《ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠢ ᠨᠠᠷᠢᠨ ᠬᠢᠨᠠᠮᠠᠭᠠᠶ ᠰᠣᠨᠣᠰᠤᠭ᠍ᠰᠠᠨ᠎ᠤ ᠳᠠᠷᠠᠭ᠎ᠠ ᠲᠤᠢᠯ᠎ᠢᠶᠠᠷ ᠤᠷᠮᠠᠱᠢᠨ ᠵᠣᠷᠢᠭ᠍ᠵᠢᠯᠠ᠃ ᠢᠯᠡᠳᠭᠡᠯ᠎ᠳᠦ 〈ᠠᠮᠤ ᠪᠤᠳᠠᠭ᠎ᠠ ᠪᠠ ᠴᠢᠬᠤᠯᠠ ᠲᠠᠷᠢᠶᠠᠯᠠᠩ᠎ᠤᠨ ᠪᠦᠲᠦᠭᠡᠭ᠌ᠳᠡᠬᠦᠨ᠎ᠦ ᠤᠨᠠᠯᠲᠠ᠎ᠶ᠋ᠢ ᠲᠣᠭ᠍ᠲᠠᠪᠤᠷᠢᠵᠢᠭᠤᠯᠤᠨ ᠬᠠᠩᠭᠠᠯᠭ᠎ᠠ᠎ᠶ᠋ᠢ ᠪᠠᠲᠤᠯᠠᠬᠤ᠎ᠶ᠋ᠢ ᠴᠢᠩᠭᠠᠳᠭᠠᠬᠤ ᠬᠡᠷᠡᠭ᠌ᠲᠡᠢ〉᠂ 〈ᠡᠯ᠎ᠡ ᠭᠠᠵᠠᠷ ᠣᠷᠣᠨ ᠴᠥᠮ ᠤᠯᠤᠰ᠎ᠤᠨ ᠠᠮᠤ ᠪᠤᠳᠠᠭᠠᠨ᠎ᠤ ᠠᠮᠤᠷ ᠲᠦᠪᠱᠢᠨ᠎ᠢ ᠪᠠᠲᠤᠯᠠᠬᠤ ᠬᠠᠷᠢᠭᠤᠴᠠᠯᠭ᠎ᠠ᠎ᠶ᠋ᠢ ᠡᠭᠦᠷᠭᠡᠯᠡᠬᠦ᠌ ᠬᠡᠷᠡᠭ᠌ᠲᠡᠢ〉 ᠭᠡᠵᠦ᠍ ᠳᠤᠷᠠᠳᠤᠭ᠍ᠰᠠᠨ ᠨᠢ ᠨᠠᠳᠠ᠎ᠳᠤ ᠬᠠᠷᠢᠭᠤᠴᠠᠯᠭ᠎ᠠ ᠨᠡᠨᠭ ᠶᠡᠬᠡ ᠪᠤᠯᠤᠭᠰᠠᠨ ᠰᠢᠭ᠋ᠰᠠᠨᠠᠭᠳᠠᠭᠤᠯᠤᠨᠠ》 ᠭᠡᠵᠦ᠍ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠥᠯᠥᠭᠡᠯᠡᠭ᠌ᠴᠢ᠂ ᠬᠥᠯᠥᠨ ᠪᠤᠢ᠌ᠷ ᠬᠤᠳᠠ᠎ᠶ᠋ᠢᠨ ᠡᠸᠡᠩᠬᠢ ᠦᠨᠳᠦᠰᠦᠲᠡᠨ᠎ᠦ ᠥᠪᠡᠷᠲᠡᠭᠡᠨ ᠵᠠᠰᠠᠬᠤ ᠬᠣᠱᠢᠭᠤᠨ᠎ᠤ ᠨᠠᠮ᠎ᠤᠨ ᠬᠤᠷᠢᠶ᠎ᠠ᠎ᠵᠢᠨ ᠳᠡᠳ᠋ ᠱᠦᠵᠢ᠂ ᠬᠣᠱᠢᠭᠤᠨ ᠳᠠᠷᠤᠭ᠎ᠠ ᠣᠤ ᠡᠾᠥ᠋ᠢ ᠷᠠᠨ ᠬᠡᠯᠡᠪᠡ᠃

ᠣᠤ ᠡᠾᠥ᠋ᠢ ᠷᠠᠨ᠄ 《〈ᠥᠪᠥᠷ ᠮᠣᠩᠭᠣᠯ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠵᠤ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠱᠢᠨ᠎ᠡ ᠬᠠᠭᠤᠳᠠᠰᠤ᠎ᠶ᠋ᠢ ᠴᠢᠷᠮᠠᠢᠨ ᠪᠢᠴᠢᠭ᠌ᠯᠡᠬᠦ᠌ ᠲᠤᠬᠠᠶ ᠲᠥᠷᠥ᠎ᠶ᠋ᠢᠨ ᠶᠠᠪᠤᠳᠠᠯ᠎ᠤᠨ ᠬᠤᠷᠢᠶ᠎ᠠ᠎ᠵᠢᠨ ᠰᠠᠨᠠᠯ〉 ᠢ᠋ ᠨᠡᠢᠲᠡᠯᠡᠭ᠌ᠰᠡᠨ᠎ᠨᠢ ᠪᠢᠳᠡᠨ᠎ᠦ ᠶᠡᠷᠦᠩᠬᠡᠶ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠳᠤ ᠲᠤᠱᠢᠶᠠᠭ᠍ᠰᠠᠨ ᠲᠠᠪᠤᠨ ᠶᠡᠬᠡ ᠡᠭᠦᠷᠭᠡ᠎ᠶ᠋ᠢ ᠨᠠᠩ ᠰᠠᠢᠲᠤᠷ ᠪᠡᠶᠡᠯᠡᠭᠦᠯᠵᠦ᠍᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ᠌ ᠲᠠᠯ᠎ᠠ᠎ᠪᠠᠷ ᠪᠥᠲᠥᠭᠡᠨ ᠪᠠᠢᠭᠤᠯᠬᠤ᠎ᠳᠤ ᠴᠢᠬᠤᠯᠠ ᠶᠡᠬᠡ ᠠᠴᠢ ᠬᠣᠯᠪᠣᠭ᠍ᠳᠠᠯ᠎ᠲᠠᠶ ᠪᠥᠭᠡᠳ ᠠᠯᠤᠰ ᠬᠡᠲᠦ᠍᠎ᠶ᠋ᠢᠨ ᠨᠥᠯᠥᠭᠡ᠎ᠲᠡᠶ ᠶᠤᠮ᠃ ᠡᠨᠡ ᠵᠢᠯ᠎ᠦᠨ ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠳᠡᠬᠢ ᠬᠠᠮᠢᠶ᠎ᠠ ᠪᠥᠬᠥᠶ ᠪᠠᠢᠷᠢᠯᠠᠭᠤᠯᠤᠯᠲᠠ ᠪᠠᠰᠠ ᠡᠭᠦᠨ᠎ᠲᠡᠶ ᠨᠢᠭ᠍ᠲᠠ ᠬᠣᠯᠪᠣᠭ᠎ᠠ᠎ᠲᠠᠶ᠃ ᠱᠢᠨ᠎ᠡ ᠠᠶᠠᠨ ᠱᠢᠨ᠎ᠡ ᠡᠭᠦᠷᠭᠡ ᠬᠠᠷᠢᠭᠤᠴᠠᠯᠭ᠎ᠠ᠎ᠵᠢᠨ ᠳᠤᠮᠳᠠ ᠡᠴᠡ᠂ ᠪᠢᠳᠡ ᠤᠬᠠᠮᠰᠠᠷ᠎ᠡᠴᠡ᠎ᠪᠠᠨ ᠡᠭᠦᠷᠭᠡ ᠡᠷᠢᠵᠦ᠍᠂ ᠬᠠᠷᠢᠭᠤᠴᠠᠯᠭ᠎ᠠ ᠡᠷᠢᠵᠦ᠍᠂ ᠠᠵᠠ ᠲᠣᠬᠢᠶᠠᠯ ᠡᠷᠢᠬᠦ᠌ ᠬᠡᠷᠡᠭ᠌ᠲᠡᠢ》 ᠭᠡᠵᠦ ᠬᠡᠯᠡᠪᠡ᠃
ᠤᠣ ᠡᠾᠥ᠋ᠢ ᠷᠠᠨ᠂ ᠲᠡᠵᠢᠭᠡᠯ ᠡᠪᠡᠰᠤᠨ᠎ᠤ ᠠᠵᠤ ᠦᠶ᠋ᠯᠡᠰ ᠪᠣᠯ ᠮᠠᠯ ᠠᠵᠤ ᠠᠬᠤᠶ᠎ᠶ᠋ᠢᠨ ᠲᠣᠭ᠍ᠲᠠᠭᠤᠨ᠎ᠢᠶᠠᠷ ᠬᠥᠭ᠌ᠵᠢᠬᠦ᠌ ᠪᠠ ᠬᠡᠯᠪᠡᠷᠢ᠎ᠪᠡᠨ ᠬᠤᠪᠢᠷᠠᠭᠤᠯᠤᠨ ᠲᠠᠰ ᠳᠡᠪᠱᠢᠭᠦᠶ᠋ᠢ ᠪᠠᠲᠤᠯᠠᠬᠤ ᠴᠢᠬᠤᠯᠠ ᠲᠤᠯᠭᠠᠭᠤᠷᠢᠯᠠᠯ ᠮᠥᠨ᠂ ᠡᠪᠡᠰᠦ ᠪᠣᠷᠳᠣᠭ᠎ᠠ᠎ᠶ᠋ᠢᠨ ᠬᠠᠩᠭᠠᠯᠭ᠎ᠠ᠎ᠶ᠋ᠢ ᠪᠠᠲᠤᠯᠠᠬᠤ ᠪᠣᠯ ᠮᠢᠬ᠎ᠠ ᠥᠨᠳᠡᠭᠡ ᠰᠦ ᠵᠡᠷᠭᠡ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠦ ᠬᠠᠩᠭᠠᠯᠭ᠎ᠠ᠎ᠶ᠋ᠢᠨ ᠠᠮᠤᠷ ᠲᠦᠪᠱᠢᠨ᠎ᠢ ᠪᠠᠲᠤᠯᠠᠬᠤ᠎ᠵᠢᠨ ᠰᠠᠭᠤᠷᠢ ᠨᠥᠬᠥᠴᠡᠯ ᠮᠥᠨ᠂ ᠲᠠᠷᠢᠮᠠᠯ ᠡᠪᠡᠰᠤ ᠵᠢᠨ ᠰᠠᠭᠤᠷᠢᠨ᠎ᠤ ᠪᠥᠲᠥᠭᠡᠨ ᠪᠠᠢᠭᠤᠯᠤᠯᠲᠠ ᠪᠣᠯ ᠪᠠᠢᠭᠠᠯᠢ᠎ᠶ᠋ᠢᠨ ᠨᠤᠲᠤᠭ ᠪᠡᠯᠴᠢᠭᠡᠷ᠎ᠲᠦ ᠪᠡᠯᠴᠢᠭᠡᠷᠯᠡᠭᠦᠯᠬᠦ᠌ ᠳᠠᠷᠤᠯᠲᠠ᠎ᠶ᠋ᠢ ᠨᠠᠮᠳᠠᠭᠤᠯᠬᠤ᠂ ᠨᠤᠲᠤᠭ ᠪᠡᠯᠴᠢᠭᠡᠷ᠎ᠦᠨ ᠠᠮᠢ ᠠᠬᠤᠶ᠎ᠶ᠋ᠢᠨ ᠴᠢᠳᠠᠮᠵᠢ᠎ᠶ᠋ᠢ ᠰᠡᠷᠭᠦᠭᠡᠬᠦ᠌᠎ᠶ᠋ᠢ ᠠᠬᠢᠭᠤᠯᠬᠤ ᠴᠢᠬᠤᠯᠠ ᠠᠷᠭ᠎ᠠ ᠵᠠᠮ᠎ᠤᠨ ᠨᠢᠭᠡ ᠮᠥᠨ᠂ ᠪᠠᠢᠭᠠᠯᠢ᠎ᠶ᠋ᠢᠨ ᠪᠡᠯᠴᠢᠭᠡᠷ ᠪᠠ ᠲᠠᠷᠢᠮᠠᠯ ᠪᠡᠯᠴᠢᠭᠡᠷ᠎ᠢ ᠰᠠᠢᠲᠤᠷ ᠠᠱᠢᠭ᠍ᠯᠠᠨ ᠠᠮᠤ ᠪᠤᠳᠠᠭ᠎ᠠ ᠠᠷᠪᠢᠯᠠᠬᠤ ᠬᠡᠯᠪᠡᠷᠢ᠎ᠶ᠋ᠢᠨ ᠪᠡᠯᠴᠢᠭᠡᠷ᠎ᠦᠨ ᠮᠠᠯ ᠠᠵᠤ ᠠᠬᠤᠶ᠎ᠶ᠋ᠢ ᠬᠥᠭ᠌ᠵᠢᠭᠦᠯᠬᠦ᠌ ᠨᠢ ᠠᠮᠤ ᠪᠤᠳᠠᠭᠠᠨ᠎ᠤ ᠠᠮᠤᠷ ᠲᠦᠪᠱᠢᠨ᠂ ᠠᠮᠢ ᠠᠬᠤᠶ᠎ᠶ᠋ᠢᠨ ᠠᠮᠤᠷ ᠲᠦᠪᠱᠢᠨ ᠪᠠ ᠬᠢᠯᠢ ᠬᠢᠵᠠᠭᠠᠷ᠎ᠢ ᠪᠡᠬᠢᠵᠢᠭᠦᠯᠵᠦ᠍ ᠠᠷᠠᠳ᠎ᠢ ᠪᠠᠶᠠᠵᠢᠭᠤᠯᠬᠤ᠎ᠳᠤ ᠴᠢᠬᠤᠯᠠ ᠠᠴᠢ ᠬᠣᠯᠪᠣᠭ᠍ᠳᠠᠯ᠎ᠲᠠᠶ ᠶᠤᠮ ᠭᠡᠵᠦ ᠦᠵᠡᠪᠡ᠃
ᠭᠦᠶ᠋ᠴᠡᠳ ᠪᠠᠢᠴᠠᠭᠠᠨ ᠰᠤᠳᠤᠯᠤᠯᠲᠠ ᠬᠢᠬᠦ᠌᠎ᠪᠡᠷ ᠳᠡᠮᠵᠢᠨ ᠣᠤ ᠡᠾᠥ᠋ᠢ ᠷᠠᠨ᠂ ᠣᠳᠣᠬᠠᠨ᠎ᠳᠤ ᠲᠡᠵᠢᠭᠡᠯ ᠡᠪᠡᠰᠦᠨ᠎ᠤ ᠠᠵᠤ ᠦᠶ᠋ᠯᠡᠰ᠎ᠦᠨ ᠬᠥᠭ᠌ᠵᠢᠯᠲᠡ᠎ᠶ᠋ᠢᠨ ᠳᠤᠮᠳᠠ᠂ ᠬᠤᠳᠠᠯᠳᠤᠨ ᠠᠪᠴᠤ᠌ ᠨᠥᠭᠡᠴᠡᠯᠡᠬᠦ᠌ ᠭᠣᠭ᠍ᠴᠣᠭ᠎ᠠ ᠮᠥᠨ ᠯᠡ ᠲᠤᠢᠯ᠎ᠤᠨ ᠪᠠᠭᠤᠷᠠᠶ ᠪᠠᠢᠵᠤ᠂ ᠲᠡᠵᠢᠭᠡᠯ ᠡᠪᠡᠰᠤ ᠨᠥᠭᠡᠴᠡᠯᠡᠬᠦ᠌ ᠲᠦᠷᠢᠮ ᠲᠡᠭᠦᠯᠳᠡᠷ ᠪᠤᠰᠤ᠂ ᠲᠡᠵᠢᠭᠡᠯ ᠡᠪᠡᠰᠤ ᠨᠥᠭᠡᠴᠡᠯᠡᠬᠦ᠌ ᠮᠥᠩᠭᠥᠨ ᠭᠦᠶ᠋ᠯᠭᠡᠭᠡᠨᠳᠠᠭᠠᠳᠭᠠᠯᠤᠨ ᠲᠥᠷᠥ᠎ᠶ᠋ᠢᠨ ᠪᠣᠳᠣᠯᠭ᠎ᠠ ᠲᠤᠳᠠᠬᠳᠠᠵᠤ ᠪᠠᠢᠭ᠎ᠠ ᠵᠡᠷᠭᠡ ᠠᠰᠠᠭᠤᠳᠠᠯ ᠣᠷᠣᠱᠢᠵᠤ᠂ ᠲᠡᠵᠢᠭᠡᠯ ᠡᠪᠡᠰᠤᠨ᠎ᠤ ᠠᠵᠤ ᠦᠶ᠋ᠯᠡᠰ᠎ᠦᠨ ᠡᠷᠡᠭᠦᠯ᠎ᠢᠶᠡᠷ ᠬᠥᠭ᠌ᠵᠢᠬᠦ᠌᠎ᠶ᠋ᠢ ᠬᠢᠵᠠᠭᠠᠷᠯᠠᠵᠤ ᠪᠠᠢᠬᠤ᠎ᠶ᠋ᠢ ᠣᠯᠵᠤ ᠮᠡᠳᠡᠵᠡᠶ᠃ ᠡᠨᠡ ᠵᠢᠯ᠎ᠦᠨ ᠪᠦᠬᠦ᠌ ᠤᠯᠤᠰ᠎ᠤᠨ ᠬᠣᠶᠠᠷ ᠬᠤᠷᠠᠯ ᠳᠡᠭᠡᠷ᠎ᠡ᠂ ᠲᠡᠷᠡ 《ᠲᠡᠵᠢᠭᠡᠯ ᠡᠪᠡᠰᠤ᠎ᠶ᠋ᠢ ᠤᠯᠤᠰ᠎ᠤᠨ ᠡᠳ᠋ ᠪᠣᠳᠠᠰ ᠨᠥᠭᠡᠴᠡᠯᠡᠬᠦ᠌ ᠲᠥᠯᠥᠪᠯᠡᠭᠡ᠎ᠳᠦ ᠣᠷᠣᠭᠤᠯᠵᠤ᠂ ᠲᠠᠯ᠎ᠠ ᠨᠤᠲᠤᠭ᠎ᠤᠨ ᠮᠠᠯᠵᠢᠬᠤ ᠣᠷᠣᠨ᠎ᠤ ᠮᠠᠯ ᠠᠵᠤ ᠠᠬᠤᠢ᠎ᠶ᠋ᠢᠨ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠬᠤ ᠲᠤᠬᠠᠢ ᠰᠠᠨᠠᠭᠤᠯᠭ᠎ᠠ》 ᠳᠤᠷᠠᠳᠴᠤ᠌᠂ ᠤᠯᠤᠰ᠎ᠡᠴᠡ ᠲᠡᠵᠢᠭᠡᠯ ᠡᠪᠡᠰᠤ ᠶ᠋ᠢ ᠤᠯᠤᠰ᠎ᠤᠨ ᠡᠳ᠋ ᠪᠣᠳᠠᠰ ᠨᠥᠭᠡᠴᠡᠯᠡᠬᠦ᠌ ᠱᠢᠰᠲ᠋ᠧᠮ᠎ᠳᠦ ᠣᠷᠣᠭᠤᠯᠵᠤ᠂ ᠮᠠᠯ ᠠᠵᠤ ᠠᠬᠤᠢ᠎ᠶ᠋ᠢᠨ ᠠᠮᠤᠷ ᠲᠦᠪᠱᠢᠨ ᠲᠣᠭ᠍ᠲᠠᠭᠤᠨ ᠬᠥᠭ᠌ᠵᠢᠯᠲᠡ᠎ᠶ᠋ᠢ ᠪᠠᠲᠤᠯᠠᠬᠤ᠎ᠶ᠋ᠢ ᠬᠦᠰᠡᠪᠡ᠃ ᠡᠭᠦᠨ᠎ᠦ ᠬᠠᠮᠲᠤ᠂ ᠭᠠᠮᠱᠢᠭ᠎ᠡᠴᠡ ᠠᠪᠤᠷᠬᠠᠸ᠋ ᠲᠡᠵᠢᠭᠡᠯ ᠡᠪᠡᠰᠤ ᠨᠥᠭᠡᠴᠡᠯᠡᠬᠦ᠌᠎ᠶ᠋ᠢ ᠲᠠᠰ ᠬᠤᠪᠢᠶᠠᠨ ᠬᠠᠮᠢᠶᠠᠷᠬᠤ ᠲᠦᠷᠢᠮ᠎ᠢ ᠤᠯᠠᠮ ᠴᠢᠨᠠᠭᠰᠢᠳᠠ ᠪᠦᠷᠢᠨᠱᠢᠬᠦᠯᠵᠦ᠍᠂ ᠲᠡᠵᠢᠭᠡᠯ ᠡᠪᠡᠰᠤ ᠨᠥᠭᠡᠴᠡᠯᠡᠬᠦ᠌ ᠪᠠᠯᠠ ᠮᠥᠩᠭᠥ᠎ᠶ᠋ᠢᠨ ᠪᠠᠲᠤᠯᠠᠭ᠎ᠠ᠎ᠶ᠋ᠢᠨ ᠡᠷᠴᠢᠮ᠎ᠢ ᠴᠢᠩᠭᠠᠷᠠᠭᠤᠯᠤᠨ᠂ ᠲᠡᠵᠢᠭᠡᠯ ᠡᠪᠡᠰᠤ ᠨᠥᠭᠡᠴᠡᠯᠡᠬᠦ᠌ ᠳᠠᠭᠠᠳᠭᠠᠯ᠎ᠤᠨ ᠲᠥᠷᠥ᠎ᠶ᠋ᠢᠨ ᠪᠣᠳᠣᠯᠭ᠎ᠠ᠎ᠶ᠋ᠢ ᠬᠡᠷᠡᠭ᠌ᠵᠢᠭᠦᠯᠵᠦ᠍᠂ ᠲᠡᠵᠢᠭᠡᠯ ᠡᠪᠡᠰᠤᠨ᠎ᠤ ᠠᠵᠤ ᠦᠶ᠋ᠯᠡᠰ᠎ᠦᠨ ᠲᠣᠭ᠍ᠲᠠᠭᠤᠨ᠎ᠢᠶᠠᠷ ᠬᠥᠭ᠌ᠵᠢᠬᠦ᠌᠎ᠶ᠋ᠢ ᠲᠠᠰᠤᠷᠠᠯᠲᠠ ᠥᠬᠡᠶ ᠠᠬᠢᠭᠤᠯᠤᠨ᠂ ᠲᠡᠵᠢᠭᠡᠯ ᠡᠪᠡᠰᠤᠨ᠎ᠤ ᠠᠵᠤ ᠦᠶ᠋ᠯᠡᠰ᠎ᠦᠨ ᠪᠦᠯᠦᠭ᠌ᠵᠢᠯ᠎ᠢ ᠪᠤᠵᠠᠭᠠᠢᠷᠠᠭᠤᠯᠤᠨ ᠬᠦᠴᠦᠷᠬᠡᠭ᠌ᠵᠢᠭᠦᠯᠵᠦ᠍᠂ ᠮᠠᠯ ᠠᠵᠤ ᠠᠬᠤᠶ᠎ᠶ᠋ᠢᠨ ᠬᠥᠭ᠌ᠵᠢᠯᠲᠡ᠎ᠶ᠋ᠢ ᠳᠠᠢᠴᠢᠯᠠᠨ ᠲᠠᠰ ᠳᠡᠪᠱᠢᠭᠦᠯᠬᠦ ᠵᠢ ᠬᠦᠰᠡᠪᠡ᠃