
ᠤᠶᠠᠩᠭ᠎ᠠ (ᠴᠢᠪᠠᠭ᠎ᠠ ᠵᠢᠨ ᠬᠤᠶᠠᠳᠤᠭᠠᠷ ᠳᠤᠮᠳᠠᠳᠤ ᠰᠤᠷᠭᠠᠭᠤᠯᠢ ᠵᠢᠨ ᠰᠤᠷᠤᠭᠴᠢ)
ᠦᠨᠳᠦᠷ ᠳᠤᠮᠳᠠᠳᠤ᠎ᠶ᠋ᠢᠨ ᠭᠤᠷᠪᠠᠨ ᠵᠢᠯ ᠬᠠᠷᠪᠤᠭ᠍ᠰᠠᠨ ᠰᠤᠮᠤ ᠱᠢᠭ᠋ ᠬᠤᠷᠳᠤᠨ ᠥᠩᠭᠡᠷᠡᠴᠢᠬᠡᠯ᠎ᠡ᠃ ᠬᠦᠮᠦᠨ ᠬᠠᠷᠠᠯᠲᠠ ᠬᠡᠳᠦᠢ ᠶᠡᠬᠡ ᠪᠤᠯ ᠲᠡᠳᠦᠢ ᠬᠤᠯᠠ ᠠᠶᠠᠯᠠᠳᠠᠭ᠎ᠤᠨ ᠤᠴᠢᠷ ᠪᠢ ᠥᠪᠡᠷ᠎ᠤᠨ ᠬᠦᠰᠡᠵᠦ᠍ ᠰᠠᠨᠠᠭ᠍ᠰᠠᠨ ᠶᠡᠭᠡ ᠰᠤᠷᠭᠠᠭᠤᠯᠢ ᠳ᠋ᠠᠭᠠᠨ ᠤᠷᠤᠬᠤ ᠭᠡᠵᠦ᠍ ᠡᠨᠡ ᠭᠤᠷᠪᠠᠨ ᠵᠢᠯ ᠳ᠋ᠤ ᠴᠥᠬᠦᠷᠡᠰᠢ ᠦᠭᠡᠢ ᠴᠢᠷᠮᠠᠢᠭᠰᠠᠭᠠᠷ ᠢᠷᠡᠭ᠌ᠰᠡᠨ ᠶᠤᠮ᠃ ᠥᠩᠭᠡᠷᠡᠭ᠌ᠰᠡᠨ ᠭᠤᠷᠪᠠᠨ ᠵᠢᠯ᠎ᠢᠶᠠᠨ ᠡᠷᠬᠢᠴᠡᠬᠦᠯᠬᠦ ᠳ᠋ᠤ ᠲᠡᠳᠡᠭᠡᠷ ᠰᠡᠷᠢᠬᠦᠯᠬᠡᠳᠦ ᠴᠠᠭ ᠵᠢᠡᠷ ᠡᠷᠲᠡᠯᠡᠨ ᠪᠤᠰᠳᠠᠭ ᠦᠷ᠎ᠤᠨ ᠬᠡᠬᠡ᠂ ᠬᠦᠢᠲᠡᠨ ᠤᠰᠤ᠎ᠪᠠᠷ ᠨᠢᠭᠤᠷ᠎ᠢᠶᠠᠨ ᠤᠬᠢᠶᠠᠨ ᠨᠣᠢᠷ᠎ᠢᠶᠠᠨ ᠰᠡᠷᠭᠦᠭᠡᠨ ᠳᠠᠪᠲᠠᠳᠠᠭ ᠰᠦᠨᠢ᠎ᠶ᠋ᠢᠨ ᠨᠠᠮᠵᠢᠭᠤᠨ᠂ ᠴᠢᠳᠠᠬᠤ ᠦᠭᠡᠢ ᠮᠡᠳᠡᠬᠦ᠌ ᠦᠭᠡᠢ ᠪᠠᠨ ᠠᠰᠠᠭᠤᠬᠤ᠎ᠪᠠᠷ ᠬᠦᠷᠳᠡᠭ ᠪᠠᠭ᠍ᠰᠢ᠎ᠶ᠋ᠢᠨ ᠠᠯᠪᠠᠨ ᠭᠡᠷ ᠵᠢᠴᠢ ᠬᠠᠮᠲᠤ ᠨᠦᠬᠦᠳ᠎ᠲᠠᠢ ᠪᠠᠨ ᠰᠡᠳᠦᠪ ᠶᠠᠷᠢᠯᠴᠠᠨ ᠬᠠᠷᠢᠯᠴᠠᠨ ᠠᠰᠠᠭᠤᠳᠠᠭ ᠠᠩᠭᠢ᠎ᠶ᠋ᠢᠨ ᠥᠨᠴᠥᠭ ᠪᠣᠯᠤᠩ ᠁ ᠡᠨᠡ ᠪᠦᠬᠦᠨ ᠨᠢᠳᠦᠨ᠎ᠳᠤ ᠢᠯᠡᠬᠡᠨ᠃ ᠡᠳᠡᠭᠡᠷ ᠴᠠᠭ ᠮᠥᠴᠡ ᠪᠦᠷᠢ ᠪᠢ ᠭᠡᠭᠡᠨ ᠰᠠᠷᠠᠭᠤᠯ ᠢᠷᠡᠭᠡᠳᠦᠢ᠎ᠶ᠋ᠢᠨ᠎ᠢᠶᠠᠨ ᠲᠥᠯᠥᠭᠡ ᠴᠢᠷᠮᠠᠢᠵᠤ ᠢᠷᠡᠭᠰᠡᠨ ᠤᠴᠢᠷ᠎ᠠᠴᠠ ᠵᠦᠳᠡᠷᠡᠯᠳᠡᠢ ᠴᠤ᠌ ᠭᠡᠰᠡᠨ ᠵᠢᠷᠭᠠᠯ᠎ᠲᠠᠢ ᠰᠠᠨᠠᠭ᠍ᠳᠠᠨ᠎ᠠ᠃
《ᠰᠠᠨᠠᠵᠤ ᠶᠠᠪᠤᠪᠠᠯ ᠪᠦᠲᠦᠨ᠎ᠡ᠂ ᠰᠠᠵᠢᠯᠠᠵᠤ ᠶᠠᠪᠤᠪᠠᠯ ᠬᠦᠷᠦᠨ᠎ᠡ》 ᠭᠡᠳᠡᠭ᠌ᠴᠢᠯᠡᠨ ᠪᠢᠳᠡᠨ᠎ᠳᠤ ᠬᠠᠮᠤᠭ ᠡᠴᠦᠰ᠎ᠤᠨ ᠱᠢᠪᠲᠤᠯᠤᠯᠲᠠ᠎ᠶ᠋ᠢᠨ ᠬᠠᠭᠠᠰᠬᠠᠨ ᠰᠠᠷ᠎ᠠ᠎ᠶᠢᠨ ᠵᠠᠢ ᠦᠯᠡᠳᠡᠵᠦ᠍ ᠪᠠᠢᠭ᠎ᠠ ᠪᠣᠯᠬᠤᠷ ᠪᠢᠳᠡ ᠡᠷᠬᠡᠪᠰᠢ ᠳᠡᠭᠡᠳᠦ ᠬᠡᠮᠵᠢᠶ᠎ᠡ᠎ᠪᠠᠷ ᠰᠡᠳᠭᠢᠯ᠎ᠢᠶᠠᠨ ᠲᠦᠪᠯᠡᠷᠡᠬᠦᠯᠵᠦ᠂ ᠡᠳᠡᠭᠡᠷ ᠡᠳᠦᠷ ᠬᠤᠨᠤᠭ᠎ᠲᠤ ᠬᠢᠴᠢᠶᠡᠯ᠎ᠤᠨ ᠳᠡᠪᠲᠡᠷ᠎ᠤ᠋ᠨ ᠠᠭᠤᠯᠭ᠎ᠠ ᠳ᠋ᠠᠭᠠᠨ ᠪᠤᠴᠠᠬᠤ ᠬᠡᠷᠡᠭ᠌ᠲᠡᠢ ᠭᠡᠵᠦ᠍ ᠪᠣᠳᠣᠵᠤ ᠪᠠᠢᠨ᠎ᠠ᠃ ᠬᠢᠴᠢᠶᠡᠯ᠎ᠤᠨ ᠳᠡᠪᠲᠡᠷ᠎ᠤᠨ ᠦᠨᠳᠦᠰᠦᠨ ᠮᠡᠳᠡᠯᠭᠡ᠎ᠪᠠᠨ ᠪᠠᠳᠤᠳᠬᠠᠵᠤ᠂ ᠮᠡᠳᠡᠯᠬᠡ ᠵᠢᠨ ᠴᠡᠭ ᠵᠢᠡᠨ ᠰᠠᠢᠳᠤᠷ ᠬᠤᠯᠪᠤᠵᠤ ᠴᠢᠳᠠᠭ᠍ᠰᠠᠨ᠎ᠤ ᠰᠠᠭᠤᠷᠢᠨ ᠳᠡᠭᠡᠷ᠎ᠡ ᠪᠢᠳᠡ ᠰᠠᠶᠢ ᠤᠯᠤᠰ᠎ᠤᠨ ᠱᠢᠯᠭᠠᠯᠲᠠ᠎ᠶ᠋ᠢᠨ ᠶᠡᠷᠦᠩᠬᠡᠢᠯᠡᠭ᠌ᠰᠡᠨ ᠴᠢᠳᠠᠪᠤᠷᠢ᠎ᠶ᠋ᠢᠨ ᠪᠠᠢᠴᠠᠭᠠᠯᠲᠠ᠎ᠳᠤ ᠰᠤᠷᠤᠭ᠍ᠰᠠᠨ ᠮᠡᠳᠡᠯᠭᠡ᠎ᠪᠠᠨ ᠠᠮᠢᠳᠤᠯᠢᠭ᠎ᠢᠶᠠᠷ ᠬᠡᠷᠡᠭ᠌ᠯᠡᠵᠦ᠍ ᠴᠢᠳᠠᠨ᠎ᠠ᠃ ᠡᠭᠦᠨ᠎ᠤ ᠬᠠᠮᠲᠤ ᠰᠡᠳᠦᠪ᠎ᠤᠨ ᠬᠡᠯᠪᠡᠷᠢ ᠲᠤᠢᠯ᠎ᠤᠨ ᠴᠢᠬᠤᠯᠠ ᠭᠡᠳᠡᠭ᠎ᠢ ᠣᠢᠯᠠᠭᠠᠬᠤ ᠬᠡᠷᠡᠭ᠌ᠲᠡᠢ᠃ ᠤᠯᠤᠰ᠎ᠤᠨ ᠱᠢᠯᠭᠠᠯᠲᠠ᠎ᠶ᠋ᠢᠨ ᠬᠢᠵᠠᠭᠠᠷ᠎ᠲᠠᠢ ᠴᠠᠭ᠎ᠲᠤ ᠥᠪᠡᠷ᠎ᠤᠨ ᠪᠤᠢ ᠪᠦᠬᠦᠢ ᠬᠤᠷᠠᠮᠳᠤᠭᠤᠯᠤᠭᠰᠠᠨ ᠮᠡᠳᠡᠯᠭᠡ᠎ᠪᠠᠨ ᠤᠶᠠᠯᠳᠤᠭᠤᠯᠤᠨ ᠬᠡᠷᠡᠭ᠌ᠯᠡᠬᠦ᠌ ᠤᠴᠢᠷ᠎ᠠᠴᠠ ᠪᠢᠳᠡ ᠵᠠᠪᠠᠯ ᠠᠯᠢ ᠰᠡᠳᠦᠪ᠎ᠢ ᠶᠠᠭᠠᠬᠢᠵᠤ ᠰᠡᠳᠭᠢᠵᠦ᠍ ᠬᠡᠷᠬᠢᠨ ᠬᠠᠷᠢᠭᠤᠯᠪᠠᠯ ᠵᠣᠬᠢᠬᠤ ᠭᠡᠳᠡᠭ᠎ᠢ ᠮᠡᠳᠡᠬᠦ᠌ ᠬᠡᠷᠡᠭ᠌ᠲᠡᠢ᠂ ᠭᠦᠢᠴᠡᠳ ᠪᠣᠯᠪᠠᠰᠤᠷᠠᠩᠭᠤᠢ ᠪᠣᠯᠤᠭ᠍ᠰᠠᠨ ᠬᠦᠮᠦᠨ ᠰᠠᠶᠢ ᠦᠪᠡᠷ᠎ᠤᠨ ᠣᠯᠵᠤ ᠳᠡᠢᠯᠬᠦ᠌ ᠬᠤᠪᠢ᠎ᠪᠠᠨ ᠣᠰᠤᠯᠳᠤᠯ ᠦᠭᠡᠢ ᠣᠯᠵᠤ ᠴᠢᠳᠠᠨ᠎ᠠ᠂ ᠡᠢᠮᠦ᠍᠎ᠠᠴᠠ ᠪᠢᠳᠡ ᠡᠨᠡ ᠬᠠᠭᠠᠰ ᠰᠠᠷ᠎ᠠ ᠳ᠋ᠤ ᠮᠦᠨ ᠴᠤ᠌ ᠬᠢᠵᠦ᠍ ᠥᠩᠭᠡᠷᠡᠭ᠌ᠰᠡᠨ ᠰᠡᠳᠦᠪ᠎ᠤᠳ᠎ᠢᠶᠠᠨ ᠳᠠᠬᠢᠨ ᠤᠷᠪᠠᠭᠤᠯᠵᠤ ᠪᠠᠳᠤᠳᠬᠠᠵᠤ ᠦᠵᠡᠪᠡᠯ ᠵᠤᠬᠢᠨ᠎ᠠ᠃
ᠤᠯᠤᠰ᠎ᠤᠨ ᠱᠢᠯᠭᠠᠯᠲᠠ ᠡᠳᠦᠷ ᠡᠴᠡ ᠡᠳᠦᠷ ᠣᠢᠷᠠᠲᠤᠭᠠᠳ ᠢᠷᠡᠭᠰᠡᠨ ᠴᠸ᠋ ᠪᠢᠳᠡ ᠬᠡᠲᠦᠷᠬᠡᠢ ᠶᠠᠭᠠᠷᠠᠵᠤ ᠪᠠᠯᠠᠭ ᠠᠯᠳᠠᠨ ᠰᠠᠨᠳᠤᠷᠴᠤ ᠶᠠᠭᠤ ᠶᠠᠭᠤᠨᠳ᠋ᠠᠭᠠᠨ ᠵᠠᠪᠳᠤᠬᠤ ᠦᠭᠡᠢ ᠪᠠᠢᠵᠤ ᠪᠣᠯᠬᠤ ᠦᠭᠡᠢ᠂ ᠡᠨᠡ ᠬᠡᠰᠡᠭ ᠬᠤᠭᠤᠴᠠᠭᠠᠨ᠎ᠳᠤ ᠪᠢᠳᠡ ᠵᠠᠪᠠᠯ ᠰᠤᠷᠤᠯᠴᠠᠵᠤ ᠠᠮᠠᠷᠠᠬᠤ᠎ᠪᠠᠨ ᠵᠤᠬᠢᠰᠲᠠᠢ ᠲᠤᠬᠢᠷᠠᠭᠤᠯᠬᠤ ᠬᠡᠷᠡᠭ᠌ᠲᠡᠢ᠃ ᠨᠠᠳᠠ᠎ᠪᠠᠷ ᠠᠪᠴᠤ᠌ ᠬᠡᠯᠡᠪᠡᠯ ᠥᠷᠯᠦᠭᠡ ᠳ᠋ᠡᠬᠡᠨ ᠡᠷᠲᠡ ᠪᠣᠰᠪᠠᠯ ᠤᠷᠤᠢᠳ᠋ᠠᠭᠠᠨ ᠲᠡᠳᠦᠢ ᠤᠷᠤᠢ ᠪᠣᠯᠳᠠᠭ ᠦᠭᠡᠢ᠂ ᠪᠠᠰᠠ ᠤᠷᠤᠢᠳ᠋ᠠᠭᠠᠨ ᠤᠷᠤᠢᠬᠠᠨ ᠪᠤᠯᠳᠠᠯ᠎ᠠ ᠳᠠᠪᠲᠠᠴᠢᠬᠠᠭ᠍ᠰᠠᠨ ᠶᠤᠮ ᠪᠣᠯ ᠬᠤᠶᠠᠳᠡᠬᠢ ᠥᠷᠯᠥᠭᠡᠳ᠋ᠡᠬᠡᠨ ᠶᠡᠬᠡ ᠡᠷᠲᠡ ᠪᠣᠰᠳᠠᠭ ᠦᠭᠡᠢ᠂ ᠪᠢᠳᠡ ᠬᠦᠢᠴᠡᠳ ᠠᠮᠠᠷᠠᠪᠠᠯ ᠰᠠᠶᠢ ᠳᠠᠷᠢᠬᠢ ᠳᠤᠯᠤᠭᠠᠢ ᠰᠡᠷᠬᠡᠭ ᠪᠠᠢᠵᠤ ᠡᠳᠦᠷ᠎ᠤᠨ ᠬᠢᠴᠢᠶᠡᠯ ᠳᠠᠪᠲᠠᠯᠭ᠎ᠠ᠎ᠶ᠋ᠢᠨ᠎ᠢᠶᠡᠨ ᠴᠢᠨᠠᠷ᠎ᠢ ᠪᠠᠲᠤᠯᠠᠵᠤ ᠴᠢᠳᠠᠨ᠎ᠠ᠃ ᠲᠠᠮᠢᠷ᠎ᠤᠨ ᠬᠦᠳᠡᠯᠭᠡᠭᠡᠨ᠎ᠳᠤ ᠤᠷᠤᠯᠴᠠᠬᠤ᠎ᠨᠢ ᠪᠠᠰᠠ ᠲᠤᠢᠯ᠎ᠤᠨ ᠴᠢᠬᠤᠯᠠ᠂ ᠨᠢᠭᠡ ᠴᠤ᠌ ᠭᠡᠰᠡᠨ ᠬᠥᠯᠥᠷᠡᠲᠡᠯ᠎ᠡ᠎ᠪᠠᠨ ᠨᠠᠭᠠᠳᠴᠢᠬᠠᠪᠠᠯ ᠪᠡᠶ᠎ᠡ ᠮᠠᠬᠠᠪᠤᠳ ᠴᠢᠩᠭᠠᠷᠠᠬᠤ᠎ᠪᠠᠷ ᠪᠠᠷᠠᠬᠤ ᠦᠭᠡᠢ᠂ ᠴᠡᠭᠡᠵᠢ ᠤᠩᠭᠤᠢᠨ ᠰᠡᠳᠭᠢᠯ ᠰᠠᠨᠠᠭ᠎ᠠ ᠴᠤ᠌ ᠠᠭᠤᠵᠢᠷᠠᠨ᠎ᠠ᠂ ᠡᠢᠮᠦ᠍᠎ᠠᠴᠠ ᠪᠢᠳᠡ ᠪᠡᠷᠬᠡ ᠬᠠᠳᠠᠭᠤᠵᠢᠯᠳᠠᠢ ᠡᠴᠦᠰ᠎ᠤᠨ ᠰᠢᠪᠳᠤᠯᠤᠯᠳᠠ᠎ᠶᠢᠨ ᠡᠳᠦᠷ ᠬᠤᠨᠤᠭᠤᠳᠲᠤ ᠴᠤ᠌ ᠭᠡᠰᠡᠨ ᠠᠵᠢᠯᠯᠠᠵᠤ ᠠᠮᠠᠷᠠᠬᠤ ᠬᠡᠪ ᠤ᠋ᠨ ᠵᠤᠷᠱᠢᠯ᠎ᠢᠶᠠᠨ ᠠᠯᠳᠠᠬᠤ ᠦᠭᠡᠢ᠎ᠪᠠᠷ ᠴᠢᠷᠮᠠᠢᠪᠠᠯ ᠪᠤᠯᠴᠢᠬᠠᠨ᠎ᠠ᠃
ᠦᠨᠳᠦᠷ ᠭᠤᠷᠪᠠ ᠬᠡᠮᠡᠭ᠌ᠴᠢ ᠬᠢᠭᠡᠳ ᠪᠠᠷᠠᠳᠠᠭ ᠦᠭᠡᠢ ᠰᠡᠳᠦᠪ᠂ ᠱᠢᠯᠭᠠᠭᠠᠳ ᠲᠠᠭᠤᠰᠳᠠᠭ ᠦᠭᠡᠢ ᠱᠢᠯᠭᠠᠯᠲᠠ᠎ᠪᠠᠷ ᠪᠦᠷᠢᠯᠳᠦᠭ᠌ᠰᠡᠨ ᠲᠤᠢᠯ᠎ᠤᠨ ᠣᠬᠤᠷᠬᠠᠨ ᠪᠥᠭᠡᠳ ᠶᠠᠭᠠᠷᠠᠯᠲᠠᠢ ᠨᠢᠭᠡᠨ ᠵᠢᠯ ᠪᠣᠯᠣᠨ᠎ᠠ᠃ ᠬᠡᠳᠦᠢᠪᠡᠷ ᠶᠠᠳᠠᠷᠠᠯᠲᠠᠢ ᠪᠣᠯᠪᠠᠴᠤ᠌ ᠴᠠᠭ᠎ᠢ ᠨᠢᠭᠡ ᠴᠦ᠍ ᠲᠠᠯᠠᠭᠠᠷ ᠥᠩᠭᠡᠷᠡᠭᠡᠳᠡᠭ ᠦᠭᠡᠢ ᠪᠣᠯᠬᠤᠷ ᠮᠠᠰᠢ ᠤᠳᠭ᠎ᠠ ᠠᠭᠤᠯᠭ᠎ᠠ᠎ᠲᠠᠢ ᠰᠠᠨᠠᠭ᠍ᠳᠠᠳᠠᠭ᠃ ᠮᠢᠨᠦ ᠨᠢᠭᠡ ᠡᠳᠦᠷ᠎ᠤᠨ ᠰᠤᠷᠤᠯᠴᠠᠯᠭ᠎ᠠ ᠭᠡᠪᠡᠯ ᠦᠷᠯᠦᠬᠡ ᠵᠢᠨ ᠳᠠᠪᠳᠠᠯᠭ᠎ᠠ ᠡᠴᠡ ᠡᠬᠢᠯᠡᠨ᠎ᠡ᠃ ᠦᠳᠡ᠎ᠶ᠋ᠢᠨ ᠡᠮᠦᠨᠡᠬᠢ ᠬᠢᠴᠢᠶᠡᠯ᠎ᠤᠨ ᠳᠠᠷᠠᠭ᠎ᠠ ᠦᠳᠡ᠎ᠶ᠋ᠢᠨ ᠤᠨᠲᠠᠯᠭ᠎ᠠ ᠡᠴᠡ ᠪᠠᠨ ᠡᠮᠦᠨ᠎ᠡ ᠴᠤ᠌ ᠬᠠᠭᠠᠰ ᠴᠠᠭ ᠬᠤᠷᠢᠨ ᠮᠢᠨᠦ᠋ᠲ ᠭᠠᠷᠭᠠᠨ ᠬᠢᠴᠢᠶᠡᠯ᠎ᠤᠨ ᠳᠡᠪᠲᠡᠷ᠎ᠢᠶᠠᠨ ᠡᠷᠭᠢᠭᠦᠯᠦᠨ ᠦᠵᠡᠨ᠎ᠡ᠃ ᠦᠳᠡ᠎ᠶ᠋ᠢᠨ ᠬᠤᠢᠨᠠᠬᠢ ᠬᠢᠴᠢᠶᠡᠯ᠎ᠢᠶᠠᠨ ᠣᠷᠣᠵᠤ ᠳᠠᠭᠤᠰᠤᠭᠠᠳ ᠤᠷᠤᠢ᠎ᠶ᠋ᠢᠨ ᠬᠤᠭᠤᠯᠠᠨ᠎ᠤ ᠳᠠᠷᠠᠭᠠᠬᠢ ᠲᠡᠷᠡ ᠬᠡᠰᠡᠭ ᠰᠤᠯᠠ ᠰᠡᠯᠡᠭᠦᠤ ᠴᠠᠭ᠎ᠲᠠᠭᠠᠨ ᠨᠢᠭᠡ ᠡᠳᠦᠷ᠎ᠤᠨ ᠣᠯᠣᠯᠲᠠ᠎ᠪᠠᠨ ᠳ᠋ᠦᠩᠨᠡᠵᠦ᠍᠂ ᠤᠷᠤᠢ᠎ᠶ᠋ᠢᠨ ᠳᠠᠪᠲᠠᠯᠭ᠎ᠠ ᠶᠠᠭᠤ ᠳᠠᠪᠲᠠᠬᠤ ᠴᠢᠬᠤᠯᠠ ᠲᠠᠢ᠎ᠪᠠᠨ ᠲᠤᠭᠳᠠᠨ᠎ᠠ᠃ ᠳᠠᠪᠲᠠᠯᠭ᠎ᠠ ᠪᠠᠭᠤᠭᠠᠳ ᠪᠠᠢᠷᠢᠳ᠋ᠠᠭᠠᠨ ᠬᠠᠷᠢᠭ᠍ᠰᠠᠨ ᠬᠤᠢᠨ᠎ᠠ ᠳᠡᠩᠳᠡᠭᠦᠦ ᠶᠡᠭᠡ ᠶᠠᠳᠠᠷᠠᠭ᠎ᠠ ᠦᠭᠡᠢ ᠪᠣᠯ ᠪᠠᠰᠠ ᠵᠢᠭᠠᠬᠠᠨ ᠰᠠᠭᠤᠭᠠᠳ ᠳᠠᠪᠲᠠᠳᠠᠭ᠂ ᠭᠡᠪᠡᠴᠦ᠍ ᠬᠡᠳᠦ ᠤᠷᠤᠢᠳᠠᠬᠤ ᠨᠢ ᠳᠠᠷᠠᠭ᠎ᠠ ᠡᠳᠦᠷ᠎ᠤᠨ ᠬᠢᠴᠢᠶᠡᠯᠢ᠋ ᠬᠠᠷᠰᠢᠯᠠᠬᠤ ᠪᠤᠯᠬᠤᠷ ᠪᠢ ᠶᠡᠷᠦ ᠨᠢ ᠬᠡᠳᠦ ᠤᠷᠤᠢ ᠪᠤᠯᠳᠠᠭ ᠦᠬᠡᠢ᠃ ᠡᠢᠮᠦᠷᠬᠦᠤ ᠬᠠᠯᠠᠰᠢᠷᠠᠯ ᠦᠭᠡᠢ ᠴᠦᠬᠦᠷᠡᠰᠢ ᠦᠭᠡᠢ ᠴᠢᠷᠮᠠᠢᠬᠰᠠᠨᠤ ᠬᠠᠷᠢᠭᠤ ᠳ᠋ᠤ ᠦᠪᠤᠷ ᠮᠤᠩᠭᠤᠯ᠎ᠤᠨ ᠶᠡᠭᠡ ᠰᠤᠷᠭᠠᠭᠤᠯᠢ᠎ᠳᠤ ᠰᠢᠯᠭᠠᠨ ᠤᠷᠤᠬᠤ ᠬᠦᠰᠡᠯ ᠮᠢᠨᠢ ᠯᠠᠪ ᠲᠡᠷᠭᠡᠯᠰᠢᠨ᠎ᠡ᠃
ᠭᠤᠷᠪᠠᠨ ᠵᠢᠯ ᠬᠡᠳᠦᠢᠪᠡᠷ ᠬᠠᠷᠪᠤᠭ᠍ᠰᠠᠨ ᠰᠤᠮᠤ ᠱᠢᠭ᠋ ᠬᠤᠷᠳᠤᠨ ᠥᠩᠭᠡᠷᠡᠭ᠌ᠰᠡᠨ ᠪᠣᠯᠪᠠᠴᠤ᠌ ᠪᠠᠭ᠍ᠰᠢ ᠨᠠᠷ᠂ ᠬᠠᠮᠲᠤ ᠨᠦᠬᠦᠳ᠎ᠲᠠᠢ᠎ᠪᠠᠨ ᠥᠩᠭᠡᠷᠡᠭᠦᠯᠦᠭ᠌ᠰᠡᠨ ᠴᠠᠭ ᠮᠥᠴᠡᠮᠠᠨᠢ ᠰᠡᠳᠭᠢᠯ᠎ᠳᠤ ᠮᠢᠨᠢ ᠭᠦᠨ᠎ᠠᠴᠠ ᠭᠦᠨ ᠬᠠᠳᠠᠩᠱᠢᠯᠠ᠃ ᠢᠷᠡᠭᠡᠳᠦᠢ᠎ᠶ᠋ᠢᠨ᠎ᠢᠶᠠᠨ ᠲᠥᠯᠥᠭᠡ ᠤᠯᠠᠨ ᠪᠣᠳᠤᠯ ᠳ᠋ᠤ ᠠᠪᠳᠠᠵᠤ᠂ ᠰᠤᠷᠤᠯᠭ᠎ᠠ ᠬᠢᠴᠢᠶᠡᠯ ᠬᠦᠴᠢᠷᠳᠡᠯ ᠲᠤᠯᠭᠠᠷᠠᠵᠤ ᠪᠠᠢᠬᠤ᠎ᠳᠤ ᠪᠦᠷ ᠪᠠᠭ᠍ᠰᠢ ᠨᠠᠷ ᠪᠠ ᠬᠠᠮᠳᠤ ᠨᠦᠬᠦᠳ ᠮᠢᠨᠢ ᠳᠡᠷᠭᠡᠳᠡ ᠪᠠᠢᠵᠤ ᠨᠠᠮᠠᠶ᠋ᠢ ᠮᠣᠬᠤᠷᠳᠠᠯᠠᠴᠠ ᠵᠠᠢᠯᠠᠭᠤᠯᠤᠬᠰᠠᠨ᠂ ᠪᠢ ᠦᠨᠢ ᠡᠭᠦᠷᠢᠲᠡ ᠡᠳᠡᠭᠡᠷ᠎ᠢ ᠳᠤᠷᠠᠰᠴᠤ᠌ ᠶᠠᠪᠤᠬᠤ ᠪᠥᠭᠡᠳ ᠬᠡᠵᠢᠶᠡᠲᠡ ᠬᠦᠨᠳᠦᠲᠦ ᠪᠠᠭ᠍ᠰᠢ ᠨᠠᠷ᠂ ᠬᠠᠢᠷᠠᠲᠤ ᠨᠦᠬᠦᠳᠲᠡᠭᠡᠨ ᠲᠠᠯᠠᠷᠬᠠᠵᠤ ᠶᠠᠪᠤᠨ᠎ᠠ᠃
《ᠬᠤᠯᠠ ᠬᠡᠮᠡᠨ ᠪᠦᠦ ᠴᠥᠬᠦ᠌ ᠶᠠᠪᠤᠪᠠᠰᠤ ᠬᠦᠷᠦᠶᠤ᠂ ᠬᠦᠨᠳᠦ ᠬᠡᠮᠡᠨ ᠪᠤᠦ ᠠᠶᠤ ᠡᠷᠭᠦᠪᠡᠰᠦ ᠳᠠᠭᠠᠭᠠᠶᠣ》 ᠭᠡᠳᠡᠭ᠌ᠴᠢᠯᠡᠨ ᠭᠤᠷᠪᠠᠨ ᠵᠢᠯ᠎ᠤᠨ ᠲᠤᠷᠰᠢ ᠪᠠᠭ᠍ᠰᠢ ᠠᠬᠠᠮᠠᠳ᠂ ᠨᠠᠢᠵᠠ ᠨᠦᠬᠦᠳ᠎ᠤᠨ᠎ᠢᠶᠠᠨ ᠬᠠᠯᠠᠮᠵᠢᠯᠠᠯ ᠳᠤᠤᠷ᠎ᠠ᠂ ᠦᠪᠡᠷ᠎ᠤᠨ ᠬᠦᠴᠦ᠍ ᠬᠥᠯᠥᠰᠦ᠎ᠪᠠᠨ ᠤᠷᠤᠰᠭᠠᠨ ᠣᠢᠭ᠎ᠠ ᠦᠭᠡᠢ ᠴᠢᠷᠮᠠᠢᠭ᠍ᠰᠠᠨᠤ ᠳ᠋ᠦᠩ᠎ᠳᠤ᠂ ᠪᠢᠳᠡ ᠪᠦᠬᠦᠨ ᠯᠠᠪ ᠤᠯᠤᠰ᠎ᠤᠨ ᠨᠢᠬᠡᠳᠦᠯᠳᠡᠢ ᠱᠢᠯᠭᠠᠯᠲᠠ᠎ᠶ᠋ᠢᠨ ᠦᠨᠳᠦᠷ ᠠᠮᠵᠢᠯᠲᠠᠳ᠋ᠤ ᠬᠠᠮᠳᠤ ᠳ᠋ᠠᠭᠠᠨ ᠬᠦᠷᠴᠦ ᠴᠢᠳᠠᠨ᠎ᠠ ᠭᠡᠳᠡᠭ᠎ᠲᠤ ᠢᠳᠡᠬᠡᠯ ᠳᠠᠢ ᠪᠠᠢᠨ᠎ᠠ᠃