《ᠬᠣᠶᠠᠷ᠎ᠢ ᠲᠣᠭ᠍ᠲᠠᠭᠠᠬᠰᠠᠨ》 ᠎ᠤ ᠱᠢᠶ᠋ᠳᠪᠦᠷᠢᠯᠡᠭ᠌ᠴᠢ ᠴᠢᠨᠡᠷᠳᠡᠢ ᠠᠴᠢ ᠬᠣᠯᠪᠣᠭ᠍ᠳᠠᠯ᠎ᠢ ᠨᠠᠩ ᠭᠦᠨᠵᠡᠭᠡᠶ ᠣᠢᠯᠠᠭᠠᠬᠤ ᠬᠡᠷᠡᠭ᠌ᠲᠡᠶ — ᠪᠦᠬᠦ᠌ ᠤᠯᠤᠰ ᠎ᠤᠨ ᠬᠣᠶᠠᠷ ᠬᠤᠷᠠᠯ ᠎ᠤᠨ ᠵᠣᠷᠢᠭ ᠰᠠᠨᠠᠭ᠎ᠠ ᠎ᠶ᠋ᠢ ᠭᠦᠨᠵᠡᠭᠡᠶ ᠰᠤᠷᠤᠯᠴᠠᠨ ᠲᠤᠭᠤᠰᠢᠯᠠᠭᠤᠯᠬᠤ ᠲᠤᠬᠠᠶ ᠨᠢᠭᠡᠨᠲᠡ ᠥᠭᠦᠯᠡᠬᠦ᠌ ᠨᠢ
2024-03-13 10:57:58
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠠᠤᠭ᠎ᠠ ᠵᠢᠷᠤᠭ ᠲᠥᠯᠥᠪᠯᠡᠭᠡ ᠨᠢ ᠡᠷᠡᠮᠡᠬᠡᠢᠯᠡᠨ ᠲᠡᠮᠡᠴᠡᠬᠦ ᠡᠷᠴᠢ ᠵᠤᠷᠢᠭ᠎ᠢ ᠬᠥᠭ᠌ᠵᠢᠭᠡᠵᠦ᠍᠂ ᠬᠠᠪᠤᠷ ᠎ᠤᠨ ᠤᠷᠢᠬᠠᠨ ᠰᠠᠯᠬᠢ ᠤᠷᠤᠭ᠍ᠰᠢᠯᠠᠯᠲᠠ᠎ᠶ᠋ᠢᠨ ᠪᠦᠷᠢᠶ᠎ᠡ ᠵᠢ ᠬᠠᠩᠭᠢᠨᠠᠭᠤᠯᠤᠯ᠎ᠠ᠃

ᠪᠦᠬᠦ᠌ ᠤᠯᠤᠰ᠎ᠤᠨ ᠬᠣᠶᠠᠷ ᠬᠤᠷᠠᠯ ᠲᠡᠭᠦᠰᠦᠭᠰᠡᠨ ᠲᠠᠷᠤᠢᠬᠠᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠲᠡᠷᠡ ᠲᠤᠤᠷ᠎ᠠ ᠨᠢ ᠺᠠᠳ᠋ᠷᠴᠤᠳ᠎ᠤᠨ ᠶᠡᠬᠡ ᠬᠤᠷᠠᠯ ᠎ᠢ ᠬᠤᠷᠠᠯᠳᠤᠭᠤᠯᠵᠤ᠂ ᠪᠦᠬᠦ᠌ ᠤᠯᠤᠰ᠎ᠤᠨ ᠬᠣᠶᠠᠷ ᠬᠤᠷᠠᠯ᠎ᠤᠨ ᠵᠣᠷᠢᠭ ᠰᠠᠨᠠᠭ᠎ᠠ᠎ᠶ᠋ᠢ ᠤᠯᠠᠮᠵᠢᠯᠠᠨ ᠰᠤᠷᠤᠯᠴᠠᠵᠤ᠂ ᠲᠤᠭᠤᠱᠢᠯᠠᠭᠤᠯᠤᠨ ᠨᠠᠢᠳᠠᠪᠤᠷᠢᠵᠢᠭᠤᠯᠬᠤ ᠠᠵᠢᠯ᠎ᠢ ᠲᠤᠬᠢᠷᠠᠭᠤᠯᠤᠨ ᠪᠠᠢᠷᠢᠯᠠᠭᠤᠯᠪᠠ᠃  ᠣᠷᠣᠨ ᠳᠠᠶᠠᠭᠠᠷ᠎ᠢᠶᠠᠨ ᠨᠠᠷᠢᠨ ᠬᠢᠨᠠᠮᠠᠭᠠᠶ ᠰᠤᠷᠤᠯᠴᠠᠵᠤ᠂  ᠭᠦᠨᠵᠡᠭᠡᠶ ᠣᠢᠯᠠᠭᠠᠵᠤ᠂ ᠨᠠᠩ ᠡᠷᠡᠰ ᠪᠠᠲᠤ ᠪᠥᠭᠡᠳ ᠤᠬᠠᠮᠰᠠᠷ᠎ᠠᠴᠠ᠎ᠪᠠᠨ 《ᠬᠣᠶᠠᠷ᠎ᠢ ᠲᠣᠭ᠍ᠲᠠᠭᠠᠬᠰᠠᠨ》  ᠢ᠋ ᠬᠦᠷᠢᠶᠡᠯᠡᠵᠦ᠂ 《ᠬᠣᠶᠠᠷ᠎ᠢ ᠬᠠᠮᠠᠭᠠᠯᠠᠬᠤ》 ᠶ᠋ᠢ ᠪᠡᠶᠡᠯᠡᠭᠦᠯᠵᠦ᠍᠂ ᠨᠠᠮ᠎ᠤᠨ ᠲᠥᠪ ᠬᠣᠷᠢᠶ᠎ᠠ ᠵᠢᠨ ᠱᠢᠶ᠋ᠳᠪᠦᠷᠢᠲᠦ ᠪᠣᠳᠣᠯᠭ᠎ᠠ ᠪᠠᠢᠷᠢᠯᠠᠭᠤᠯᠤᠯᠲᠠ᠎ᠶ᠋ᠢ ᠲᠤᠭᠤᠱᠢᠯᠠᠭᠤᠯᠬᠤ᠎ᠶ᠋ᠢᠨ ᠬᠡᠷᠡᠭ᠌ᠵᠢᠭᠦᠯᠦᠭ᠌ᠴᠢ᠂ ᠢᠳᠡᠪᠬᠢᠳᠡᠢ ᠬᠦᠳᠡᠯᠦᠯᠴᠡᠭᠴᠢ᠂ ᠪᠣᠳᠠᠲᠠᠶ ᠠᠵᠢᠯᠯᠠᠭ᠍ᠴᠢ ᠪᠣᠯᠵᠣ᠂ ᠪᠥᠬᠥ᠌ ᠤᠯᠤᠰ᠎ᠤᠨ ᠬᠣᠶᠠᠷ ᠬᠤᠷᠠᠯ᠎ᠤᠨ ᠵᠣᠷᠢᠭ ᠰᠠᠨᠠᠭ᠎ᠠ᠎ᠵᠢᠨ ᠤᠮᠠᠷᠠᠲᠤ ᠬᠢᠯᠢ᠎ᠶ᠋ᠢᠨ ᠡᠬᠡ ᠭᠠᠵᠠᠷ᠎ᠲᠤ ᠦᠨᠳᠦᠰᠦ ᠬᠠᠳᠭᠤᠵᠤ᠂ ᠴᠡᠴᠡᠭ᠌ᠯᠡᠨ ᠵᠢᠮᠢᠰᠯᠡᠬᠦ᠌᠎ᠶ᠋ᠢ ᠦᠨᠡᠨ ᠬᠦ᠌ ᠠᠬᠢᠭᠤᠯᠬᠤ ᠬᠡᠷᠡᠭ᠌ᠲᠡᠶ᠃

ᠣᠩᠭᠣᠴᠠ ᠲᠦᠮᠡᠨ ᠭᠠᠵᠠᠷ ᠠᠶᠠᠯᠠᠬᠤᠢ ᠳ᠋ᠤᠷ ᠵᠠᠯᠠᠭᠤᠷ᠎ᠢ ᠰᠠᠢᠳᠤᠷ ᠡᠵᠡᠮᠳᠡᠬᠦ ᠭᠡᠷᠡᠭᠳᠠᠢ᠃ ᠨᠢᠳᠤᠨᠤᠨ᠎ᠠᠴᠠ ᠨᠠᠭᠠᠰᠢ᠂ ᠲᠤᠢᠯ ᠎ᠤᠨ ᠨᠠᠷᠢᠨ ᠪᠤᠳᠤᠯᠢᠶᠠᠨᠲᠠᠢ ᠳᠡᠯᠡᠬᠡᠢ᠎ᠶ᠋ᠢᠨ ᠣᠷᠴᠢᠨ ᠲᠣᠭᠣᠷᠢᠨ ᠪᠣᠯᠤᠨ ᠥᠭᠡᠷᠡᠴᠢᠯᠡᠯᠲᠡ ᠬᠥᠭ᠌ᠵᠢᠯᠲᠡ ᠲᠣᠭ᠍ᠲᠠᠭᠤᠨ᠎ᠤ ᠪᠡᠷᠬᠡ ᠬᠠᠲᠠᠭᠤᠵᠢᠯᠲᠠᠢ ᠬᠦᠨᠳᠦ  ᠡᠭᠦᠷᠭᠡ᠎ᠶ᠋ᠢᠨ ᠡᠮᠦᠨ᠎ᠡ᠂ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭ᠍ᠰᠠᠨ ᠨᠠᠮ᠎ᠤᠨ ᠲᠥᠪ ᠬᠤᠷᠢᠶ᠎ᠠ ᠪᠦᠬᠦ᠌ ᠨᠠᠮ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠯᠠᠪᠳᠠᠭᠤᠨ ᠪᠠᠲᠤᠲᠠᠢ ᠲᠡᠮᠡᠴᠡᠵᠦ᠍᠂ ᠮᠠᠨ᠎ᠤ ᠤᠯᠤᠰ᠎ᠤᠨ ᠠᠵᠤ ᠠᠬᠤᠢ᠎ᠶ᠋ᠢᠨ ᠦᠷᠭᠦᠯᠵᠢᠯᠡᠨ ᠰᠡᠷᠬᠦᠵᠤ ᠰᠠᠢᠵᠢᠷᠠᠬᠤ᠎ᠶ᠋ᠢ ᠠᠬᠢᠭᠤᠯᠵᠤ᠂ ᠤᠯᠤᠰ᠎ᠤᠨ ᠳᠣᠲᠣᠭᠠᠳᠤ᠎ᠶ᠋ᠢᠨ ᠦᠢᠯᠡᠳᠪᠦᠷᠢᠯᠡᠯ᠎ᠦᠨ ᠶᠡᠷᠦᠩᠬᠡᠢ ᠦᠷᠳᠡᠭ 126 ᠲᠦᠮᠡᠨ ᠳ᠋ᠦᠩᠱᠢᠭᠤᠷ ᠲᠥᠭᠥᠷᠢᠭ᠎ᠢ ᠳᠠᠪᠠᠵᠤ᠂ 5.2% ᠵᠢᠡᠷ ᠨᠡᠮᠡᠭ᠌ᠳᠡᠵᠦ᠍᠂ ᠨᠡᠮᠡᠭ᠌ᠳᠡᠯ᠎ᠦᠨ ᠬᠤᠷᠳᠤᠴᠠ ᠨᠢ ᠳᠡᠯᠡᠬᠡᠢ᠎ᠶ᠋ᠢᠨ ᠭᠣᠣᠯ ᠪᠣᠯᠬᠤ ᠠᠵᠤ ᠠᠬᠤᠢ᠎ᠶ᠋ᠢᠨ ᠴᠣᠭ᠍ᠴᠠ᠎ᠶ᠋ᠢᠨ ᠡᠮᠦᠨ᠎ᠡ ᠡᠩᠨᠡᠭᠡᠨ᠎ᠳᠦ ᠣᠷᠣᠵᠤ᠂ 《ᠡᠳᠡᠭᠡᠳ ᠭᠤᠶᠤ  ᠦᠵᠡᠮᠵᠢ ᠡᠨᠡ ᠭᠠᠵᠠᠷ ᠲᠤᠷ ᠢᠯᠡᠷᠡᠭᠰᠡᠨ》 ᠱᠢᠨ᠎ᠡ ᠬᠠᠭᠤᠳᠠᠰᠤ᠎ᠶ᠋ᠢ ᠦᠷᠭᠦᠯᠵᠢᠯᠡᠨ ᠪᠢᠴᠢᠭ᠌ᠯᠡᠪᠡ᠃ ᠡᠨᠡ ᠵᠢᠯ ᠪᠠᠰᠠ ᠬᠤᠪᠢᠷᠠᠯᠲᠠ᠎ᠵᠢ ᠠᠷᠭᠠᠴᠠᠭᠠᠨ ᠱᠢᠨ᠎ᠡ᠎ᠪᠠᠢᠳᠠᠯ᠎ᠢ  ᠡᠭᠦᠳᠬᠦ᠌᠂ ᠢᠷᠡᠭᠡᠳᠦᠢ᠎ᠵᠢᠨ ᠢᠯᠠᠯᠲᠠ ᠵᠢ ᠤᠯᠬᠤ  ᠠᠯᠢ ᠤᠯᠠᠨ ᠡᠭᠦᠷᠭᠡ ᠠᠷᠭ᠎ᠠ ᠬᠡᠮᠵᠢᠶ᠎ᠡ᠎ᠶ᠋ᠢ ᠪᠠᠢᠷᠢᠯᠠᠭᠤᠯᠵᠤ᠂ ᠤᠯᠤᠰ ᠳᠠᠶᠠᠭᠠᠷ᠎ᠤᠨ ᠬᠦᠴᠢᠷ᠎ᠦᠨ ᠳᠤᠮᠳᠠ ᠠᠮᠵᠢᠯᠲᠠ ᠤᠯᠬᠤ᠂ ᠦᠷᠢᠰᠦᠯᠳᠦᠨ ᠤᠷᠤᠭ᠍ᠰᠢᠯᠠᠵᠤ ᠵᠢᠳᠬᠦᠯ ᠴᠢᠷᠮᠠᠢᠯᠭ᠎ᠠ ᠭᠠᠷᠭᠠᠬᠤ ᠢᠲᠡᠭᠡᠯ ᠵᠣᠷᠢᠭ᠎ᠢ ᠤᠯᠠᠮ ᠪᠠᠲᠤᠳᠭᠠᠪᠠ᠃ 《ᠬᠣᠶᠠᠷ᠎ᠢ ᠲᠣᠭ᠍ᠲᠠᠭᠠᠬᠰᠠᠨ》 ᠪᠣᠯ ᠪᠢᠳᠡᠨ᠎ᠦ ᠠᠯᠢᠪᠠ ᠠᠵᠢᠯ᠎ᠢᠶᠠᠨ ᠰᠠᠢᠲᠤᠷ ᠬᠢᠬᠦ᠌᠎ᠶ᠋ᠢᠨ ᠢᠲᠡᠭᠡᠯ ᠵᠣᠷᠢᠭ᠎ᠤᠨ ᠦᠨᠳᠦᠰᠦ ᠮᠥᠨ᠂ ᠠᠯᠢᠪᠠ ᠬᠦᠴᠢᠷ ᠪᠡᠷᠬᠡᠱᠢᠶᠡᠯ ᠬᠠᠷᠰᠢ ᠰᠠᠭᠠᠳ᠎ᠢ ᠢᠯᠠᠨ ᠳᠠᠪᠠᠬᠤ ᠢᠯᠠᠯᠲᠠ᠎ᠶ᠋ᠢᠨ ᠡᠬᠢ ᠮᠥᠨ᠂ ᠪᠢᠳᠡᠨ᠎ᠦ ᠠᠯᠢᠪᠠ ᠲᠣᠭ᠍ᠲᠠᠪᠤᠷᠢᠲᠦ ᠪᠤᠰᠤ ᠴᠢᠨᠠᠷ᠎ᠢ ᠠᠷᠭᠠᠴᠠᠭᠠᠬᠤ᠎ᠶ᠋ᠢᠨ ᠬᠠᠮᠤᠭ᠎ᠤᠨ ᠶᠡᠬᠡ ᠲᠣᠭ᠍ᠲᠠᠪᠤᠷᠢᠲᠤ ᠴᠢᠨᠠᠷ᠂ ᠬᠠᠮᠤᠭ᠎ᠤᠨ ᠶᠡᠬᠡ ᠢᠲᠡᠭᠡᠯ ᠵᠣᠷᠢᠭ᠂ ᠬᠠᠮᠤᠭ᠎ᠤᠨ ᠶᠡᠬᠡ ᠪᠠᠲᠤᠯᠠᠭ᠎ᠠ ᠮᠥᠨ ᠭᠡᠳᠡᠭ᠎ᠢ ᠦᠢᠯᠡᠳᠦᠯᠭᠡ ᠳᠠᠬᠢᠨᠲᠠ ᠮᠠᠷᠭᠤᠰᠢ ᠦᠭᠡᠢ ᠭᠡᠷᠡᠴᠢᠯᠡᠭ᠌ᠰᠡᠨ ᠪᠠᠢᠨ᠎ᠠ᠃

ᠰᠦᠷ ᠳᠠᠯᠠᠢᠴᠠᠲᠠᠢ ᠠᠶᠠᠨ ᠳ᠋ᠤ ᠤᠷᠤᠬᠰᠢᠯᠠᠬᠤ ᠳ᠋ᠤ ᠵᠠᠯᠠᠭᠤᠷ᠎ᠢ ᠡᠵᠡᠮᠳᠡᠵᠦ ᠴᠢᠭ᠌ᠯᠡᠯ᠎ᠢ ᠲᠣᠭ᠍ᠲᠠᠭᠠᠬᠤ ᠬᠡᠷᠡᠭᠳᠡᠢ᠂ ᠢᠲᠡᠭᠡᠯ ᠵᠣᠷᠢᠭ᠎ᠢᠶᠠᠷ ᠲᠤᠯᠭᠠᠭᠤᠷᠢᠯᠠᠭᠤᠯᠬᠤ ᠴᠢᠬᠤᠯᠠᠲᠠᠢ᠃ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭ᠍ᠰᠠᠨ ᠨᠠᠮ᠎ᠤᠨ ᠲᠥᠪ ᠬᠣᠷᠢᠶ᠎ᠠ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠥᠪᠥᠷ ᠮᠣᠩᠭᠣᠯ ᠴᠤᠴᠠᠯᠲᠠ ᠦᠭᠡᠢ ᠤᠷᠤᠭ᠍ᠰᠢᠯᠠᠨ ᠱᠢᠨ᠎ᠡ ᠵᠠᠮ᠎ᠨᠡᠭᠡᠭᠡᠵᠦ᠍ ᠂ ᠳᠤᠮᠳᠠ ᠳᠦᠪᠰᠢᠨ᠎ᠳᠤ ᠣᠷᠣᠵᠤ ᠂ ᠬᠣᠶᠠᠷ ᠶᠡᠬᠡ ᠶᠠᠪᠤᠳᠠᠯ ᠎ᠢ ᠰᠠᠢᠳᠤᠷ ᠬᠢᠵᠤ ᠦᠯᠡᠮᠵᠢ ᠦᠷ᠎ᠡ ᠪᠦᠲᠦᠭᠡᠯ ᠣᠯᠵᠤ᠂ ᠴᠢᠨᠠᠷ ᠰᠠᠢᠲᠠᠢ ᠬᠥᠭ᠌ᠵᠢᠯᠲᠡ ᠵᠢᠨ ᠱᠢᠨ᠎ᠡ ᠱᠢᠪᠲᠤᠯᠤᠯᠲᠠ᠎ᠶ᠋ᠢ ᠪᠡᠶᠡᠯᠡᠭᠦᠯᠪᠡ ᠁ ᠱᠢᠨ᠎ᠡ ᠴᠠᠭ ᠦᠶ᠎ᠡ᠎ᠶ᠋ᠢᠨ ᠥᠪᠥᠷ ᠮᠣᠩᠭᠣᠯ᠎ᠤᠨ ᠦᠯᠢᠭᠡᠷ ᠭᠣᠢᠳᠠ ᠰᠠᠢᠬᠠᠨ ᠪᠢᠴᠢᠭᠯᠡᠭᠳᠡᠵᠥ᠂ ᠱᠢᠨ᠎ᠡ ᠠᠶᠠᠨ᠎ᠤ ᠥᠪᠥᠷ ᠮᠣᠩᠭᠣᠯ᠎ᠤᠨ ᠬᠥᠭ᠌ᠵᠢᠯᠲᠡ ᠦᠷᠨᠢᠩᠬᠦᠢ ᠪᠠᠢᠳᠠᠯ᠎ᠲᠠᠶ ᠪᠣᠯᠤᠬᠰᠠᠨ᠎ᠢ ᠤᠮᠠᠷᠠᠲᠤ ᠬᠢᠯᠢ᠎ᠶ᠋ᠢᠨ ᠡᠬᠡ ᠭᠠᠵᠠᠷ ᠪᠣᠯᠤᠨ ᠤᠮᠠᠷᠠᠲᠤ ᠬᠢᠯᠢ᠎ᠶ᠋ᠢᠨ ᠬᠥᠪᠡᠭᠦᠳ ᠥᠬᠢᠳ ᠦᠨᠢ ᠡᠬᠦᠷᠢᠳᠡ ᠪᠠᠳᠤ ᠴᠡᠬᠡᠵᠢᠯᠡᠨ᠎ᠡ᠃ ᠡᠳᠡᠬᠡᠷ ᠠᠮᠵᠢᠯᠲᠠ ᠪᠦᠳᠦᠮᠵᠢ᠎ᠶ᠋ᠢᠨ ᠦᠨᠳᠦᠰᠦᠨ ᠰᠢᠯᠳᠠᠭᠠᠨ  ᠨᠢ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭ᠍ᠰᠠᠨ ᠨᠠᠮ᠎ᠤᠨ ᠲᠥᠪ ᠬᠣᠷᠢᠶ᠎ᠠ ᠵᠢᠨ ᠪᠠᠲᠤ ᠴᠢᠩᠭ᠎ᠠ ᠤᠳᠤᠷᠢᠳᠤᠯᠭ᠎ᠠ᠎ᠳᠤ ᠪᠤᠢ᠂ ᠰᠢ ᠵᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠶ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠱᠢᠨᠵᠢᠯᠡᠬᠦ᠌ ᠤᠬᠠᠭᠠᠨᠴᠢ ᠵᠢᠯᠤᠭᠤᠳᠤᠯᠭ᠎ᠠ᠎ᠳᠤ ᠪᠤᠢ᠃ ᠡᠬᠡᠯᠢᠳᠤ ᠬᠠᠪᠤᠷ᠎ᠠᠴᠠ ᠡᠬᠢᠯᠡᠯᠳᠠ ᠵᠢᠨ ᠭᠠᠷᠤᠭ᠎ᠠ ᠪᠤᠯᠵᠤ ᠂ ᠢᠷᠡᠭᠡᠳᠦᠢ ᠵᠢ ᠴᠢᠭᠯᠡᠨ ᠤᠷᠤᠭ᠍ᠰᠢᠯᠠᠨ᠎ᠠ᠂ ᠡᠷᠡᠰ ᠭᠤᠢᠪᠢᠰᠢ ᠦᠭᠡᠢ᠎ᠪᠡᠷ ᠦᠵᠡᠯ ᠰᠠᠨᠠᠭ᠎ᠠ ᠤᠯᠤᠰ ᠲᠦᠷᠦ᠍ ᠦᠢᠯᠡ ᠠᠵᠢᠯᠯᠠᠭ᠎ᠠ ᠳᠡᠭᠡᠷ᠎ᠡ᠎ᠪᠡᠨ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭ᠍ᠰᠠᠨ ᠨᠠᠮ᠎ᠤᠨ ᠲᠥᠪ ᠬᠣᠷᠢᠶ᠎ᠠ᠎ᠲᠠᠶ ᠳᠡᠭᠡᠳᠦ ᠬᠡᠮᠵᠢᠶ᠎ᠡ᠎ᠪᠡᠷ ᠨᠢᠭᠡᠳᠦᠯᠲᠡᠢ ᠪᠠᠢᠪᠠᠯ ᠤᠷᠤᠭ᠍ᠰᠢᠯᠠᠯᠲᠠ᠎ᠶ᠋ᠢᠨ ᠬᠥᠳᠡᠯᠭᠡᠬᠦ᠌ ᠬᠦᠴᠦᠨ ᠯᠠᠪᠲᠠᠢ ᠨᠡᠩ ᠬᠦᠴᠦᠷᠬᠡᠭ᠌ᠵᠢᠵᠦ᠍᠂ ᠲᠡᠮᠡᠴᠡᠯ᠎ᠦᠨ ᠵᠣᠷᠢᠭ ᠰᠠᠨᠠᠭ᠎ᠠ ᠯᠠᠪᠲᠠᠢ ᠨᠡᠩ ᠴᠤᠭ ᠪᠠᠳᠠᠷᠠᠩᠭᠤᠢ ᠪᠤᠯᠵᠤ᠂ ᠢᠯᠠᠯᠲᠠ ᠤᠯᠬᠤ ᠢᠲᠡᠭᠡᠯ ᠵᠣᠷᠢᠭ ᠯᠠᠪᠳᠠᠢ ᠨᠡᠩ ᠪᠠᠲᠤ ᠴᠢᠩᠭ᠎ᠠ ᠪᠤᠯᠵᠤ᠂ ᠥᠪᠥᠷ ᠮᠣᠩᠭᠣᠯ᠎ᠤᠨ ᠢᠷᠡᠭᠡᠳᠦᠢ ᠯᠠᠪᠲᠠᠢ ᠨᠡᠩ ᠰᠠᠢ᠌ᠨ ᠰᠠᠢᠬᠠᠨ ᠪᠣᠯᠬᠤ ᠶᠤᠮ᠃

ᠨᠡᠩ ᠤᠬᠠᠮᠰᠠᠷ ᠡᠴᠡ ᠪᠠᠨ 《ᠬᠣᠶᠠᠷ᠎ᠢ ᠲᠣᠭ᠍ᠲᠠᠭᠠᠬᠰᠠᠨ》 ᠢ᠋ ᠡᠷᠡᠰ ᠪᠠᠳᠤ  ᠬᠦᠷᠢᠶᠡᠯᠡᠵᠦ᠍᠂ 《ᠬᠣᠶᠠᠷ᠎ᠢ ᠬᠠᠮᠠᠭᠠᠯᠠᠬᠤ》 ᠎ᠶ᠋ᠢ ᠪᠡᠶᠡᠯᠡᠭᠦᠯᠬᠦ᠌᠎ᠨᠢ ᠬᠡᠢᠰᠪᠦᠷᠢ ᠶᠠᠭᠤᠮ᠎ᠠ ᠪᠢᠰᠢ᠂ ᠬᠠᠷᠢᠨ ᠪᠣᠳᠠᠲᠠᠶ ᠶᠤᠮ᠂ ᠡᠷᠬᠡᠪᠰᠢ ᠦᠨᠡᠨ ᠪᠣᠳᠠᠲᠠᠶ ᠠᠵᠢᠯᠯᠠᠭ᠎ᠠ ᠳᠡᠭᠡᠷ᠎ᠡ ᠪᠠᠨ ᠢᠯᠡᠷᠡᠭᠦᠯᠬᠦ᠌ ᠬᠡᠷᠡᠭ᠌ᠲᠡᠶ᠃ ᠮᠠᠨ᠎ᠤ ᠤᠯᠤᠰ᠎ᠤᠨ ᠬᠥᠭ᠌ᠵᠢᠯᠲᠡ᠎ᠶ᠋ᠢᠨ ᠣᠯᠤᠭ᠍ᠰᠠᠨ ᠶᠡᠷᠦ᠍ ᠪᠤᠰᠤ᠎ᠶ᠋ᠢᠨ ᠠᠮᠵᠢᠯᠲᠠ ᠪᠦᠲᠦᠮᠵᠢ ᠪᠣᠯᠤᠨ ᠢᠯᠡᠷᠡᠭᠦᠯᠦᠭ᠌ᠰᠡᠨ ᠭᠡᠭᠡᠨ ᠰᠠᠷᠠᠭᠤᠯ ᠠᠯᠤᠰ ᠢᠷᠡᠭᠡᠳᠦᠢ᠎ᠡᠴᠡ 《ᠬᠣᠶᠠᠷ᠎ᠢ ᠲᠣᠭ᠍ᠲᠠᠭᠠᠬᠰᠠᠨ》 ᠤ᠋ ᠱᠢᠢᠳᠪᠦᠷᠢᠯᠡᠭᠴᠢ  ᠴᠢᠨᠠᠷᠲᠠᠢ ᠠᠴᠢ ᠬᠣᠯᠪᠣᠭ᠍ᠳᠠᠯ᠎ᠢ ᠨᠡᠩ ᠭᠦᠨᠵᠡᠭᠡᠢ ᠣᠢᠯᠠᠭᠠᠵᠤ᠂ ᠶᠡᠷᠦᠩᠬᠡᠢ ᠱᠦᠵᠢ ᠰᠢ ᠵᠢᠨ ᠫᠢᠩ᠎ᠦᠨ ᠵᠢᠯᠤᠭᠤᠳᠤᠯᠭ᠎ᠠ ᠵᠠᠷᠯᠢᠭ ᠵᠢᠭᠠᠪᠤᠷᠢ ᠵᠢ ᠰᠡᠳᠭᠢᠯ ᠲᠠᠯᠪᠢᠨ ᠰᠣᠨᠣᠰᠭᠤ᠎ᠶ᠋ᠢ ᠢᠮᠠᠭ᠍ᠲᠠ ᠪᠡᠶᠡᠯᠡᠭᠦᠯᠵᠥ ᠂ ᠶᠡᠷᠦᠩᠬᠡᠢ ᠱᠦᠵᠢ ᠰᠢ ᠵᠢᠨ ᠫᠢᠩ ᠬᠠᠮᠢᠭᠠᠰᠢ ᠵᠢᠭᠠᠪᠠᠯ ᠲᠦᠮᠡᠨ ᠪᠡᠷᠬᠡ᠎ᠵᠢ ᠳᠠᠪᠠᠵᠤ ᠪᠠᠢᠭᠠᠳ ᠲᠡᠨᠳᠡ ᠬᠦᠷᠬᠦ᠌ ᠪᠥᠭᠡᠳ ᠢᠯᠠᠯᠲᠠ᠎ᠶ᠋ᠢ ᠲᠡᠮᠡᠴᠡᠨ ᠤᠯᠬᠤ ᠬᠡᠷᠡᠭ᠌ᠲᠡᠢ; 《ᠬᠣᠶᠠᠷ᠎ᠢ ᠲᠣᠭ᠍ᠲᠠᠭᠠᠬᠰᠠᠨ》 ᠢ᠋ ᠬᠦᠷᠢᠶᠡᠯᠡᠬᠦ᠌᠂  《ᠬᠣᠶᠠᠷ᠎ᠢ ᠬᠠᠮᠠᠭᠠᠯᠠᠬᠤ》 ᠶ᠋ᠢ ᠪᠡᠶᠡᠯᠡᠭᠦᠯᠬᠦ᠌᠎ᠶ᠋ᠢ ᠪᠣᠳᠠᠲᠤ ᠠᠵᠢᠯᠯᠠᠭ᠎ᠠ ᠳᠡᠭᠡᠷ᠎ᠡ᠎ᠪᠡᠨ ᠦᠨᠡᠨ ᠬᠦ᠌ ᠨᠠᠢᠳᠠᠪᠤᠷᠢᠵᠢᠭᠤᠯᠵᠤ᠂ ᠠᠵᠢᠯ᠎ᠤᠨ ᠦᠷ᠎ᠡ ᠪᠦᠲᠦᠮᠵᠢ ᠳᠡᠭᠡᠷ᠎ᠡ᠎ᠪᠡᠨ ᠢᠯᠡᠷᠡᠭᠦᠯᠵᠦ᠍᠂ 《ᠲᠠᠪᠤᠨ ᠶᠡᠬᠡ ᠡᠭᠦᠷᠭᠡ》 ᠶ᠋ᠢ ᠪᠥᠬᠥ᠌ ᠬᠦᠴᠦᠨ᠎ᠢᠶᠡᠷ᠎ᠢᠶᠡᠨ ᠪᠡᠶᠡᠯᠡᠭᠦᠯᠵᠦ᠍᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠵᠤ ᠂ ᠱᠢᠨ᠎ᠡ ᠵᠠᠮ ᠢ᠋ ᠨᠡᠭᠡᠭᠡᠬᠦ᠌᠂ ᠳᠤᠮᠳᠠ ᠳᠦᠪᠰᠢᠨ᠎ᠳᠤ ᠣᠷᠣᠬᠤ ᠬᠠᠷᠠᠯᠲᠠ ᠲᠡᠢᠰᠢ ᠯᠠᠪᠳᠠᠭᠤᠨ ᠪᠠᠲᠤᠲᠠᠶ ᠤᠷᠤᠭ᠍ᠰᠢᠯᠠᠵᠤ᠂ ᠡᠬᠡ ᠤᠯᠤᠰ᠎ᠤᠨ ᠤᠮᠠᠷᠠᠲᠤ᠎ᠶ᠋ᠢᠨ ᠦᠵᠡᠮᠵᠢ᠎ᠶ᠋ᠢᠨ ᠣᠷᠣᠨ᠎ᠢᠶᠠᠨ ᠨᠠᠩ ᠦᠵᠡᠰᠭᠦᠯᠡᠩᠲᠦ ᠰᠠᠢᠬᠠᠨ ᠪᠣᠯᠭᠠᠨ ᠪᠥᠲᠥᠭᠡᠨ ᠪᠠᠢᠭᠤᠯᠬᠤ᠎ᠪᠠᠷ ᠴᠢᠷᠮᠠᠢᠬᠤ ᠬᠡᠷᠡᠭ᠌ᠲᠡᠶ᠃

ᠤᠳᠤᠷᠢᠳᠤᠭ᠍ᠴᠢ ᠠᠶᠠᠯᠠᠯ᠎ᠤᠨ ᠴᠢᠭ᠌ᠯᠡᠯ᠎ᠢ ᠵᠢᠭᠠᠵᠤ ᠦᠭᠴᠤ᠂ ᠬᠦᠰᠡᠯ ᠵᠡᠭᠦᠳᠦ ᠢᠷᠡᠭᠡᠳᠦᠶ᠎ᠶ᠋ᠢ ᠭᠡᠷᠡᠯᠲᠦᠭᠦᠯᠦᠨ᠎ᠡ᠃ ᠪᠢᠳᠡ ᠰᠢ ᠵᠢᠨ ᠫᠢᠩ ᠨᠥᠬᠥᠷ᠎ᠢᠶᠡᠷ ᠭᠤᠤᠯ ᠪᠣᠯᠭᠠᠭ᠍ᠰᠠᠨ ᠨᠠᠮ᠎ᠤᠨ ᠲᠥᠪ ᠬᠣᠷᠢᠶ᠎ᠠ ᠵᠢᠨ ᠲᠣᠭᠣᠷᠢᠨ᠎ᠳᠤ ᠨᠠᠩ ᠨᠢᠭ᠍ᠲᠠᠷᠠᠨ ᠪᠦᠯᠬᠦᠮᠳᠡᠵᠦ᠍᠂ ᠮᠣᠩᠭᠣᠯ ᠮᠣᠷᠢᠨ᠎ᠤ ᠵᠣᠷᠢᠭ ᠰᠠᠨᠠᠭ᠎ᠠ᠎ᠶ᠋ᠢ ᠶᠡᠬᠡ᠎ᠪᠡᠷ ᠪᠠᠳᠠᠷᠠᠭᠤᠯᠵᠤ᠂ ᠦᠨᠡᠨ ᠬᠦ᠌ ᠠᠳᠭᠤᠨ ᠪᠣᠳᠠᠲᠠᠶ ᠠᠵᠢᠯᠯᠠᠵᠤ ᠬᠣᠶᠠᠷ ᠶᠡᠬᠡ ᠶᠠᠪᠤᠳᠠᠯ᠎ᠢ ᠨᠠᠩ ᠭᠢᠯᠠᠯᠵᠠᠲᠠᠯ᠎ᠠ ᠰᠠᠢᠳᠤᠷ ᠬᠢᠵᠦ ᠂ ᠳᠤᠮᠳᠠᠳᠤ ᠤᠯᠤᠰ᠎ᠤᠨ ᠮᠠᠶᠢᠭ᠎ᠤᠨ ᠤᠳᠤᠬᠢᠴᠢᠯᠠᠯᠳᠠ ᠵᠢᠨ ᠥᠪᠥᠷ ᠮᠣᠩᠭᠣᠯ᠎ᠤᠨ ᠱᠢᠨ᠎ᠡ ᠬᠠᠭᠤᠳᠠᠰᠤ᠎ᠶ᠋ᠢ ᠪᠢᠴᠢᠭ᠌ᠯᠡᠭ᠌ᠦ ᠪᠣᠳᠠᠲᠤ ᠠᠵᠢᠯᠯᠠᠭ᠎ᠠ᠎ᠪᠠᠷ᠎ᠢᠶᠠᠨ 《ᠬᠣᠶᠠᠷ᠎ᠢ ᠲᠣᠭ᠍ᠲᠠᠭᠠᠬᠰᠠᠨ》 ᠢ᠋ ᠡᠷᠡᠰ ᠬᠦᠷᠢᠶᠡᠯᠡᠵᠦ᠍᠂  《ᠬᠣᠶᠠᠷ᠎ᠢ ᠬᠠᠮᠠᠭᠠᠯᠠᠬᠤ》 ᠶ᠋ᠢ ᠡᠷᠡᠰ ᠪᠡᠶᠡᠯᠡᠭᠦᠯᠵᠦ᠍᠂ ᠱᠢᠨ᠎ᠡ ᠠᠭᠤᠤ ᠶᠡᠬᠡ ᠲᠡᠮᠡᠴᠡᠯ᠎ᠢᠶᠡᠷ ᠶᠡᠷᠦᠩᠬᠡᠶ ᠱᠦᠵᠢ ᠰᠢ ᠵᠢᠨ ᠫᠢᠩ ᠪᠣᠯᠤᠨ ᠨᠠᠮ᠎ᠤᠨ ᠲᠥᠪ ᠬᠣᠷᠢᠶ᠎ᠠ᠂ ᠪᠥᠬᠥ᠌ ᠣᠷᠣᠨ᠎ᠤ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠳᠦ ᠨᠢᠬᠡᠨ ᠬᠤᠪᠢ ᠬᠢᠷᠢ ᠲᠡᠩᠴᠡᠭ᠌ᠰᠡᠨ ᠬᠠᠷᠢᠭᠤᠯᠲᠠ᠎ᠶ᠋ᠢᠨ ᠬᠠᠭᠤᠳᠠᠰᠤ ᠵᠢ ᠲᠤᠱᠢᠶᠠᠬᠤ ᠬᠡᠷᠡᠭᠳᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号