳᠤ ᠤᠯᠤᠰ᠎ᠤᠨ ᠱᠢᠯᠭᠠᠯᠲᠠ᠎ᠳᠤ ᠤᠷᠤᠯᠴᠠᠬᠤ ᠭᠡᠵᠦ᠍ ᠪᠠᠢᠭ᠎ᠠ ᠪᠦᠬᠦᠢᠯᠡ ᠨᠦᠬᠦᠳ ᠲᠡᠭᠡᠨ ᠱᠢᠯᠭᠠᠯᠲᠠ᠎ᠶ᠋ᠢᠨ ᠦᠨᠳᠦᠷ ᠠᠮᠵᠢᠯᠲᠠ ᠬᠦᠰᠡᠶ᠎ᠡ᠃