ᠨᠢᠰᠬᠦ ᠮᠡᠳᠤ ᠲᠦᠷᠬᠡᠨ ᠬᠦᠭᠵᠢᠵᠦ ᠪᠠᠢᠭ᠎ᠠ ᠨᠡᠢᠬᠡᠮ ᠪᠠ ᠴᠠᠭ ᠦᠶ᠎ᠠ ᠵᠢᠨ ᠬᠤᠪᠢᠷᠠᠯᠳᠠ ᠵᠢ ᠳᠠᠭᠠᠯᠳᠤᠨ ᠡᠴᠢᠭᠡ ᠡᠬᠡ ᠪᠣᠯᠤᠭᠰᠠᠳ ᠦᠷ᠎ᠡ ᠬᠡᠦᠬᠡᠳ᠎ᠢᠶᠡᠨ ᠬᠡᠷᠬᠢᠨ ᠰᠤᠷᠭᠠᠨ ᠬᠦᠮᠦᠵᠢᠭᠦᠯᠵᠦ᠂ ᠶᠠᠮᠠᠷ ᠡᠭᠦᠷᠭᠡ ᠬᠠᠷᠢᠭᠤᠴᠠᠯᠭ᠎ᠠ᠎ᠶᠢ ᠭᠦᠢᠴᠡᠳᠭᠡᠪᠡᠯ ᠵᠣᠬᠢᠬᠤ ᠲᠣᠬᠠᠢ ᠠᠰᠠᠭᠤᠯᠲᠠ᠎ᠶᠢ ᠴᠤ᠌ ᠨᠠᠷᠢᠨ ᠨᠢᠮᠪᠠᠢ ᠪᠤᠳᠤᠯᠬᠢᠯᠠᠨ ᠰᠠᠢᠲᠤᠷ ᠳᠤᠩᠭᠠᠭᠤᠰᠢᠳᠠᠢ ᠪᠤᠯᠵᠠᠢ᠃
ᠡᠴᠢᠭᠡ ᠡᠬᠡ ᠪᠣᠯᠤᠭᠰᠠᠳ ᠬᠡᠦᠬᠡᠳ᠎ᠢᠶᠡᠨ ᠰᠠᠢᠨ᠎ᠢ ᠢᠳᠡᠭᠦᠯᠵᠦ ᠰᠠᠢᠨ᠎ᠢ ᠡᠮᠦᠰᠦᠭᠦᠯᠦᠨ ᠡᠷᠡᠭᠦᠯ ᠴᠢᠬᠢᠷᠠᠭ ᠦᠰᠭᠡᠪᠡᠯ ᠳᠠᠷᠤᠢ ᠡᠴᠢᠭᠡ ᠡᠬᠡ᠎ᠶᠢᠨ ᠡᠭᠦᠷᠭᠡ ᠬᠠᠷᠢᠴᠠᠭᠤᠯᠭ᠎ᠠ᠎ᠪᠠᠨ ᠬᠦᠢᠴᠡᠳᠬᠡᠭᠰᠡᠨ ᠬᠡᠵᠦ ᠵᠠᠷᠢᠮ ᠭᠡᠷ᠎ᠦᠨ ᠠᠬᠠᠮᠠᠳ ᠪᠤᠳᠤᠬᠤ ᠮᠠᠭᠠᠳ᠃ 《ᠡᠴᠢᠬᠡ ᠡᠬᠡ ᠵᠢᠨ ᠭᠤᠤᠯ ᠠᠵᠢᠯ ᠪᠤᠯ ᠳᠠᠷᠤᠢ ᠦᠷ᠎ᠡ ᠬᠡᠦᠬᠡᠳ᠎ᠢᠶᠡᠨ ᠰᠤᠷᠭᠠᠨ ᠬᠦᠮᠦᠵᠢᠭᠦᠯᠬᠦ ᠶᠠᠪᠤᠳᠠᠯ ᠪᠣᠯᠣᠨ᠎ᠠ》 ᠬᠡᠵᠦ ᠠᠭᠤᠤ ᠬᠦᠮᠦᠨ ᠮᠠᠷᠺᠰ ᠶᠠᠷᠢᠵᠤ ᠦᠩᠬᠡᠷᠡᠭᠰᠡᠨ᠃ ᠵᠠᠯᠠᠭᠤ ᠨᠢᠬᠡ ᠦᠶ᠎ᠠ ᠵᠢᠨ ᠬᠢᠨ ᠬᠡᠦᠬᠡᠳ᠎ᠤᠨ ᠬᠦᠮᠦᠵᠢᠯ ᠢ᠋ ᠶᠡᠬᠡᠳᠡ ᠠᠩᠬᠠᠷᠴᠤ᠂ ᠣᠯᠠᠩᠭᠢ ᠡᠴᠢᠭᠡ ᠡᠬᠡ ᠡᠳᠦᠷ ᠲᠣᠲᠤᠮ᠎ᠤᠨ ᠠᠮᠢᠳᠤᠷᠠᠯ ᠳ᠋ᠠᠭᠠᠨ ᠦᠷ᠎ᠡ ᠬᠡᠦᠬᠡᠳ᠎ᠢᠶᠡᠨ ᠦᠰᠭᠡᠨ ᠬᠦᠮᠦᠵᠢᠬᠦᠯᠬᠦ ᠳᠤᠮᠳᠠ᠂ ᠶᠠᠮᠠᠷ ᠨᠢᠬᠡᠨ ᠠᠰᠠᠭᠤᠳᠠᠯ ᠳᠤᠯᠭᠠᠷᠠᠪᠠᠯ ᠰᠤᠷᠭᠠᠭᠤᠯᠢ ᠪᠣᠯᠤᠨ ᠪᠠᠭ᠍ᠰᠢ ᠨᠠᠷ ᠲᠠᠢ ᠰᠠᠨᠠᠭᠠᠴᠢᠯᠠᠭ᠎ᠠ ᠳᠠᠢ ᠢᠯᠡᠬᠦᠬᠡᠨ ᠬᠠᠮᠵᠢᠯᠴᠠᠬᠤ ᠵᠢᠨ ᠳᠠᠭᠠᠤ ᠳ᠋ᠤ᠂ ᠦᠪᠡᠷ ᠵᠢᠡᠨ ᠴᠤ᠌ ᠬᠡᠦᠬᠡᠳ᠎ᠤᠨ ᠬᠦᠮᠦᠵᠢᠯ᠎ᠤᠨ ᠳᠤᠬᠠᠢ ᠰᠤᠷᠤᠯᠴᠠᠯᠭ᠎ᠠ ᠵᠢ ᠴᠢᠬᠤᠯᠠᠴᠢᠯᠠᠵᠤ᠂ ᠠᠷᠭ᠎ᠠ ᠪᠦᠬᠦᠨ᠎ᠢ ᠰᠦᠪᠡᠭᠴᠢᠯᠡᠨ ᠬᠡᠦᠬᠡᠳ᠎ᠢᠶᠡᠨ ᠰᠠᠢᠨ ᠬᠦᠮᠦᠵᠢᠭᠦᠯᠵᠦ᠂ ᠬᠡᠦᠬᠡᠳ᠎ᠦᠨ᠎ᠢᠶᠡᠨ ᠡᠷᠡᠭᠦᠯ ᠰᠠᠷᠠᠭᠤᠯ ᠦᠰᠦᠨ ᠪᠣᠢᠵᠢᠬᠤ᠎ᠶᠢ ᠠᠩᠬᠠᠷᠳᠠᠭ᠃ ᠬᠡᠪᠡᠴᠦ ᠡᠬᠦᠨ᠎ᠤ ᠡᠰᠡᠷᠬᠦ ᠪᠡᠷ᠂ ᠵᠠᠷᠢᠮ ᠭᠡᠷ᠎ᠦᠨ ᠠᠬᠠᠮᠠᠳ ᠬᠡᠦᠬᠡᠳ᠎ᠢᠶᠡᠨ ᠰᠤᠷᠭᠠᠨ ᠬᠦᠮᠦᠵᠢᠭᠦᠯᠬᠦ ᠬᠠᠷᠢᠭᠤᠴᠠᠯᠭ᠎ᠠ᠎ᠶᠢᠨ ᠲᠠᠯ᠎ᠠ᠎ᠪᠠᠷ ᠬᠦᠢᠴᠡᠳ ᠪᠣᠰᠤ ᠲᠠᠨᠢᠯᠲᠠ ᠲᠠᠢ ᠪᠠᠢᠳᠠᠭ᠃
ᠬᠡᠦᠬᠡᠳ ᠳᠡᠩᠳᠡᠭᠦᠦ ᠪᠠᠭ᠎ᠠ ᠪᠣᠯ ᠰᠤᠷᠭᠠᠭᠰᠠᠨ ᠴᠤ᠌ ᠲᠤᠰᠠ ᠦᠭᠡᠢ᠂ 《ᠤᠷᠭᠤᠭ᠎ᠠ ᠮᠣᠳᠤ ᠤᠳᠠᠭᠠᠨ᠎ᠳᠠᠭᠠᠨ ᠵᠠᠰᠠᠷᠠᠨ᠎ᠠ》 ᠭᠡᠳᠡᠭᠴᠢᠯᠡᠨ ᠬᠡᠦᠬᠡᠳ ᠦᠭᠡᠯᠡᠢ ᠪᠣᠯᠪᠠᠯ ᠳᠠᠷᠤᠢ ᠤᠴᠢᠷ ᠶᠣᠰᠤ᠎ᠶᠢ ᠠᠶᠠᠨ᠎ᠳᠠᠭᠠᠨ ᠮᠡᠳᠡᠴᠢᠭᠡᠨ᠎ᠡ ᠭᠡᠳ ᠬᠡᠦᠬᠡᠳ ᠤ᠋ᠨᠢᠶᠡᠨ ᠠᠶ᠎ᠠ᠎ᠪᠠᠷ ᠨᠢ ᠲᠠᠯᠪᠢᠵᠤ ᠳᠤᠷ᠎ᠠ ᠲᠠᠪᠠ᠎ᠪᠠᠷ ᠨᠢ ᠶᠠᠪᠤᠭᠤᠯᠳᠠᠭ ᠬᠡᠷ᠎ᠤᠨ ᠠᠬᠠᠮᠠᠳᠴᠦ ᠪᠠᠭ᠎ᠠ ᠪᠤᠰᠤ ᠪᠠᠢᠳᠠᠭ᠃ ᠬᠡᠦᠬᠡᠳ᠎ᠢ ᠰᠤᠷᠭᠠᠨ ᠬᠦᠮᠦᠵᠢᠭᠦᠯᠬᠦ ᠪᠣᠯ ᠰᠤᠷᠭᠠᠭᠤᠯᠢ᠎ᠶᠢᠨ ᠶᠠᠪᠤᠳᠠᠯ᠂ ᠬᠡᠦᠬᠡᠳ᠎ᠦᠨ ᠬᠢᠴᠢᠶᠡᠯ ᠰᠤᠷᠤᠯᠭ᠎ᠠ ᠪᠣᠯᠤᠨ ᠶᠠᠮᠠᠷ ᠦᠵᠡᠯ ᠪᠤᠳᠤᠯ ᠳᠠᠢ ᠬᠦᠮᠦᠨ ᠪᠤᠯᠭᠠᠨ ᠬᠦᠮᠦᠵᠢᠬᠦᠯᠬᠦ ᠨᠢ ᠪᠠᠭᠰᠢ ᠨᠠᠷ᠎ᠤᠨ ᠬᠠᠮᠢᠶᠠᠷᠬᠤ ᠬᠡᠷᠡᠭ᠂ ᠪᠢᠳᠡ ᠴᠢᠨᠢ ᠪᠢᠴᠢᠭ ᠰᠤᠶᠤᠯ ᠴᠦᠬᠡᠨ ᠬᠦᠷᠳᠡᠭᠰᠡᠨ ᠬᠦᠮᠦᠰ ᠶᠠᠭᠤ ᠯᠡ ᠮᠡᠳᠡᠬᠦᠪ ᠬᠡᠮᠡᠨ ᠵᠦᠪᠬᠡᠨ ᠬᠡᠦᠬᠡᠳ᠎ᠦᠨ ᠢᠳᠡᠵᠦ ᠡᠮᠦᠰᠬᠦ᠂ ᠤᠨᠲᠠᠵᠤ ᠬᠡᠪᠳᠡᠬᠦ᠎ᠶᠢ ᠨᠢ ᠬᠠᠮᠢᠶᠠᠷᠪᠠᠯ ᠪᠣᠯᠴᠢᠬᠠᠨ᠎ᠠ ᠭᠡᠵᠦ ᠵᠠᠷᠢᠮ ᠬᠦᠮᠦᠰ ᠪᠤᠳᠤᠳᠠᠭ᠃ ᠪᠠᠰᠠ ᠵᠠᠷᠢᠮ ᠬᠡᠷ᠎ᠤᠨ ᠠᠬᠠᠮᠠᠳ ᠠᠵᠢᠯ ᠠᠯᠪᠠ ᠨᠢ ᠳᠡᠩᠳᠡᠬᠦᠦ ᠶᠠᠭᠠᠷᠠᠤ ᠡᠴᠡ ᠪᠤᠯᠵᠤ ᠬᠡᠦᠬᠡᠳ ᠵᠢᠡᠨ ᠬᠠᠮᠢᠶᠠᠷᠬᠤ ᠴᠢᠯᠦᠬᠡ ᠵᠠᠪ ᠦᠬᠡᠢ ᠰᠤᠷᠭᠠᠭᠤᠯᠢ ᠳ᠋ᠤᠨᠢ ᠨᠠᠢᠳᠠᠬᠤ ᠪᠤᠶᠤ ᠡᠮᠡᠬᠡ ᠡᠪᠦᠬᠡ ᠳ᠋ᠤ ᠨᠢ ᠬᠠᠶᠠᠵᠤ ᠬᠠᠮᠢᠶᠠᠷᠤᠭᠤᠯᠳᠠᠭ ᠴᠤ᠌ ᠪᠤᠢ᠃ ᠬᠡᠦᠬᠡᠳ ᠢᠮᠠᠭᠲᠠ ᠭᠠᠳᠠᠭᠠᠲᠤ ᠶᠢᠷᠳᠢᠨᠴᠦ᠎ᠶᠢᠨ ᠡᠯᠳᠡᠪ ᠵᠤᠢᠯ᠎ᠤᠨ ᠨᠦᠯᠦᠭᠡ ᠳᠤᠰᠬᠠᠯ᠎ᠢ ᠬᠦᠷᠲᠡᠵᠦ ᠪᠠᠢᠳᠠᠭ ᠤᠴᠢᠷ ᠡᠴᠡ ᠬᠡᠦᠬᠡᠳ᠎ᠢᠶᠡᠨ ᠦᠰᠭᠡᠨ ᠪᠣᠢᠵᠢᠭᠤᠯᠬᠤ᠎ᠳᠠᠭᠠᠨ ᠳᠡᠩᠳᠡᠬᠦᠦ ᠠᠶ᠎ᠠ᠎ᠪᠠᠷ ᠨᠢ ᠲᠠᠯᠪᠢᠬᠤ ᠨᠢ ᠵᠤᠬᠢᠰ ᠦᠬᠡᠢ᠃ ᠬᠠᠷᠢᠨ ᠪᠠᠭ᠎ᠠ᠎ᠠᠴᠠ ᠨᠢ ᠵᠢᠭᠠᠵᠦ ᠰᠤᠷᠭᠠᠵᠤ ᠬᠦᠮᠦᠵᠢᠬᠦᠯᠬᠦ ᠵᠢ ᠴᠢᠬᠤᠯᠠᠴᠢᠯᠠᠵᠤ᠂ ᠢᠷᠡᠭᠡᠳᠦᠢ᠎ᠳᠦ ᠨᠡᠢᠭᠡᠮ ᠳᠡᠭᠡᠷ᠎ᠡ ᠬᠡᠷᠡᠭᠴᠡᠭᠡ ᠲᠠᠢ ᠬᠦᠮᠦᠨ ᠪᠣᠯᠭᠠᠨ ᠬᠦᠮᠦᠵᠢᠭᠦᠯᠬᠦ ᠪᠡᠷ ᠬᠦᠳᠦᠯᠵᠦ ᠵᠢᠯᠤᠭᠤᠳᠬᠤ ᠨᠢ ᠳᠤᠩ ᠴᠢᠬᠤᠯᠠ᠃ ᠡᠬᠦᠨ ᠡᠴᠡ ᠭᠠᠳᠠᠨ᠎ᠠ᠂ ᠪᠠᠰᠠ ᠵᠠᠷᠢᠮᠠᠳ ᠨᠢ ᠬᠡᠦᠬᠡᠳ᠎ᠲᠦ ᠬᠦᠮᠦᠵᠢᠯ ᠬᠡᠷᠡᠭᠲᠡᠢ ᠭᠡᠳᠡᠭ᠎ᠢ ᠮᠡᠳᠡᠳᠡᠭ ᠪᠣᠯᠪᠠᠴᠤ ᠡᠨᠡᠬᠥ ᠶᠠᠪᠤᠳᠠᠯ᠎ᠢ ᠰᠤᠷᠭᠠᠭᠤᠯᠢ ᠳ᠋ᠤ ᠨᠠᠢᠲᠠᠵᠤ᠂ ᠬᠠᠷᠢᠭᠤᠴᠠᠯᠭ᠎ᠠ᠎ᠶᠢ ᠪᠠᠭ᠍ᠰᠢ᠎ᠳᠤ ᠲᠦᠯᠬᠢᠵᠦ᠂ ᠬᠡᠦᠬᠡᠳ ᠨᠢ ᠶᠠᠮᠠᠷ ᠨᠢᠭᠡᠨ ᠣᠰᠣᠯ ᠪᠤᠷᠤᠭᠤ ᠭᠠᠷᠭᠠᠪᠠᠯ᠂ ᠥᠪᠡᠷ᠎ᠦᠨ ᠬᠡᠦᠬᠡᠳ᠎ᠦᠨ ᠲᠠᠯ᠎ᠠ᠎ᠠᠴᠠ᠂ ᠭᠡᠷ ᠪᠦᠯᠢ᠎ᠶᠢᠨ ᠲᠠᠯ᠎ᠠ ᠡᠴᠡ ᠤᠴᠢᠵᠤ ᠤᠴᠢᠷ ᠰᠢᠯᠳᠠᠭᠠᠨ ᠢ ᠡᠷᠢᠬᠦ ᠦᠬᠡᠢ᠂ ᠬᠠᠷᠢᠨ ᠪᠠᠭ᠍ᠰᠢ᠎ᠶᠢ ᠵᠢᠮᠡᠯᠡᠬᠦ ᠪᠣᠶᠤ ᠰᠤᠷᠭᠠᠭᠤᠯᠢ᠎ᠶᠢ ᠪᠣᠷᠤᠭᠤᠰᠢᠶᠠᠵᠤ ᠪᠠᠢᠳᠠᠭ᠃ ᠬᠡᠦᠬᠡᠳ ᠢ ᠰᠤᠷᠭᠠᠨ ᠬᠦᠮᠦᠵᠢᠭᠦᠯᠬᠦᠳ᠋ᠤ ᠰᠤᠷᠭᠠᠭᠤᠯᠢ ᠨᠡᠢᠭᠡᠮ᠎ᠡᠴᠡ ᠬᠠᠷᠢᠭᠤᠴᠠᠬᠤ ᠡᠬᠦᠷᠬᠡ ᠬᠠᠷᠢᠭᠤᠴᠠᠯᠭ᠎ᠠ ᠪᠤᠢ᠃ ᠭᠡᠪᠡᠴᠦ ᠭᠡᠷ᠎ᠦᠨ ᠠᠬᠠᠮᠠᠳ ᠪᠣᠯ ᠬᠡᠦᠬᠡᠳ᠎ᠦᠨ ᠬᠠᠮᠤᠭ᠎ᠤᠨ ᠠᠩᠬᠠᠨ᠎ᠤ ᠪᠠᠭ᠍ᠰᠢ᠂ ᠬᠡᠷ ᠪᠦᠯᠢ ᠪᠤᠯ ᠦᠰᠤᠨ ᠪᠤᠢᠵᠢᠬᠤ ᠬᠠᠮᠤᠭ᠎ᠤᠨ ᠠᠩᠬᠠᠨ᠎ᠤ ᠠᠮᠢᠳᠤᠷᠠᠯ ᠤ᠋ᠨ ᠤᠷᠴᠢᠨ ᠠᠬᠤᠢ ᠪᠤᠯᠬᠤᠷ᠂ ᠡᠴᠢᠬᠡ ᠡᠬᠡ ᠵᠢᠨ ᠬᠡᠦᠬᠡᠳ ᠲᠤ᠌ ᠦᠵᠡᠬᠦᠯᠬᠦ ᠨᠦᠯᠦᠬᠡ ᠵᠢ ᠶᠠᠮᠠᠷ ᠴᠤ᠌ ᠬᠦᠮᠦᠨ ᠤᠷᠤᠯᠠᠵᠤ ᠴᠢᠳᠠᠬᠤ ᠦᠬᠡᠢ ᠵᠢᠨ ᠬᠤᠢᠨ᠎ᠠ᠂ ᠡᠴᠢᠭᠡ ᠡᠬᠡ ᠪᠣᠯᠤᠭᠰᠠᠳ ᠡᠷᠬᠡᠪᠰᠢ ᠬᠡᠦᠬᠡᠳ᠎ᠢᠶᠡᠨ ᠰᠤᠷᠭᠠᠨ ᠬᠦᠮᠦᠵᠢᠭᠦᠯᠬᠦ ᠠᠩᠬᠠᠨ ᠤ᠋ ᠬᠠᠷᠢᠭᠤᠴᠠᠯᠭᠠᠳᠠᠨ ᠪᠠᠢᠬᠤ ᠶᠤᠰᠤ ᠤᠴᠢᠷ ᠢ᠋ ᠤᠬᠠᠭᠠᠷᠠᠵᠤ᠂ ᠬᠡᠦᠬᠡᠳ᠎ᠤᠨ ᠦᠰᠦᠨ ᠪᠤᠢᠵᠢᠯᠳᠠ ᠳ᠋ᠤ ᠢᠯᠡᠬᠦᠬᠡᠨ ᠰᠡᠳᠬᠢᠯ ᠳᠠᠯᠪᠢᠬᠤ ᠴᠢᠬᠤᠯᠠ ᠳᠠᠢ᠃
ᠬᠡᠦᠬᠡᠳ ᠤᠬᠠᠭᠠᠨ ᠳᠤᠮᠤᠭ᠎ᠠ ᠳᠠᠢ ᠦᠰᠴᠦ ᠬᠦᠮᠦᠵᠢᠭᠳᠡᠬᠦ ᠨᠢ ᠦᠨᠡᠬᠡᠷ ᠡᠴᠢᠬᠡ ᠡᠬᠡ ᠵᠢᠨ ᠦᠩᠬᠡ ᠬᠡᠷᠡᠯ᠂ ᠬᠡᠷ ᠪᠦᠯᠢ ᠵᠢᠨ ᠵᠤᠯ ᠵᠢᠷᠭᠠᠯ ᠪᠤᠯᠬᠤ ᠶᠤᠮ᠃ ᠡᠨᠡ ᠨᠢ ᠮᠦᠨ ᠴᠤ᠌ ᠡᠴᠢᠬᠡ ᠡᠬᠡ ᠵᠢᠨ ᠬᠠᠷᠢᠭᠤᠴᠠᠯᠭ᠎ᠠ ᠡᠴᠡ ᠰᠠᠯᠵᠤ ᠴᠢᠳᠠᠰᠢ ᠦᠬᠡᠢ᠃