
ᠬᠡᠬᠡᠨᠵᠤᠯᠠ (ᠱᠢᠯᠢ᠎ᠶ᠋ᠢᠨ ᠭᠤᠤᠯ ᠠᠢᠮᠠᠭ᠎ᠤᠨ ᠮᠤᠩᠭᠤᠯ ᠦᠨᠳᠤᠰᠤᠲᠡᠨ᠎ᠤ ᠳᠤᠮᠲᠠᠲᠤ ᠰᠤᠷᠭᠠᠭᠤᠯᠢ᠎ᠶᠢᠨ ᠰᠤᠷᠤᠭᠴᠢ)
《ᠡᠳ᠋ ᠵᠢᠡᠷ ᠪᠡᠶ᠎ᠡ᠎ᠪᠠᠨ ᠴᠢᠮᠡᠬᠦ᠌ ᠪᠠᠷ ᠡᠷᠳᠡᠮ᠎ᠢᠶᠠᠷ ᠪᠡᠶ᠎ᠡ᠎ᠪᠠᠨ ᠴᠢᠮ᠎ᠡ》 ᠭᠡᠳᠡᠭ᠌ᠴᠢᠯᠡᠨ ᠠᠷᠠᠳ᠎ᠤᠨ ᠰᠤᠷᠭᠠᠭᠤᠯᠢ᠎ᠶ᠋ᠢᠨ ᠠᠯᠲᠠᠨ ᠪᠤᠱᠤᠭ᠎ᠠ᠎ᠶ᠋ᠢ ᠠᠩᠬ᠎ᠠ ᠠᠯᠬᠤᠭ᠍ᠰᠠᠨ᠎ᠠᠴᠠ ᠪᠠᠨ ᠡᠷᠪᠡᠢ ᠪᠡᠶ᠎ᠡ᠎ᠪᠠᠨ ᠡᠷᠳᠡᠮ᠎ᠢᠶᠠᠷ ᠴᠢᠮᠡᠵᠦ᠍᠂ ᠨᠤᠮᠪᠢᠴᠢᠭ ᠵᠢᠡᠷ ᠤᠬᠠᠭᠠᠨ᠎ᠢᠶᠠᠨ ᠳᠡᠯᠡᠵᠦ ᠶᠠᠪᠤᠬᠤ ᠵᠢ ᠬᠢᠴᠢᠶᠡᠭᠰᠡᠭᠡᠷ ᠢᠷᠡᠯ᠎ᠡ᠃ ᠠᠴᠢ᠎ᠳᠦ ᠪᠠᠭ᠍ᠰᠢ᠎ᠶ᠋ᠢᠨ᠎ᠢᠶᠠᠨ ᠬᠠᠢᠷ᠎ᠠ ᠬᠦᠮᠦᠵᠢᠯ᠂ ᠠᠪᠤ ᠡᠵᠢ᠎ᠶ᠋ᠢᠨ᠎ᠢᠶᠠᠨ ᠬᠠᠯᠠᠮᠵᠢ ᠳᠤᠳᠤᠮᠳᠠᠯᠭ᠎ᠠ ᠪᠡᠷ ᠪᠢ ᠬᠦᠮᠦᠨ᠎ᠤ ᠵᠡᠷᠭᠡ᠎ᠳᠤ ᠬᠦᠷᠴᠦ ᠬᠦᠮᠦᠨ᠎ᠤ ᠲᠡᠢᠳᠡᠢ ᠶᠠᠪᠤᠵᠦ᠍᠂ ᠦᠨᠦ ᠦᠨᠳᠦᠷ ᠭᠤᠷᠪᠠ ᠵᠢᠨ ᠰᠤᠷᠤᠯᠭ᠎ᠠ ᠠᠮᠢᠳᠤᠷᠠᠯ ᠤ᠋ᠨ ᠡᠴᠦᠰ᠎ᠤᠨ ᠴᠡᠭ ᠵᠢᠡᠨ ᠠᠮᠵᠢᠯᠳᠠ ᠲᠦᠬᠦᠷᠡᠩ ᠦᠳᠡᠬᠦ ᠪᠡᠷ ᠬᠢᠴᠢᠶᠡᠯ ᠰᠤᠷᠤᠯᠭ᠎ᠠ ᠳ᠋ᠠᠭᠠᠨ ᠰᠢᠮᠳᠠᠨ ᠶᠠᠭᠠᠷᠠᠭᠰᠠᠭᠠᠷ ᠪᠠᠢᠭ᠎ᠠ ᠶᠤᠮ᠃
《ᠬᠤᠨ ᠭᠠᠯᠠᠭᠤ ᠨᠢᠰᠤᠭᠡᠳ ᠬᠦᠷᠬᠦ᠌ ᠦᠭᠡᠢ ᠭᠠᠵᠠᠷ᠎ᠠᠴᠠ ᠬᠦᠮᠦᠨ᠎ᠤ ᠬᠦᠦ ᠡᠷᠳᠡᠮ ᠡᠪᠦᠷᠯᠡᠭᠡᠳ ᠬᠠᠷᠢᠳᠠᠭ》 ᠤ᠋ᠨ ᠤᠴᠢᠷ ᠬᠦᠰᠡᠵᠦ᠍ ᠰᠠᠨᠠᠭ᠍ᠰᠠᠨ ᠶᠡᠭᠡ ᠰᠤᠷᠭᠠᠭᠤᠯᠢ᠎ᠳ᠋ᠠᠭᠠᠨ ᠱᠢᠯᠭᠠᠨ ᠤᠷᠤᠬᠤ᠎ᠶ᠋ᠢᠨ ᠲᠤᠯᠠᠲᠠ ᠪᠢ ᠦᠪᠡᠷ᠎ᠤᠨ ᠠᠱᠢᠭ᠍ᠯᠠᠵᠤ ᠪᠤᠯᠬᠤ ᠴᠠᠭ᠎ᠢᠶᠠᠨ ᠨᠠᠨᠳᠢᠩᠨᠠᠨ᠂ ᠮᠡᠳᠡᠬᠦ᠌ ᠦᠭᠡᠢ ᠴᠢᠳᠠᠬᠤ ᠦᠭᠡᠢᠵᠦᠢᠯ ᠵᠢᠡᠨ ᠪᠠᠭ᠍ᠰᠢ᠎ᠠᠴᠠ ᠪᠠᠨ ᠵᠤᠷᠢᠭ᠍ᠲᠠᠢ ᠠᠰᠠᠭᠤᠨ᠂ ᠨᠠᠢᠵᠠ ᠨᠦᠬᠦᠳ᠎ᠲᠠᠢ᠎ᠪᠠᠨ ᠢᠯᠡᠭᠦᠦ ᠶᠠᠷᠢᠯᠴᠠᠨ᠂ ᠢᠯᠡᠭᠦᠬᠡᠨ ᠰᠡᠳᠦᠪ ᠬᠢᠵᠦ᠂ ᠱᠢᠨ᠎ᠡ ᠮᠠᠲ᠋ᠧᠷᠢᠶᠠᠯ᠂ ᠱᠢᠨ᠎ᠡ ᠰᠡᠳᠦᠪ᠎ᠢ ᠵᠤᠷᠢᠭ᠍ᠲᠠᠢ ᠤᠷᠤᠯᠳᠤᠵᠤ᠂ ᠪᠦᠬᠦ ᠬᠦᠴᠦ᠍ᠨ ᠵᠢᠡᠨ ᠲᠦᠪᠯᠡᠷᠡᠬᠦᠯᠦᠨ᠂ ᠤᠯᠠᠨ ᠠᠷᠭ᠎ᠠ᠎ᠪᠠᠷ ᠪᠡᠶ᠎ᠡ᠎ᠪᠠᠨ ᠴᠢᠩᠭ᠎ᠠ ᠱᠠᠭᠠᠷᠳᠠᠵᠤ ᠦᠪᠡᠷ ᠢ᠋ ᠪᠠᠨ ᠳᠡᠬᠦᠯᠳᠡᠷᠵᠢᠬᠦᠯᠬᠦ ᠪᠡᠷ ᠴᠢᠷᠮᠠᠢᠵᠤ ᠢᠷᠡᠭ᠌ᠰᠡᠨ ᠶᠤᠮ᠃
ᠤᠯᠤᠰ᠎ᠤᠨ ᠨᠢᠬᠡᠳᠦᠯᠳᠡᠢ ᠰᠢᠯᠭᠠᠯᠳᠠ ᠨᠢᠳᠦᠨ ᠡᠮᠦᠨ᠎ᠡ ᠬᠦᠷᠦᠬᠡᠳ ᠢᠷᠡᠴᠢᠬᠡᠯ᠎ᠡ᠃ 《ᠶᠠᠭᠠᠷᠠᠪᠠᠯ ᠰᠠᠭᠠᠷᠠᠨ᠎ᠠ》 ᠬᠡᠳᠡᠭ ᠪᠤᠯᠬᠤᠷ ᠰᠢᠯᠭᠠᠯᠳᠠ ᠤᠢᠷᠠᠳᠤᠭᠰᠠᠨ ᠴᠤ᠌ ᠳᠡᠬᠡᠵᠦ ᠶᠡᠬᠡ ᠪᠠᠴᠢᠮᠳᠠᠵᠤ ᠰᠠᠨᠳᠤᠷᠴᠤ ᠪᠠᠢᠭ᠎ᠠ ᠦᠬᠡᠢ᠃ ᠰᠠᠨᠠᠭ᠎ᠠ ᠰᠡᠳᠬᠢᠯ ᠵᠢᠡᠨ ᠳᠠᠢᠪᠤᠩ ᠪᠠᠢᠯᠭᠠᠵᠤ᠂ ᠦᠯᠡᠳᠡᠵᠦ ᠪᠠᠢᠭ᠎ᠠ ᠴᠠᠭ ᠲᠤ᠌ ᠪᠠᠭᠰᠢ ᠨᠠᠷ᠎ᠤᠨ ᠵᠢᠡᠨ ᠵᠢᠯᠤᠭᠤᠳᠤᠯᠭ᠎ᠠ ᠪᠡᠷ ᠴᠠᠭ ᠢ᠋ ᠠᠮᠵᠢᠨ ᠬᠢᠭᠰᠡᠨ ᠰᠡᠳᠦᠪ ᠵᠢᠡᠨ ᠡᠷᠬᠢᠴᠡᠬᠦᠯᠵᠦ᠂ ᠦᠨᠳᠦᠰᠦᠨ ᠮᠡᠳᠡᠯᠬᠡ ᠪᠠᠨ ᠳᠠᠬᠢᠨᠳᠠ ᠪᠠᠳᠤᠳᠬᠠᠬᠤ ᠵᠢᠨ ᠳᠡᠬᠡᠷ᠎ᠡ ᠬᠦᠴᠦ ᠤᠷᠤᠭᠤᠯᠵᠤ᠂ ᠤᠨᠳᠠᠵᠤ ᠠᠮᠠᠷᠠᠬᠤ ᠴᠠᠭ ᠵᠢᠡᠨ ᠵᠤᠬᠢᠴᠠᠭᠤᠯᠵᠤ᠂ ᠤᠬᠤᠷᠬᠠᠨ ᠴᠠᠭ ᠵᠢᠡᠨ ᠦᠨᠳᠦᠷ ᠪᠦᠳᠦᠮᠵᠢᠳᠡᠢ ᠠᠰᠢᠭᠯᠠᠶ᠎ᠠ ᠬᠡᠵᠦ ᠪᠤᠳᠤᠵᠤ ᠪᠠᠢᠨ᠎ᠠ᠃ ᠦᠨᠳᠤᠷ ᠭᠤᠷᠪᠠ᠎ᠶ᠋ᠢᠨ ᠰᠤᠷᠤᠯᠭ᠎ᠠ ᠵᠢᠨ ᠠᠮᠢᠳᠤᠷᠠᠯ ᠶᠠᠭᠠᠷᠠᠯᠳᠠᠢ ᠬᠠᠳᠠᠭᠤᠵᠢᠯᠳᠠᠢ ᠪᠤᠯᠪᠠᠴᠤ ᠴᠠᠭ ᠮᠦᠴᠡ ᠪᠤᠯᠭᠠᠨ ᠢ᠋ ᠦᠨ᠎ᠡ ᠦᠷᠳᠡᠭ ᠳᠠᠢ ᠦᠨᠳᠦᠷ ᠠᠰᠢᠭᠯᠠᠮᠵᠢ ᠳᠠᠢ ᠦᠩᠬᠡᠷᠡᠬᠡᠳᠡᠭ ᠡᠴᠡ ᠪᠢᠳᠡ ᠴᠢᠨᠢ ᠦᠨᠡᠬᠡᠷ ᠡᠳᠦᠷ ᠪᠤᠯᠭᠠᠨ ᠵᠢᠡᠨ ᠤᠳᠬ᠎ᠠ ᠠᠭᠤᠯᠭ᠎ᠠ ᠳᠠᠢ ᠦᠩᠬᠡᠷᠡᠵᠦ ᠪᠠᠢᠳᠠᠭ ᠵᠢᠡᠷ ᠵᠢᠡᠨ ᠪᠠᠰᠠ ᠨᠦᠬᠦᠬᠡ ᠳᠠᠯ᠎ᠠ ᠪᠡᠷ ᠶᠡᠬᠡ ᠠᠵᠠ ᠵᠢᠷᠭᠠᠯ ᠳᠠᠢ ᠰᠠᠨᠠᠭᠳᠠᠨ᠎ᠠ᠃
ᠦᠨᠳᠦᠷ ᠭᠤᠷᠪᠠ᠎ᠳᠤ ᠳᠠᠪᠱᠢᠨ ᠤᠷᠤᠭ᠍ᠰᠠᠨ ᠤ᠋ ᠬᠤᠢᠨ᠎ᠠ᠂ ᠬᠢᠴᠢᠶᠡᠯ ᠰᠤᠷᠤᠯᠭ᠎ᠠ᠎ᠶ᠋ᠢᠨ ᠳᠠᠷᠤᠭᠠᠰᠦ ᠢᠯᠡᠳᠲᠡ ᠨᠡᠮᠡᠭ᠌ᠳᠡᠨ᠂ ᠰᠡᠳᠦᠪ ᠱᠢᠯᠭᠠᠯᠲᠠ ᠬᠢᠬᠦ᠌ ᠨᠢ ᠤᠯᠠᠰᠢᠷᠠᠵᠤ᠂ ᠪᠢᠳᠡᠨ ᠤ᠋ ᠦᠪᠡᠷ᠎ᠤ᠋ᠨ ᠪᠡᠶ᠎ᠡ᠎ᠪᠠᠨ ᠳᠠᠭᠠᠭᠠᠬᠤ ᠴᠢᠳᠠᠪᠤᠷᠢ ᠵᠢ ᠰᠢᠯᠭᠠᠨ᠂ ᠬᠦᠮᠦᠨ ᠪᠤᠯᠭᠠᠨ ᠪᠡᠶ᠎ᠡ᠎ᠪᠠᠨ ᠱᠠᠭᠠᠷᠳᠠᠬᠤ ᠪᠤᠯᠵᠤ ᠨᠠᠢᠵᠠ ᠨᠦᠬᠦᠳ᠎ᠤᠨ ᠬᠤᠭᠤᠷᠤᠨᠳᠤᠬᠢ ᠦᠷᠢᠰᠦᠯᠳᠦᠬᠡᠨ ᠴᠤ᠌ ᠴᠢᠩᠭᠠᠷᠠᠵᠤ ᠢᠷᠡᠭᠰᠡᠨ ᠶᠤᠮ᠃ ᠡᠳᠤᠷᠪᠤᠯᠭᠠᠨ ᠡᠷᠳᠡᠯᠡᠵᠦ ᠤᠷᠤᠢᠯᠠᠨ᠂ ᠦᠷᠯᠦᠭᠡ᠎ᠶ᠋ᠢᠨ ᠳᠠᠪᠲᠠᠯᠭ᠎ᠠ᠎ᠠᠴᠠ ᠤᠷᠤᠢ᠎ᠶ᠋ᠢᠨ ᠳᠠᠪᠲᠠᠯᠭ᠎ᠠ ᠪᠠᠭᠤᠲᠠᠯ᠎ᠠ ᠶᠡᠭᠡᠩᠬᠢ ᠬᠡᠰᠡᠭ ᠴᠠᠭ ᠵᠢᠡᠷ ᠪᠦᠷ ᠠᠩᠭᠢᠳ᠋ᠠᠭᠠᠨ ᠰᠠᠭᠤᠨ ᠨᠤᠮ ᠪᠢᠴᠢᠭ ᠵᠢᠡᠨ ᠳᠠᠪᠳᠠᠵᠤ᠂ ᠦᠳᠡ᠎ᠵᠢᠨ ᠬᠤᠭᠤᠯᠠᠨ ᠤ᠋ ᠳᠠᠷᠠᠭ᠎ᠠ ᠴᠤ᠌ ᠠᠩᠬᠢ ᠳ᠋ᠠᠭᠠᠨ ᠢᠷᠡᠵᠦ ᠵᠢᠭᠠᠬᠠᠨ ᠴᠤ᠌ ᠬᠡᠰᠡᠨ ᠨᠤᠮ ᠪᠢᠴᠢᠭ ᠵᠢᠡᠨ ᠦᠵᠡᠳᠡᠭ᠃ ᠤᠷᠤᠢ᠎ᠶ᠋ᠢᠨ ᠳᠠᠪᠲᠠᠯᠭ᠎ᠠ᠎ᠠᠴᠠ ᠡᠮᠦᠨ᠎ᠡ ᠪᠠᠰᠠ ᠰᠦᠯᠵᠢᠶᠡᠨ ᠬᠢᠴᠢᠶᠡᠯ ᠤᠷᠤᠵᠤ ᠵᠠᠷᠢᠮ ᠤᠢᠯᠠᠭᠠᠵᠤ ᠡᠵᠡᠮᠰᠢᠬᠡ ᠦᠬᠡᠢ ᠠᠭᠤᠯᠭ᠎ᠠ ᠪᠠᠨ ᠨᠦᠬᠦᠪᠦᠷᠢᠯᠡᠳᠡᠭ᠃ ᠦᠨᠳᠦᠷ ᠭᠤᠷᠪᠠ ᠪᠤᠯᠤᠭᠰᠠᠨ ᠡᠴᠡ ᠠᠩᠬᠢ ᠵᠢᠨ ᠨᠦᠬᠦᠳ ᠨᠠᠷ᠎ᠤᠨ ᠬᠤᠭᠤᠷᠤᠨᠳᠤᠬᠢ ᠶᠠᠷᠢᠶ᠎ᠠ ᠬᠦᠬᠡᠷᠦᠬᠡ ᠪᠠᠭᠠᠰᠴᠤ ᠂ ᠬᠠᠮᠳᠤ ᠨᠠᠢᠵᠨ ᠨᠦᠬᠦᠳ ᠨᠠᠷ ᠮᠠᠨᠢ ᠪᠦᠷ ᠯᠡ ᠦᠪᠡᠷ᠎ᠤᠨ ᠬᠦᠰᠡᠵᠦ ᠰᠠᠨᠠᠭᠰᠠᠨ ᠰᠤᠷᠭᠠᠭᠤᠯᠢ ᠳ᠋ᠠᠭᠠᠨ ᠤᠷᠤᠬᠤ ᠪᠡᠷ ᠴᠢᠨᠡᠬᠡ ᠮᠡᠳᠡᠨ ᠳᠠᠪᠳᠠᠵᠤ᠂ ᠠᠩᠬᠢ ᠵᠢᠨ ᠰᠤᠷᠤᠯᠴᠠᠯᠭ᠎ᠠ ᠵᠢᠨ ᠠᠭᠤᠷ ᠠᠮᠢᠰᠬᠤᠯ ᠦᠨᠡᠬᠡᠷ ᠰᠠᠢᠨ᠃
ᠰᠢᠯᠭᠠᠯᠳᠠ ᠤᠢᠷᠠᠳᠤᠯᠠ᠃ ᠠᠷᠤ ᠬᠡᠷ᠎ᠤᠨ ᠠᠪᠤ ᠡᠵᠢ ᠮᠠᠨᠢ ᠳᠠᠩᠳᠠ ᠤᠳᠠᠰᠤ ᠢᠷᠡᠬᠦᠯᠵᠦ᠂ ᠰᠤᠷᠤᠯᠭ᠎ᠠ ᠠᠮᠢᠳᠤᠷᠠᠯ ᠢ᠋ ᠮᠢᠨᠢ ᠬᠠᠯᠠᠮᠵᠢᠯᠠᠵᠤ᠂ ᠳᠠᠩᠳᠠ ᠵᠤᠷᠢᠭᠵᠢᠭᠤᠯᠵᠤ ᠳᠡᠮᠵᠢᠨ᠎ᠡ᠃ ᠠᠩᠬᠢ ᠵᠢᠨ ᠡᠷᠬᠢᠯᠡᠭᠴᠢ ᠪᠠᠭᠰᠢ ᠮᠠᠨᠢ ᠪᠢᠳᠡᠨ ᠢ᠋ ᠡᠯ᠎ᠠ ᠳᠠᠯ᠎ᠠ ᠪᠡᠷ ᠬᠠᠯᠠᠮᠵᠢᠯᠠᠵᠤ᠂ ᠬᠢᠴᠢᠶᠡᠯ ᠲᠦᠷᠦᠯ᠎ᠤᠨ ᠪᠠᠭᠰᠢ ᠨᠠᠷ ᠴᠤ᠌ ᠡᠯ᠎ᠠ ᠭᠠᠵᠠᠷ᠎ᠤᠨ ᠰᠡᠳᠦᠪ ᠢ᠋ ᠬᠢᠯᠬᠡᠬᠦ ᠪᠡᠷ ᠳᠠᠮᠵᠢᠨ᠂ ᠪᠢᠳᠡᠨ᠎ᠤ ᠡᠵᠡᠮᠰᠢᠵᠦ ᠪᠠᠳᠤᠳᠬᠠᠵᠤ ᠠᠮᠵᠢᠭ᠎ᠠ ᠦᠬᠡᠢ ᠵᠦᠢᠯ ᠢ᠋ ᠳᠠᠬᠢᠨ ᠳᠠᠪᠳᠠᠨ ᠰᠠᠨᠠᠭᠤᠯᠵᠤ᠂ ᠦᠷᠯᠦᠬᠡ ᠦᠳᠡᠰᠢ ᠦᠭᠡᠢ ᠬᠠᠮᠳᠤ ᠪᠡᠷ ᠳᠡᠮᠡᠴᠡᠨ ᠬᠦᠮᠦᠨ ᠪᠤᠯᠭᠠᠨ ᠢ᠋ ᠬᠠᠮᠤᠭ᠎ᠤᠨ ᠰᠠᠢᠨ ᠬᠢᠷᠢ ᠪᠦᠳᠦᠮᠵᠢ ᠤᠯᠤᠭᠤᠯᠬᠤ ᠵᠢᠨ ᠲᠦᠯᠦᠬᠡ ᠰᠡᠳᠬᠢᠯ ᠴᠢᠯᠡᠬᠡᠨ ᠠᠵᠢᠯᠯᠠᠨ᠎ᠠ᠂ ᠡᠨᠡ ᠨᠢ ᠨᠡᠩ ᠴᠸ᠋ ᠪᠢᠳᠡᠨ᠎ᠤ ᠰᠡᠳᠬᠢᠯ᠎ᠤᠨ ᠲᠦᠰᠢᠭ ᠪᠠᠢᠭ᠎ᠠ ᠶᠤᠮ᠃ ᠨᠠᠮᠠᠢ᠍ᠢ ᠰᠠᠨᠠᠳᠠᠭ᠂ ᠵᠤᠷᠢᠭᠵᠢᠭᠤᠯᠳᠠᠭ ᠲᠠ ᠪᠦᠬᠦᠨ ᠳ᠋ᠡᠭᠡᠨ ᠬᠠᠮᠤᠭ᠎ᠤᠨ ᠰᠠᠢᠬᠠᠨ ᠠᠴᠢ ᠬᠠᠷᠢᠭᠤᠯᠳᠠ ᠬᠦᠷᠭᠡᠵᠦ ᠴᠢᠳᠠᠨ᠎ᠠ ᠭᠡᠳᠡᠭ ᠲᠡᠭᠡᠨ ᠪᠢ ᠪᠠᠳᠤ ᠢᠳᠡᠭᠡᠯ ᠲᠡᠢ ᠪᠠᠢᠨ᠎ᠠ᠃