《 ᠵᠠᠩ ᠡᠪᠦᠬᠡ ᠡ᠂ ᠲᠠᠨ᠎ᠤ ᠰᠠᠳᠤᠨ ᠢ᠋ ᠴᠢᠨᠢ ᠡᠷᠢᠭᠡᠳ ᠤᠯᠴᠢᠬᠠᠵᠠᠢ!》
《ᠵᠠᠩ ᠡᠪᠦᠭᠡ ᠠ᠋᠂ ᠲᠠᠨ᠎ᠤ ᠨᠤᠲᠤᠭ ᠵᠢᠶᠠᠩᠰᠤ ᠮᠤᠵᠢ᠎ᠶᠢᠨ ᠴᠠᠩᠵᠸᠦ ᠬᠣᠲᠠ᠎ᠳᠤ ᠪᠠᠢᠨ᠎ᠠ ! 》
《ᠵᠠᠩ ᠡᠪᠦᠬᠡ ᠡ᠂ ᠲᠦᠷᠦᠯ ᠰᠠᠳᠤᠨ ᠵᠢᠡᠨ ᠲᠠᠨᠢᠵᠤ ᠠᠪᠬᠤ ᠴᠠᠬ ᠵᠢᠡᠨ ᠵᠦᠪᠳᠡᠯᠴᠡᠵᠦ ᠪᠤᠯᠤᠨ᠎ᠠ !》
ᠴᠠᠭᠠᠨ ᠰᠠᠷ᠎ᠠ᠎ᠶᠢᠨ ᠡᠬᠢ᠎ᠪᠡᠷ᠂ ᠰᠢᠯᠢ᠎ᠶᠢᠨ ᠭᠣᠣᠯ ᠠᠢᠮᠠᠭ᠎ᠤᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ ᠡᠴᠨ ᠢᠷᠡᠬᠦᠯᠦᠭᠰᠡᠨ ᠤᠳᠠᠰᠤ ᠬᠦᠬᠡᠬᠤᠳᠠ ᠳ᠋ᠸ᠋ ᠰᠠᠭᠤᠭ᠎ᠠ ᠵᠠᠩ ᠵᠢᠢ ᠫᠢᠩ ᠤ᠋ᠨ ᠰᠡᠳᠬᠢᠯ ᠢ᠋ ᠲᠤᠬᠳᠤᠯᠤᠭᠤᠯᠤᠨ᠎ᠠ ᠃ ᠡᠨᠡ ᠬᠦ᠌ ᠪᠠᠯᠴᠢᠷ ᠪᠠᠭᠠᠡᠴᠨ ᠥᠪᠥᠷ ᠮᠣᠩᠭᠣᠯ᠎ᠳᠤ ᠥᠰᠴᠦ ᠪᠣᠢᠵᠢᠭ᠍ᠰᠠᠨ ᠡᠮᠦᠨᠡᠲᠦ ᠣᠷᠣᠨ᠎ᠤ ᠬᠥᠮᠥᠨ ᠵᠢᠷᠠ ᠵᠢᠨ ᠲᠠᠪᠠᠭ᠎ᠠ ᠲᠠᠪᠠᠵᠤ ᠵᠠᠵᠢᠨ ᠦᠰᠦ ᠪᠤᠭᠤᠷᠤᠯᠳᠤᠬᠤ ᠪᠡᠷ ᠰᠠᠶᠢ ᠲᠦᠷᠦᠭᠰᠡᠨ ᠨᠤᠳᠤᠬ ᠵᠢᠡᠨ ᠤᠯᠵᠤ ᠮᠡᠳᠡᠯ᠎ᠡ᠃
《ᠡᠢᠮᠦ ᠲᠦᠷᠭᠡᠨ ᠰᠠᠢᠨ ᠴᠢᠮᠡᠭᠡ ᠢᠷᠡᠨ᠎ᠡ ᠭᠡᠵᠦ ᠦᠨᠡᠬᠡᠷ ᠪᠣᠳᠣᠵᠤ ᠣᠯᠣᠭᠰᠠᠨ ᠦᠭᠡᠢ᠂ ᠳᠣᠲᠣᠭᠠᠳᠤ ᠶ᠋ᠢ ᠬᠠᠮᠠᠭᠠᠯᠠᠬᠤ ᠪᠠᠢᠭᠤᠯᠭ᠎ᠠ ᠠ᠋ᠴᠠ ᠲᠥᠷᠥᠯ ᠰᠠᠳᠤᠨ ᠢ᠋ ᠮᠢᠨᠢ ᠡᠷᠢᠵᠦ ᠥᠭᠭᠦᠭᠰᠡᠨ᠎ᠳᠦ ᠪᠠᠶᠠᠷᠯᠠᠵᠤ ᠪᠠᠢᠨ᠎ᠠ》 ᠬᠡᠵᠦ 66 ᠨᠠᠰᠤᠲᠠᠢ ᠵᠠᠩ ᠵᠢᠢ ᠫᠢᠩ ᠲᠤᠬᠳᠤᠯᠤᠩᠭᠤᠢ ᠬᠡᠯᠡᠨ᠎ᠡ᠃
ᠵᠠᠩ ᠵᠢᠢ ᠫᠢᠩ ᠪᠣᠯ 《ᠤᠯᠤᠰ᠎ᠤᠨ ᠬᠡᠦᠬᠡᠳ》 ᠶᠤᠮ᠃ 60 ᠭᠠᠷᠤᠢ ᠵᠢᠯ᠎ᠦᠨ ᠡᠮᠦᠨ᠎ᠡ᠂ ᠲᠡᠷᠡ 《ᠤᠯᠤᠰ᠎ᠤᠨ ᠬᠦᠴᠦᠨ》 ᠵᠢᠡᠷ ᠡᠷᠡᠬᠦᠯ ᠴᠢᠬᠢᠷᠠᠭ ᠦᠰᠦᠨ ᠪᠤᠢᠵᠢᠵᠤ᠂ 60 ᠭᠠᠷᠤᠢ ᠵᠢᠯ ᠤ᠋ᠨ ᠲᠠᠷᠠᠭ᠎ᠠ᠂ ᠲᠡᠷᠡ 《ᠤᠯᠤᠰ᠎ᠤᠨ ᠬᠦᠴᠦᠨ ᠵᠢᠡᠷ》 ᠲᠦᠷᠦᠭᠰᠡᠨ ᠨᠤᠳᠤᠬ ᠵᠢᠡᠨ ᠡᠷᠢᠵᠦ ᠤᠯᠪᠠ᠃
ᠲᠡᠭᠷᠢ ᠭᠠᠵᠠᠷ ᠢ ᠲᠤᠭᠳᠤᠯᠤᠭᠤᠯᠤᠮ᠎ᠠ ᠶᠡᠬᠡ ᠬᠠᠢᠷ᠎ᠠ ᠵᠢᠨ ᠲᠤᠤᠯᠢᠰ
ᠳᠡᠭᠡᠷ᠎ᠡ ᠵᠠᠭᠤᠨ᠎ᠤ ᠲᠠᠪᠢᠭᠠᠳ ᠣᠨ᠎ᠤ ᠰᠡᠭᠦᠯᠴᠢ ᠵᠢᠷᠠᠭᠠᠳ ᠣᠨ᠎ᠤ ᠡᠬᠢ᠎ᠪᠡᠷ᠂ ᠱᠠᠩᠬᠠᠢ᠂ ᠵᠢᠶᠠᠩᠰᠤ ᠵᠡᠷᠭᠡ ᠭᠠᠵᠠᠷ᠎ᠤᠨ ᠥᠨᠥᠴᠢᠨ ᠬᠡᠦᠬᠡᠳ᠎ᠦᠨ ᠬᠦᠷᠢᠶᠡᠯᠡᠩ ᠠᠮᠤ ᠪᠤᠳᠠᠭ᠎ᠠ ᠬᠦᠷᠦᠯᠴᠡᠬᠦ ᠦᠭᠡᠢ ᠪᠠᠢᠳᠠᠯ ᠳ᠋ᠸ᠋ ᠲᠤᠯᠭᠠᠷᠠᠪᠠ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠣᠯᠣᠨ ᠵᠠᠰᠠᠭ᠎ᠤᠨ ᠣᠷᠳᠣᠨ ᠰᠠᠨᠠᠭᠠᠴᠢᠯᠠᠭ᠎ᠠ ᠡᠴᠡ ᠪᠠᠨ ᠡᠷᠬᠦᠳᠡᠯ ᠭᠠᠷᠭᠠᠵᠤ᠂ ᠡᠮᠦᠨᠡᠲᠦ ᠣᠷᠣᠨ᠎ᠤ 3000 ᠭᠠᠷᠤᠢ ᠥᠨᠥᠴᠢᠨ ᠬᠡᠦᠬᠡᠳ ᠢ᠋ ᠦᠨᠢᠶᠡᠨ ᠰᠦ ᠪᠣᠯᠣᠨ ᠤᠯᠠᠭᠠᠨ ᠢᠳᠡᠭᠡᠨ ᠬᠠᠷᠢᠴᠠᠩᠭᠤᠢ ᠭᠦᠢᠴᠡᠳ ᠥᠪᠥᠷ ᠮᠣᠩᠭᠣᠯ᠎ᠳᠤ ᠲᠤᠰᠴᠤ ᠠᠪᠴᠢᠷᠠᠨ ᠦᠷᠡᠴᠢᠯᠡᠨ ᠲᠡᠵᠢᠬᠡᠵᠡᠢ᠂ ᠥᠪᠥᠷ ᠮᠣᠩᠭᠣᠯ᠎ᠳᠤ ᠢᠷᠡᠭᠰᠡᠨ ᠡᠲᠡᠭᠡᠷ ᠬᠡᠦᠬᠡᠳ ᠢ᠋ 《ᠤᠯᠤᠰ᠎ᠤᠨ ᠬᠡᠦᠬᠡᠳ》 ᠬᠡᠮᠡᠳᠡᠭ᠃
ᠪᠦᠬᠦ ᠣᠷᠣᠨ ᠲᠠᠶᠠᠭᠠᠷ ᠬᠥᠮᠥᠨ᠎ᠦ ᠬᠦᠴᠦ᠂ ᠪᠣᠳᠠᠰ᠎ᠤᠨ ᠬᠦᠴᠦ᠂ ᠡᠳ᠋᠎ᠦᠨ ᠬᠦᠴᠦ᠎ᠶᠢ ᠱᠠᠯᠠᠪᠳᠠᠨ ᠪᠡᠯᠡᠳᠬᠡᠵᠦ᠂ ᠬᠡᠦᠬᠡᠳ᠎ᠢ ᠲᠤᠰᠴᠤ ᠵᠥᠭᠡᠭᠡᠪᠦᠷᠢᠯᠡᠬᠦ ᠠᠵᠢᠯ᠎ᠢ ᠪᠠᠢᠷᠢᠯᠠᠭᠤᠯᠪᠠ᠃ ᠬᠡᠦᠬᠡᠳ᠎ᠢ ᠬᠦᠯᠢᠶᠡᠨ ᠠᠪᠬᠤ ᠡᠭᠦᠷᠭᠡ᠎ᠲᠠᠢ ᠠᠢᠮᠠᠭ᠂ ᠬᠣᠰᠢᠭᠤ ᠪᠦᠬᠦᠨ᠎ᠳᠦ ᠨᠢᠯᠬ᠎ᠠ ᠬᠡᠦᠬᠡᠳ᠎ᠢ ᠠᠰᠠᠷᠠᠬᠤ ᠬᠦᠷᠢᠶᠡᠯᠡᠩ᠎ᠢ ᠪᠠᠴᠢᠮ ᠪᠠᠢᠭᠤᠯᠵᠤ᠂ ᠬᠡᠦᠬᠡᠳ᠎ᠢ ᠢᠷᠡᠬᠦ᠎ᠡᠴᠡ ᠡᠮᠦᠨ᠎ᠡ ᠠᠯᠢᠪᠠ ᠪᠡᠯᠡᠳᠬᠡᠯ᠎ᠢ ᠰᠠᠢᠲᠤᠷ ᠬᠢᠪᠡ᠃

《ᠤᠯᠤᠰ᠎ᠤᠨ ᠬᠡᠤᠬᠡᠳ》 ᠯᠢ ᠱ᠌ᠢ ᠶᠢᠩ᠎ᠢ ᠬᠡᠷ ᠲᠦ᠍ᠨᠢ ᠬᠦᠷᠬᠡᠵᠦ ᠪᠠᠢᠭ᠎ᠠ ᠨᠢ
ᠵᠢᠵᠢᠭ ᠣᠷᠣ᠌᠂ ᠬᠥᠨᠵᠢᠯᠡ ᠳᠡᠪᠢᠰᠬᠡᠷ᠂ ᠳᠡᠷᠡ᠂ ᠪᠡᠶ᠎ᠡ ᠤᠬᠢᠶᠠᠬᠤ ᠰᠠᠪᠠ ᠁ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠩᠰᠠ ᠡᠪᠬᠡᠮᠡᠯ᠎ᠦᠨ ᠣᠷᠳᠣᠨᠳ᠋ᠸ᠋ ᠬᠠᠳᠠᠭᠠᠯᠠᠬᠳᠠᠵᠤ ᠪᠠᠢᠭ᠎ᠠ 《1960 ᠣᠨ᠎ᠤ᠋ ᠡᠷᠬᠦᠨ ᠲᠡᠵᠢᠭᠡᠭᠰᠡᠨ ᠬᠡᠦᠬᠡᠳ᠎ᠦᠨ ᠡᠳ᠋ᠯᠡᠯ ᠬᠡᠷᠡᠭᠰᠡᠯ ᠢ᠋ ᠬᠤᠳᠠᠯᠳᠤᠨ ᠠᠪᠬᠤ ᠵᠠᠷᠤᠳᠠᠯ᠎ᠤᠨ ᠨᠠᠷᠢᠨ ᠬᠦᠰᠦᠨᠦᠭᠲᠦ》 ᠳ᠋ᠸ᠋ ᠲᠤᠬᠠᠢ᠎ᠶᠢᠨ ᠦᠶ᠎ᠡ᠎ᠶᠢᠨ ᠥᠪᠥᠷ ᠮᠣᠩᠭᠣᠯ᠎ᠤᠨ ᠠᠷᠠᠳ ᠲᠦᠮᠡᠨ᠎ᠦ ᠬᠡᠦᠬᠡᠳ ᠤᠳ ᠲᠸ᠋ ᠦᠭᠬᠦᠭᠰᠡᠨ ᠬᠠᠢᠷ᠎ᠠ ᠬᠠᠯᠠᠮᠵᠢ ᠵᠢ ᠲᠣᠳᠣᠷᠬᠠᠢ ᠲᠡᠮᠳᠡᠭᠯᠡᠵᠦ ᠪᠣᠶ᠃
ᠨᠢᠯᠬ᠎ᠠ ᠬᠡᠦᠬᠡᠳ᠎ᠦᠨ ᠡᠷᠡᠭᠦᠯ ᠮᠡᠨᠳᠦ ᠪᠠ ᠠᠮᠤᠷ ᠲᠦᠪᠰᠢᠨ᠎ᠢ ᠨᠡᠩ ᠰᠠᠢᠨ ᠪᠠᠲᠤᠯᠠᠬᠤ᠎ᠶᠢᠨ ᠲᠦᠯᠦᠭᠡ᠂ ᠨᠢᠯᠬ᠎ᠠ ᠬᠡᠦᠬᠡᠳ᠎ᠢ ᠠᠰᠠᠷᠠᠬᠤ ᠬᠦᠷᠢᠶᠡᠯᠡᠩ᠎ᠡᠴᠡ ᠵᠠᠯᠠᠭᠤ ᠢᠳᠡᠷ ᠡᠮᠡᠭᠲᠡᠢᠴᠦᠳ᠎ᠢ ᠡᠯᠰᠡᠨ ᠪᠣᠯᠪᠠᠰᠤᠷᠠᠯ ᠬᠦᠷᠳᠡᠭᠡᠵᠦ᠂ ᠪᠦᠬᠦ ᠰᠡᠳᠬᠢᠯ ᠪᠦᠬᠦ ᠵᠣᠷᠢᠭ᠋᠎ᠢᠶᠠᠷ ᠬᠡᠦᠬᠡᠳ᠎ᠢ ᠠᠰᠠᠷᠠᠨ ᠬᠠᠷᠠᠭᠠᠯᠵᠠᠭᠤᠯᠪᠠ᠃
ᠤᠯᠠᠭᠠᠨᠴᠠᠪ᠎ᠤᠨ ᠳᠥᠷᠪᠡᠳ ᠬᠣᠰᠢᠭᠤᠨ᠎ᠳᠤ᠂ ᠲᠤᠬᠠᠢ᠎ᠶᠢᠨ ᠦᠶ᠎ᠡ᠎ᠳᠦ 20 ᠨᠠᠰᠤ ᠬᠦᠷᠦᠭᠡᠳᠦᠢ ᠲᠦᠬᠦᠢᠮᠡ ᠠᠰᠠᠷᠠᠭ᠍ᠴᠢ ᠪᠣᠯᠵᠤ᠂ 28 ᠬᠡᠦᠬᠡᠳ᠎ᠦᠨ 《ᠡᠵᠢ》 ᠪᠤᠯᠵᠠᠢ᠃ ᠲᠡᠭᠦᠨ᠎ᠦ ᠨᠠᠷᠢᠨ ᠨᠢᠮᠪᠠᠢ ᠬᠠᠷᠠᠭᠠᠯᠵᠠᠯ ᠳᠣᠣᠷ᠎ᠠ᠂ ᠡᠪᠡᠳᠴᠢᠨ ᠡᠮᠭᠡᠭ᠎ᠲᠠᠢ 28 ᠬᠡᠦᠬᠡᠳ ᠮᠠᠯᠵᠢᠬᠤ ᠣᠷᠣᠨ᠎ᠤ ᠠᠮᠢᠳᠤᠷᠠᠯᠳ᠋ᠸ᠋ ᠮᠠᠰᠢ ᠲᠦᠷᠭᠡᠨ᠎ᠢᠶᠡᠷ ᠵᠣᠬᠢᠴᠠᠵᠤ᠂ ᠪᠦᠷ ᠡᠷᠡᠭᠦᠯ ᠴᠢᠭᠢᠷᠠᠭ᠎ᠢᠶᠠᠷ ᠲᠡᠵᠢᠭᠡᠭᠰᠡᠨ ᠡᠴᠢᠭᠡ ᠡᠬᠡ᠎ᠶᠢᠨ᠎ᠢᠶᠡᠨ ᠭᠡᠷ᠎ᠲᠦ ᠤᠴᠢᠵᠠᠢ᠃

ᠥᠪᠡᠷᠲᠡᠭᠡᠨ ᠵᠠᠰᠠᠬᠤ ᠣᠷᠣᠨ ᠤ ᠳᠠᠩᠰᠠ ᠡᠪᠬᠡᠮᠡᠯ ᠦᠨ ᠤᠷᠳᠤᠨ ᠳ᠋ᠦ ᠬᠠᠳᠠᠭᠠᠯᠠᠬᠳᠠᠵᠦ ᠪᠠᠢᠭ᠎ᠠ 《ᠭᠤᠷᠪᠠᠨ ᠮᠢᠩᠭᠠᠨ ᠦᠨᠦᠴᠢᠨ ᠬᠡᠤᠬᠡᠳ᠎ᠢ ᠦᠷᠡᠴᠢᠯᠡᠨ ᠲᠡᠵᠢᠬᠡᠭᠰᠡᠨ》 ᠬᠠᠮᠢᠶ᠎ᠠ ᠪᠦᠬᠦᠢ ᠲᠠᠩᠰᠠ ᠡᠪᠬᠡᠮᠡᠯ
ᠬᠡᠷᠡᠯ ᠵᠢᠷᠤᠭ᠎ᠢ ᠥᠪᠡᠷᠲᠡᠭᠡᠨ ᠵᠠᠰᠠᠬᠤ ᠣᠷᠣᠨ ᠤ
ᠳᠠᠩᠰᠠ ᠡᠪᠬᠡᠮᠡᠯ ᠦᠨ ᠤᠷᠳᠤᠨ ᠬᠠᠩᠭᠠᠪᠠ
ᠲᠠᠯ᠎ᠠ ᠨᠤᠲᠤᠭ᠎ᠤᠨ ᠪᠣᠷᠣᠭᠵᠢᠭᠤᠨ ᠴᠠᠭᠠᠪᠤᠷ ᠮᠠᠯᠴᠢᠳ᠂ ᠵᠠᠷᠢᠮ ᠨᠢ ᠮᠣᠷᠢ ᠤᠨᠤᠵᠤ᠂ ᠵᠠᠷᠢᠮ ᠨᠢ ᠦᠬᠡᠷ ᠲᠡᠷᠬᠡ ᠬᠡᠯᠢᠨ᠂ ᠵᠠᠷᠢᠮ ᠨᠢ ᠬᠡᠳᠦᠨ ᠵᠠᠭᠤᠨ ᠭᠠᠵᠠᠷ ᠶᠠᠪᠠᠭᠠᠨ ᠢᠷᠡᠵᠦ᠂ ᠬᠡᠦᠬᠡᠳ᠎ᠦᠳ᠎ᠢ ᠡᠷᠭᠦᠨ ᠲᠡᠵᠢᠭᠡᠵᠦ᠂ ᠬᠡᠦᠬᠡᠳᠦᠳᠲᠸ᠋ ᠬᠠᠯᠠᠭᠤᠨ ᠳᠤᠯᠠᠭᠠᠨ ᠭᠡᠷ ᠪᠦᠯᠢ ᠤᠯᠭᠤᠨ ᠦᠭᠪᠡ᠃
ᠳᠤᠮᠳᠠᠳᠤ ᠤᠯᠤᠰ᠎ᠤᠨ ᠶᠡᠬᠡ ᠬᠠᠭᠠᠰ᠎ᠢ ᠲᠤᠭᠤᠯᠵᠤ ᠥᠪᠥᠷ ᠮᠣᠩᠭᠣᠯ᠎ᠳᠤ ᠢᠷᠡᠭᠰᠡᠨ 3000 ᠭᠠᠷᠤᠢ ᠬᠡᠦᠬᠡᠳ ᠡᠭᠦᠨ᠎ᠡᠴᠡ ᠡᠬᠢᠯᠡᠨ ᠡᠨᠡ ᠬᠦ᠌ ᠬᠠᠯᠠᠭᠤᠨ ᠬᠥᠷᠥᠰᠥᠨ᠎ᠳᠦ ᠦᠨᠳᠦᠰᠦ ᠬᠠᠳᠬᠤᠵᠤ᠂ ᠡᠷᠡᠭᠦᠯ ᠴᠢᠭᠢᠷᠠᠭ᠎ᠢᠶᠠᠷ ᠦᠰᠦᠨ ᠪᠤᠢᠵᠢᠵᠤ᠂ ᠡᠷ᠎ᠡ ᠵᠢᠨ ᠴᠡᠬᠡᠯ ᠳ᠋ᠸ᠋ ᠬᠦᠷᠴᠡᠢ᠃
60 ᠭᠠᠷᠤᠢ ᠵᠢᠯ ᠦᠩᠬᠡᠷᠡᠴᠢᠭᠡᠯᠡ᠃ ᠥᠩᠭᠡᠷᠡᠭᠰᠡᠨ᠎ᠦ ᠬᠡᠦᠬᠡᠳ᠎ᠤᠳ ᠦᠳᠡᠯᠵᠦ ᠬᠦᠭᠰᠢᠷᠡᠵᠦ᠂ 《ᠬᠠᠮᠢᠭ᠎ᠠ ᠡᠴᠨ ᠢᠷᠡᠭᠰᠡᠨ ᠵᠢᠡᠨ ᠮᠡᠳᠡᠬᠦ》 ᠬᠡᠬᠦ ᠬᠦᠰᠡᠯ ᠮᠦᠷᠦᠭᠡᠳᠦᠯ ᠤᠯᠠᠮ᠎ᠢᠶᠠᠷ ᠴᠢᠩᠭᠠᠷᠠᠵᠠᠢ ᠃
ᠵᠢᠷᠦᠬᠡ ᠰᠡᠳᠬᠢᠯ᠎ᠤᠨ ᠬᠡᠯᠬᠢᠶ᠎ᠡ ᠲᠠᠢ ᠲᠦᠷᠦᠯ ᠰᠠᠳᠤᠨ ᠵᠢᠡᠨ ᠡᠷᠢᠬᠦ ᠠᠶᠠᠨ
65 ᠨᠠᠰᠤᠲᠠᠢ ᠯᠢᠶᠠᠩ ᠶᠢᠨ ᠮᠧᠢ ᠪᠠᠰᠠ 《ᠤᠯᠤᠰ᠎ᠤᠨ ᠬᠡᠦᠬᠡᠳ》 ᠶᠤᠮ᠃ 《ᠦᠪᠦᠷ ᠮᠤᠩᠭᠤᠯ ᠳ᠋ᠸ᠋ ᠠᠩᠬ᠎ᠠ ᠢᠷᠡᠬᠦ ᠦᠶ᠎ᠡ᠎ᠳᠦ ᠮᠢᠨᠤ ᠪᠡᠶ᠎ᠡ ᠮᠠᠭᠤ ᠪᠠᠢᠬᠰᠠᠨ᠂ ᠲᠡᠵᠢᠭᠡᠭᠰᠡᠨ ᠡᠵᠢ ᠮᠢᠨᠢ ᠠᠵᠢᠯ᠎ᠢᠶᠠᠨ ᠬᠠᠶᠠᠵᠤ ᠨᠠᠮ᠎ᠠ ᠵᠢ ᠬᠠᠷᠠᠭᠠᠯᠵᠠᠵᠤ᠂ ᠠᠯᠢ ᠠᠮᠳᠠᠳᠠᠢ ᠰᠢᠮᠡᠳᠡᠢ ᠪᠡᠨ ᠢᠳᠡᠬᠦᠯᠵᠦ ᠲᠡᠩᠭᠡᠷᠡᠬᠦᠯᠵᠦ ᠠᠪᠤᠭᠰᠠᠨ᠂ ᠲᠡᠵᠢᠭᠡᠭᠰᠡᠨ ᠠᠪᠤ ᠡᠵᠢ᠎ᠶᠢᠨ ᠮᠢᠨᠢ ᠬᠠᠢᠷ᠎ᠠ ᠬᠠᠯᠠᠮᠵᠢ ᠨᠢ ᠨᠠᠳᠠ᠎ᠳᠤ ᠭᠡᠷ ᠪᠦᠯᠢ᠎ᠶᠢᠨ ᠬᠠᠯᠠᠭᠤᠨ ᠳᠤᠯᠠᠭᠠᠨ᠎ᠢ ᠮᠡᠳᠡᠷᠡᠭᠦᠯᠵᠡᠢ》᠃ ᠪᠠᠭ᠎ᠠ ᠨᠠᠰᠤ᠎ᠪᠠᠨ ᠡᠷᠭᠢᠴᠡᠭᠦᠯᠬᠦ᠎ᠳᠦ᠂ ᠯᠢᠶᠠᠩ ᠶᠢᠨ ᠮᠧᠢ᠄ 《ᠪᠢ ᠲᠤᠷᠭᠠᠨ ᠲᠡᠭᠡᠷ᠎ᠡ ᠲᠤᠬᠯᠠᠵᠤ ᠦᠰᠴᠡᠢ᠂ ᠲᠡᠵᠢᠭᠡᠭᠰᠡᠨ ᠠᠪᠤ ᠡᠵᠢ ᠵᠢᠨ ᠮᠢᠨᠢ ᠠᠴᠢ ᠡᠨᠡᠷᠢᠯ ᠠᠭᠯᠠᠭ ᠠᠭᠤᠯᠠᠨ ᠡᠴᠨ ᠦᠨᠳᠦᠷ᠂ ᠬᠡᠷᠪᠡ ᠢᠷᠡᠬᠦ ᠲᠦᠷᠦᠯ ᠬᠡᠵᠦ ᠪᠠᠢᠬᠤ᠎ᠳᠤ ᠬᠦᠷᠪᠡᠯ᠂ ᠪᠢ ᠪᠠᠰᠠ ᠲᠡᠳᠡᠨ᠎ᠦ ᠥᠬᠢᠨ ᠪᠤᠯᠤᠨ᠎ᠠ》 ᠭᠡᠵᠦ ᠰᠡᠳᠬᠢᠯ ᠬᠥᠳᠡᠯᠦᠨ ᠬᠡᠯᠡᠨ᠎ᠡ ᠃
ᠲᠡᠵᠢᠭᠡᠭᠰᠡᠨ ᠡᠴᠢᠭᠡ ᠡᠬᠡ᠎ᠶᠢᠨ᠎ᠢᠶᠡᠨ ᠬᠠᠢᠷ᠎ᠠ ᠬᠠᠯᠠᠮᠵᠢ ᠪᠡᠷ᠂ ᠯᠢᠶᠠᠩ ᠶᠢᠨ ᠮᠧᠶ ᠥᠪᠥᠷ ᠮᠣᠩᠭᠣᠯ᠎ᠳᠤ ᠵᠣᠯ ᠵᠢᠷᠭᠠᠯ᠎ᠲᠠᠢ ᠠᠵᠤ ᠲᠦᠷᠦᠵᠦ᠂ ᠡᠳᠦᠬᠡ ᠦᠷ᠎ᠡ ᠠᠴᠢ ᠨᠠᠷ ᠨᠢ ᠭᠡᠷ ᠳᠦᠭᠦᠷᠡᠩ ᠪᠣᠯᠵᠠᠢ᠃ ᠲᠡᠵᠢᠭᠡᠭᠰᠡᠨ ᠡᠴᠢᠭᠡ ᠡᠬᠡ ᠨᠢ ᠨᠠᠰᠤ ᠪᠠᠷᠠᠭᠰᠠᠨ᠎ᠤ ᠳᠠᠷᠠᠭ᠎ᠠ᠂ ᠯᠢᠶᠠᠩ ᠶᠢᠨ ᠮᠧᠶ ᠳ᠋ᠸ᠋ ᠲᠥᠷᠥᠯ ᠰᠠᠳᠤᠨ᠎ᠢᠶᠠᠨ ᠡᠷᠢᠬᠦ ᠪᠣᠳᠣᠯ ᠲᠦᠷᠦᠭᠳᠡᠪᠡ᠃ 《ᠥᠪᠡᠷ᠎ᠦᠨ ᠦᠨᠡᠨ ᠨᠠᠰᠤ᠎ᠪᠠᠨ ᠮᠡᠳᠡᠵᠦ᠂ ᠬᠠᠮᠢᠭ᠎ᠠ ᠲᠥᠷᠥᠭᠰᠡᠨ᠎ᠢᠶᠡᠨ ᠮᠡᠳᠡᠶ᠎ᠡ ᠭᠡᠰᠡᠨ ᠶᠤᠮ᠂ ᠲᠥᠷᠥᠯ ᠰᠠᠳᠤᠨ᠎ᠢᠶᠠᠨ ᠡᠷᠢᠭᠡᠳ ᠪᠦᠳᠦᠮᠵᠢ ᠦᠬᠡᠢ ᠪᠠᠢᠵᠤ ᠮᠡᠳᠡᠨ᠎ᠡ᠂ ᠭᠡᠪᠡᠴᠦ ᠬᠠᠷᠠᠮᠰᠠᠯ ᠦᠯᠡᠳᠡᠭᠡᠬᠦ ᠦᠭᠡᠢ ᠭᠡᠵᠦ ᠠᠷᠪᠠᠭᠠᠳ ᠵᠢᠯ᠎ᠦᠨ ᠡᠮᠦᠨ᠎ᠡ ᠪᠢ ᠮᠠᠰᠢ ᠣᠯᠠᠨ ᠬᠠᠨᠢ ᠨᠦᠬᠦᠳ᠎ᠲᠠᠢ᠎ᠪᠠᠨ ᠬᠠᠮᠲᠤ ᠲᠥᠷᠥᠯ ᠰᠠᠳᠤᠨ᠎ᠢᠶᠠᠨ ᠡᠷᠢᠬᠦ ᠤᠷᠲᠤ ᠠᠶᠠᠨ ᠳ᠋ᠸ᠋ ᠮᠤᠷᠳᠠᠭᠰᠠᠨ ᠶᠤᠮ》 ᠬᠡᠵᠦ ᠶᠠᠷᠢᠨ᠎ᠠ᠃

ᠱᠢᠯᠢ᠎ᠶ᠋ᠢᠨ ᠭᠣᠣᠯ ᠠᠢᠮᠠᠭ᠎ᠤᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶᠠᠨ᠎ᠤ ᠡᠷᠡᠭᠦᠦ᠍᠎ᠶ᠋ᠢᠨ ᠬᠡᠷᠡᠭ᠎ᠢ ᠲᠠᠩᠨᠠᠨ ᠪᠠᠢᠴᠠᠭᠠᠬᠤ ᠰᠠᠯᠪᠤᠷᠢ ᠠᠩᠭᠢ᠎ᠶ᠋ᠢᠨ ᠮᠡᠷᠭᠡᠵᠢᠯ᠎ᠦᠨ ᠶᠡᠬᠡ ᠠᠩᠭᠢ᠎ᠶ᠋ᠢᠨ ᠠᠷᠠᠳ᠎ᠤᠨ ᠴᠠᠭ᠍ᠳᠠᠭ᠎ᠠ ᠲᠥᠷᠥᠯ ᠰᠠᠳᠤᠨ᠎ᠢᠶᠠᠨ ᠡᠷᠢᠬᠦ᠌ ᠬᠦᠰᠡᠯ ᠲᠡᠶ 《ᠤᠯᠤᠰ᠎ᠤᠨ ᠬᠡᠦᠬᠡᠳ》 ᠲᠣ᠌ ᠴᠢᠰᠤᠨ᠎ᠤ ᠦᠯᠢᠭᠡᠷ ᠴᠤᠭ᠍ᠯᠠᠭᠤᠯᠵᠤ ᠥᠭ᠌ᠴᠦ ᠪᠠᠢᠭ᠎ᠠ ᠨᠢ
2010 ᠣᠨ᠎ᠳᠤ 《ᠤᠮᠠᠷᠠᠲᠤ᠎ᠶᠢᠨ ᠰᠢᠨ᠎ᠡ ᠰᠣᠨᠢᠨ》 ᠪᠣᠯᠣᠨ ᠮᠧᠩ ᠨᠢᠦ ᠪᠦᠯᠦᠭᠯᠡᠯ 《 ᠡᠮᠦᠨᠡᠲᠦ ᠣᠷᠣᠨ᠎ᠤ ᠭᠤᠷᠪᠠᠨ ᠮᠢᠩᠭᠠᠨ ᠥᠨᠥᠴᠢᠨ ᠬᠡᠦᠬᠡᠳ》 ᠤ᠋ᠨ ᠲᠦᠷᠦᠯ ᠰᠠᠳᠤᠨ ᠢ᠋ ᠨᠢ ᠡᠷᠢᠵᠦ ᠥᠭᠬᠦ ᠨᠡᠶ᠋ᠢᠲᠡ᠎ᠶᠢᠨ ᠠᠰᠠᠷᠠᠮᠵᠢ᠎ᠶᠢᠨ ᠠᠵᠢᠯᠯᠠᠭ᠎ᠠ᠎ᠶᠢ ᠵᠣᠬᠢᠶᠠᠨ ᠪᠠᠢᠭᠤᠯᠵᠤ᠂ 40 《ᠤᠯᠤᠰ᠎ᠤᠨ ᠬᠡᠦᠬᠡᠳ》 ᠢ᠋ ᠵᠣᠬᠢᠶᠠᠨ ᠪᠠᠢᠭᠤᠯᠵᠤ ᠱᠠᠩᠬᠠᠢ᠂ ᠢᠰᠢᠩ᠂ ᠥᠰᠢ ᠵᠡᠷᠭᠡ ᠭᠠᠵᠠᠷ᠎ᠢᠶᠠᠷ ᠠᠰᠠᠭᠤᠨ ᠰᠤᠷᠪᠤᠯᠵᠢᠯᠠᠪᠠ᠃
ᠲᠦᠷᠦᠭᠦᠦ ᠬᠡᠳᠦᠨ ᠵᠢᠯ᠎ᠳᠦ᠂ ᠵᠠᠭᠤ ᠰᠢᠬᠠᠮ 《ᠤᠯᠤᠰ᠎ᠤᠨ ᠬᠡᠦᠬᠡᠳ》ᠤᠷᠢᠳ ᠬᠣᠵᠢᠳ ᠪᠦᠯᠬᠦᠮ ᠵᠣᠬᠢᠶᠠᠨ ᠪᠠᠢᠭᠤᠯᠤᠨ ᠱᠠᠩᠬᠠᠢ᠂ ᠵᠢᠶᠠᠩᠰᠤ ᠵᠡᠷᠭᠡ ᠭᠠᠵᠠᠷ᠎ᠲᠤ ᠬᠦᠷᠴᠦ᠂ ᠲᠤᠬᠠᠢ᠎ᠶᠢᠨ ᠭᠠᠵᠠᠷ᠎ᠤᠨ ᠰᠠᠢᠨ ᠲᠤᠷᠠᠴᠤᠳ ᠤ᠋ᠨ ᠬᠠᠪᠰᠤᠷᠤᠯᠭ᠎ᠠ᠎ᠪᠠᠷ ᠵᠡᠭᠡᠯᠢ ᠭᠤᠳᠤᠮᠵᠢ᠎ᠪᠠᠷ ᠶᠠᠪᠤᠵᠤ ᠲᠦᠷᠦᠯ ᠰᠠᠳᠤᠨ᠎ᠢᠶᠠᠨ ᠡᠷᠢᠪᠡ᠃ ᠭᠡᠪᠡᠴᠦ ᠥᠪᠡᠷ᠎ᠦᠨ ᠪᠡᠶ᠎ᠡ ᠪᠠ ᠠᠷᠠᠳ᠎ᠤᠨ ᠵᠣᠬᠢᠶᠠᠨ ᠪᠠᠢᠭᠤᠯᠤᠯᠲᠠ᠎ᠶᠢᠨ ᠬᠦᠴᠦᠨ᠎ᠳᠦ ᠲᠦᠰᠢᠭᠯᠡᠨ᠂ ᠲᠦᠷᠦᠯ ᠰᠠᠳᠤᠨ᠎ᠢᠶᠠᠨ ᠡᠷᠢᠬᠦ ᠨᠢ ᠶᠠᠭ ᠯᠠ ᠠᠨᠠᠪᠠᠳ ᠳᠠᠯᠠᠢ᠎ᠡᠴᠡ ᠵᠡᠭᠦᠦ ᠡᠷᠢᠵᠦ ᠪᠠᠢᠬᠤ ᠰᠢᠭ᠋ᠪᠠᠢᠵᠤ᠂ ᠠᠮᠵᠢᠯᠲᠠ ᠤᠯᠬᠤ ᠳ᠋ᠸ᠋ ᠮᠠᠰᠢ ᠪᠡᠷᠬᠡ ᠪᠠᠢᠯ᠎ᠠ᠃
2021 ᠣᠨ᠎ᠳᠤ᠂ ᠳᠣᠲᠣᠭᠠᠳᠤ᠎ᠶᠢ ᠬᠠᠮᠠᠭᠠᠯᠠᠬᠤ ᠰᠠᠯᠠᠭ᠎ᠠ ᠮᠥᠴᠢᠷ ᠡᠴᠡ 《ᠠᠭᠤᠯᠵᠠᠯᠳᠠ ᠵᠢᠨ ᠠᠵᠢᠯᠯᠠᠭ᠎ᠠ》 ᠵᠢ ᠥᠷᠨᠢᠭᠦᠯᠵᠦ᠂ ᠪᠥᠬᠥ ᠤᠯᠤᠰ᠎ᠤᠨ ᠮᠡᠬᠡᠯᠡᠨ ᠬᠤᠳᠠᠯᠳᠤᠬᠤ ᠠᠵᠢᠯᠯᠠᠭ᠎ᠠ᠎ᠳᠤ ᠴᠣᠬᠢᠯᠲᠠ ᠥᠭᠬᠦ DNAᠵᠢᠨ ᠳ᠋ᠠᠢᠲ᠋ᠠ ᠬᠥᠮᠥᠷᠭᠡ᠎ᠶᠢ ᠠᠰᠢᠭ᠍ᠯᠠᠨ ᠠᠯᠠᠭ᠎ᠠ ᠪᠣᠯᠤᠭᠰᠠᠨ ᠬᠡᠦᠬᠡᠳ᠎ᠢ ᠪᠥᠬᠥ ᠲᠠᠯ᠎ᠠ᠎ᠪᠠᠷ ᠡᠷᠢᠪᠡ᠃ ᠡᠨᠡ ᠬᠦ᠌ ᠠᠵᠢᠯᠯᠠᠭ᠎ᠠ ᠨᠢ 《ᠤᠯᠤᠰ᠎ᠤᠨ ᠬᠡᠦᠬᠡᠳ》 ᠤ᠋ᠨ ᠠᠩᠬᠠᠷᠤᠯ᠎ᠢ ᠲᠠᠲᠠᠵᠠᠢ ᠃

ᠲᠥᠷᠥᠯ ᠰᠠᠳᠤᠨ ᠵᠢᠡᠨ ᠡᠷᠢᠬᠦ᠌ ᠠᠵᠢᠯ᠎ᠤᠨ ᠲᠣᠭ᠍ᠲᠠᠴᠠ᠎ᠶ᠋ᠢ ᠲᠡᠭᠦᠯᠳᠡᠷᠵᠢᠭᠦᠯᠬᠦ᠌ ᠲᠤᠬᠠᠶ ᠰᠤᠳᠤᠯᠤᠨ ᠶᠠᠷᠢᠯᠴᠠᠵᠤ ᠪᠠᠢᠭ᠎ᠠ ᠨᠢ
ᠰᠢᠯᠢ᠎ᠶᠢᠨ ᠭᠣᠣᠯ ᠠᠢᠮᠠᠭ ᠪᠣᠯ ᠲᠤᠬᠠᠢ᠎ᠶᠢᠨ ᠵᠢᠯ᠎ᠳᠦ 《ᠤᠯᠤᠰ᠎ᠤᠨ ᠬᠡᠦᠬᠡᠳ》 ᠢ᠋ ᠨᠡᠯᠢᠶᠡᠳ ᠤᠯᠠᠨ ᠬᠦᠯᠢᠶᠡᠨ ᠠᠪᠤᠭᠰᠠᠨ ᠠᠢᠮᠠᠭ ᠬᠤᠳᠠ᠎ᠶᠢᠨ ᠨᠢᠭᠡ ᠪᠣᠯᠣᠨ᠎ᠠ᠂ ᠵᠠᠷᠢᠮ ᠬᠦᠮᠦᠰ ᠬᠣᠢᠨ᠎ᠠ ᠬᠣᠢᠨᠠᠡᠴᠨᠪᠠᠨ ᠳᠣᠲᠣᠭᠠᠳᠤ᠎ᠶᠢ ᠬᠠᠮᠠᠭᠠᠯᠠᠬᠤ ᠪᠠᠢᠭᠤᠯᠭᠠᠳ᠋ᠸ᠋ ᠬᠦᠷᠴᠦ᠂ 《ᠠᠭᠤᠯᠵᠠᠯᠳᠠ ᠵᠢᠨ ᠠᠵᠢᠯᠯᠠᠭ᠎ᠠ》 ᠪᠡᠷ ᠳᠠᠮᠵᠢᠨ ᠲᠦᠷᠦᠯ ᠰᠠᠳᠤᠨ᠎ᠢᠶᠠᠨ ᠡᠷᠢᠵᠦ ᠣᠯᠬᠤ᠎ᠶᠢ ᠬᠦᠰᠡᠵᠡᠢ᠃
ᠰᠢᠯᠢ᠎ᠶᠢᠨ ᠭᠣᠣᠯ ᠠᠢᠮᠠᠭ᠎ᠤᠨ ᠵᠠᠬᠢᠷᠭ᠎ᠠ᠎ᠶᠢᠨ ᠳᠡᠳ᠋ ᠳᠠᠷᠤᠭ᠎ᠠ᠂ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠳᠠᠷᠤᠭ᠎ᠠ ᠼᠤᠤ ᠸᠸᠨ ᠴᠢᠩ᠂ DNAᠵᠢᠨ ᠲᠣᠭ᠎ᠠ ᠪᠠᠷᠢᠮᠲᠠ᠎ᠪᠠᠷ ᠲᠥᠷᠥᠯ ᠰᠠᠳᠤᠨ᠎ᠢᠶᠠᠨ ᠡᠷᠢᠬᠦ ᠪᠣᠯ ᠣᠳᠣᠬᠠᠨ᠎ᠤ ᠣᠨᠣᠪᠴᠢᠲᠤ ᠴᠢᠨᠠᠷ᠎ᠢᠶᠠᠷ ᠬᠠᠮᠤᠭ᠎ᠤᠨ ᠥᠨᠳᠥᠷ ᠠᠷᠭ᠎ᠠ ᠪᠠᠷᠢᠯ ᠮᠥᠨ᠂ ᠭᠡᠪᠡᠴᠦ ᠬᠣᠶᠠᠷ ᠲᠠᠯ᠎ᠠ᠎ᠶᠢᠨ DNAᠵᠢᠨ ᠲᠣᠭ᠎ᠠ ᠪᠠᠷᠢᠮᠲᠠ᠎ᠶᠢ ᠴᠥᠮ ᠳ᠋ᠠᠢᠲ᠋ᠠ ᠬᠥᠮᠥᠷᠭᠡ᠎ᠳᠦ ᠣᠷᠣᠭᠤᠯᠬᠤ ᠪᠣᠯ ᠤᠷᠢᠲᠠᠯ ᠨᠥᠬᠥᠴᠡᠯ ᠪᠣᠯᠣᠨ᠎ᠠ᠃ 2009 ᠣᠨ᠎ᠳᠤ ᠪᠠᠢᠭᠤᠯᠤᠭᠰᠠᠨ ᠪᠥᠬᠥ ᠤᠯᠤᠰ᠎ᠤᠨ ᠮᠡᠬᠡᠯᠡᠨ ᠬᠤᠳᠠᠯᠳᠤᠬᠤ ᠠᠵᠢᠯᠯᠠᠭ᠎ᠠ᠎ᠳᠤ ᠴᠣᠬᠢᠯᠲᠠ ᠥᠭᠬᠦ DNAᠵᠢᠨ ᠳ᠋ᠠᠢᠲ᠋ᠠ ᠬᠥᠮᠥᠷᠭᠡ ᠨᠢ ᠰᠠᠭᠤᠷᠢ ᠲᠣᠭ᠎ᠠ ᠪᠠᠷᠢᠮᠲᠠ᠎ᠵᠢ ᠬᠠᠩᠭᠠᠵᠠᠢ ᠬᠡᠵᠦ ᠲᠠᠨᠢᠯᠴᠠᠭᠤᠯᠪᠠ᠃
《2021 ᠣᠨ᠎ᠳᠦ᠂ ᠲᠦᠷᠦᠯ ᠰᠠᠳᠤᠨ ᠵᠢᠡᠨ ᠡᠷᠢᠬᠦ ᠬᠦᠰᠡᠯ᠎ᠲᠠᠢ 〈ᠤᠯᠤᠰ᠎ᠤᠨ ᠬᠡᠦᠬᠡᠳ〉 ᠰᠠᠭᠤᠭ᠎ᠠ ᠭᠠᠵᠠᠷ᠎ᠤᠨ᠎ᠢᠶᠠᠨ ᠲᠣᠮᠢᠯᠠᠭᠰᠠᠨ ᠰᠠᠯᠪᠤᠷᠢ᠎ᠳᠤ ᠪᠦᠷᠢᠳᠬᠡᠭᠦᠯᠵᠦ᠂ ᠴᠢᠰᠤᠨ᠎ᠤ ᠦᠯᠢᠭᠡᠷ ᠠᠪᠤᠭᠤᠯᠤᠭᠰᠠᠨᠤ ᠳᠠᠷᠠᠭ᠎ᠠ ᠮᠠᠨ᠎ᠤ ᠡᠨᠳᠡ ᠬᠦᠷᠭᠡᠵᠦ ᠰᠢᠯᠭᠠᠨ ᠪᠠᠢᠴᠠᠭᠠᠵᠤ ᠬᠢᠨᠠᠨ ᠲᠣᠭᠲᠠᠭᠠᠬᠤ ᠪᠠ ᠵᠠᠳᠠᠯᠤᠯᠲᠠ ᠬᠢᠯᠭᠡᠭᠰᠡᠨ᠎ᠳᠦ᠂ ᠲᠤᠬᠠᠢ ᠶ᠋ᠢᠨ ᠵᠢᠯ᠎ᠳᠦ ᠪᠠᠷᠢᠨ 2 ᠬᠥᠮᠥᠨ ᠰᠠᠳᠤᠨ᠎ᠢᠶᠠᠨ ᠠᠮᠵᠢᠯᠳᠠ ᠲᠠᠢ ᠡᠷᠢᠵᠦ ᠤᠯᠪᠠ》 ᠭᠡᠵᠦ ᠰᠢᠯᠢ᠎ᠶᠢᠨ ᠭᠣᠣᠯ ᠠᠢᠮᠠᠭ᠎ᠤᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠡᠷᠡᠭᠦᠦ᠎ᠶᠢᠨ ᠬᠡᠷᠡᠭ᠎ᠢ ᠲᠠᠩᠨᠠᠨ ᠪᠠᠢᠴᠠᠭᠠᠬᠤ ᠰᠠᠯᠪᠤᠷᠢ ᠠᠩᠭᠢ᠎ᠶᠢᠨ ᠡᠷᠡᠭᠦᠦ᠎ᠶᠢᠨ ᠬᠡᠷᠡᠭ᠎ᠦᠨ ᠮᠡᠷᠭᠡᠵᠢᠯ᠎ᠦᠨ ᠶᠡᠬᠡ ᠠᠩᠭᠢ᠎ᠶᠢᠨ ᠳᠠᠷᠤᠭ᠎ᠠ ᠠᠭᠤᠳᠠᠮ ᠬᠡᠯᠡᠨ᠎ᠡ᠃

ᠲᠦᠬᠦᠢᠮᠡ (ᠡᠮᠦᠨ᠎ᠡ ᠮᠥᠷ᠎ᠦᠨ ᠪᠠᠷᠠᠭᠤᠨ᠎ᠠᠴᠠ ᠭᠤᠷᠪᠠᠳᠤᠭᠠᠷ) ᠪᠣᠯᠤᠨ 《 ᠤᠯᠤᠰ᠎ᠤᠨ ᠬᠡᠦᠬᠡᠳ 》
ᠬᠡᠷᠡᠯ ᠵᠢᠷᠤᠭ ᠢ ᠤᠯᠠᠭᠠᠨᠴᠠᠪ ᠬᠣᠲᠠ ᠶ᠋ᠢᠨ
ᠨᠢᠭᠡᠳᠦᠮᠡᠯ ᠹᠷᠣᠨᠲ ᠤᠨ ᠬᠡᠯᠲᠡᠰ ᠬᠠᠩᠭᠠᠪᠠ
2023 ᠣᠨ᠎ᠤ 4 ᠰᠠᠷ᠎ᠠ᠎ᠳᠤ᠂ ᠰᠢᠯᠢ᠎ᠶᠢᠨ ᠭᠣᠣᠯ ᠠᠢᠮᠠᠭ᠎ᠤᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ 《ᠤᠯᠤᠰ᠎ᠤᠨ ᠬᠡᠦᠬᠡᠳ》 ᠤ᠋ᠨ ᠲᠥᠷᠥᠯ ᠰᠠᠳᠤᠨ ᠢ ᠡᠷᠢᠬᠦ ᠲᠤᠰᠬᠠᠢ ᠠᠩᠭᠢ ᠪᠠᠢᠭᠤᠯᠵᠤ᠂ ᠠᠭᠤᠳᠠᠮ᠎ᠤᠨ ᠳᠠᠭᠠᠭᠤᠯᠤᠭᠰᠠᠨ ᠮᠡᠷᠭᠡᠵᠢᠯ᠎ᠦᠨ ᠴᠠᠭᠳᠠᠭ᠎ᠠ ᠨᠠᠷ ᠴᠢᠰᠤᠨ᠎ᠤ ᠥᠯᠢᠭᠡᠷ ᠠᠪᠤᠬᠰᠠᠨ ᠣᠯᠠᠨ ᠲᠦᠮᠡᠨ᠎ᠲᠠᠢ ᠰᠢᠭᠤᠳ ᠬᠠᠷᠢᠴᠠᠪᠠ᠃ ᠭᠡᠬᠦ᠎ᠳᠡᠭᠡᠨ ᠴᠢᠰᠤᠨ᠎ᠤ ᠦᠯᠢᠭᠡᠷ ᠠᠪᠬᠤ ᠨᠢ ᠵᠥᠪᠬᠡᠨ ᠠᠩᠬᠠᠨ᠎ᠤ ᠠᠯᠬᠤᠮ ᠲᠡᠳᠦᠢ ᠶᠤᠮ᠃ ᠪᠠᠰᠠ ᠴᠢᠰᠤᠨ᠎ᠤ ᠦᠯᠢᠭᠡᠷ ᠢ᠋ ᠵᠠᠳᠠᠯᠬᠤ᠂ ᠲᠣᠭ᠎ᠠ ᠪᠠᠷᠢᠮᠲᠠ ᠶ᠋ᠢ ᠬᠠᠷᠢᠴᠠᠭᠤᠯᠬᠤ᠂ ᠮᠡᠳᠡᠭᠡ ᠵᠠᠩᠭᠢ ᠶ᠋ᠢ ᠬᠠᠷᠭᠤᠭᠤᠯᠬᠤ᠂ ᠬᠦᠮᠦᠰ ᠢ᠋ ᠰᠢᠭ᠌ᠰᠢᠨ ᠪᠠᠢᠴᠠᠭᠠᠬᠤ ᠵᠡᠷᠭᠡ ᠶᠡᠬᠡ ᠬᠡᠮᠵᠢᠶᠡᠨ᠎ᠦ ᠪᠤᠳᠤᠯᠢᠶᠠᠨᠲᠠᠢ ᠠᠵᠢᠯ ᠢ᠋ ᠬᠢᠬᠦ ᠬᠡᠷᠡᠭᠲᠡᠢ᠂ ᠲᠥᠷᠥᠯ ᠰᠠᠳᠤᠨ ᠢ᠋ ᠡᠷᠢᠬᠦ ᠬᠣᠶᠠᠷ ᠭᠠᠵᠠᠷ ᠤ᠋ᠨ ᠳᠣᠲᠣᠭᠠᠳᠤ ᠶ᠋ᠢ ᠬᠠᠮᠠᠭᠠᠯᠠᠬᠤ ᠰᠠᠯᠠᠭ᠎ᠠ ᠮᠥᠴᠢᠷ ᠵᠤᠯᠭᠠᠯᠴᠠᠬᠤ ᠬᠡᠷᠡᠭᠳᠡᠢ᠂ ᠪᠤᠯᠤᠮᠵᠢ ᠲᠠᠢ ᠭᠡᠷ᠎ᠦᠨ ᠤᠳᠤᠮ᠎ᠤᠨ ᠬᠡᠪᠴᠢᠶ᠎ᠡ ᠶ᠋ᠢ ᠣᠯᠵᠤ ᠮᠡᠳᠡᠬᠦ᠎ᠡᠴᠡ ᠠᠪᠤᠭᠠᠳ ᠣᠨᠣᠪᠴᠢᠲᠠᠶ ᠲᠣᠭᠲᠠᠭᠠᠬᠤ ᠬᠦᠷᠲᠡᠯ᠎ᠡ ᠶᠡᠷᠦ᠎ᠳᠡᠭᠡᠨ ᠬᠡᠳᠦᠨ ᠰᠠᠷ᠎ᠠ ᠶ᠋ᠢᠨ ᠴᠠᠭ ᠬᠡᠷᠡᠭᠰᠡᠳᠡᠭ ᠠᠵᠢ᠃
ᠲᠤᠰᠬᠠᠢ ᠠᠵᠢᠯ᠎ᠤᠨ ᠭᠦᠨᠵᠡᠭᠡᠢᠷᠡᠨ ᠠᠬᠢᠬᠤ᠎ᠶᠢ ᠳᠠᠭᠠᠯᠳᠤᠨ᠂ ᠮᠡᠷᠭᠡᠵᠢᠯ᠎ᠦᠨ ᠴᠠᠭᠳᠠᠭ᠎ᠠ ᠨᠠᠷ ᠴᠢᠰᠤᠨ᠎ᠤ ᠥᠯᠢᠭᠡᠷ ᠴᠤᠭᠯᠠᠭᠤᠯᠬᠤ᠂ ᠰᠢᠯᠭᠠᠨ ᠪᠠᠢᠴᠠᠭᠠᠵᠤ ᠬᠢᠨᠠᠨ ᠲᠣᠭᠲᠠᠭᠠᠬᠤ᠂ ᠲᠣᠭ᠎ᠠ ᠪᠠᠷᠢᠮᠲᠠ᠎ᠶᠢ ᠵᠠᠳᠠᠯᠬᠤ ᠡᠴᠨ ᠠᠪᠤᠭᠠᠳ ᠬᠠᠮᠤᠬ ᠤ᠋ᠨ ᠰᠡᠬᠦᠯ ᠳ᠋ᠤᠨᠢ ᠲᠥᠷᠥᠯ ᠰᠠᠳᠤᠨ᠎ᠤ ᠬᠠᠷᠢᠴᠠᠭ᠎ᠠ᠎ᠶᠢ ᠲᠣᠭᠲᠠᠭᠠᠬᠤ ᠬᠦᠷᠲᠡᠯᠡᠬᠢ ᠠᠵᠢᠯ᠎ᠤᠨ ᠲᠣᠭᠲᠠᠴᠠ᠎ᠶᠢ ᠠᠯᠬᠤᠮ ᠠᠯᠬᠤᠮ᠎ᠢᠶᠠᠷ ᠪᠠᠢᠭᠤᠯᠵᠠᠢ᠃ ᠲᠡᠳᠡ ᠨᠠᠷ ᠵᠢᠶᠠᠩᠰᠤ᠂ ᠱᠠᠩᠬᠠᠢ᠂ ᠠᠨᠾᠦ᠋ᠢ ᠵᠡᠷᠭᠡ ᠭᠠᠵᠠᠷ᠎ᠤᠨ ᠲᠦᠷᠦᠯ ᠰᠠᠳᠤᠨ᠎ᠢᠶᠠᠨ ᠡᠷᠢᠬᠦ ᠰᠠᠢᠨ ᠲᠤᠷᠠᠴᠤᠳ ᠲᠠᠢ ᠲᠤᠰᠬᠠᠢ ᠠᠵᠢᠯ᠎ᠤᠨ ᠲᠣᠭᠲᠠᠴᠠ᠎ᠶᠢ ᠪᠠᠢᠭᠤᠯᠵᠤ᠂ ᠰᠠᠢᠨ ᠲᠤᠷᠠᠴᠤᠳ ᠲᠦ᠍ ᠬᠠᠨᠳᠤᠭᠤᠯᠤᠨ ᠴᠢᠰᠤᠨ᠎ᠤ ᠦᠯᠢᠭᠡᠷ ᠴᠤᠭᠯᠠᠭᠤᠯᠬᠤ ᠪᠠ DNAᠵᠢᠨ ᠪᠠᠢᠴᠠᠭᠠᠯᠲᠠ᠎ᠶᠢᠨ ᠮᠠᠲᠧᠷᠢᠶᠠᠯ᠎ᠢ ᠬᠠᠳᠠᠭᠠᠯᠠᠬᠤ ᠪᠣᠯᠪᠠᠰᠤᠷᠠᠯ ᠦᠷᠨᠢᠬᠦᠯᠵᠦ᠂ ᠲᠦᠷᠦᠯ ᠰᠠᠳᠤᠨ᠎ᠢᠶᠠᠨ ᠡᠷᠢᠵᠦ ᠤᠯᠬᠤ ᠪᠦᠲᠦᠮᠵᠢ᠎ᠶᠢ ᠶᠡᠬᠡᠪᠡᠷ ᠳᠡᠭᠡᠭᠰᠢᠯᠡᠭᠦᠯᠪᠡ᠃ ᠡᠲᠡᠭᠡᠷ ᠰᠠᠢᠨ ᠲᠤᠷᠠᠴᠤᠳ ᠤ᠋ᠨ ᠣᠯᠠᠩᠬᠢ ᠨᠢ ᠲᠤᠬᠠᠢ᠎ᠶᠢᠨ ᠵᠢᠯ᠎ᠳᠦ ᠬᠡᠦᠬᠡᠳ᠎ᠢᠶᠡᠨ ᠬᠦᠷᠭᠡᠭᠰᠡᠨ ᠭᠡᠷ ᠪᠦᠯᠢ᠎ᠵᠢᠨ ᠬᠢᠨ ᠪᠠᠢᠵᠤ᠂ ᠲᠠᠳᠠᠨᠦᠰ ᠪᠤᠰᠤᠳ᠎ᠢ ᠬᠠᠪᠰᠤᠷᠤᠨ ᠲᠥᠷᠥᠯ ᠰᠠᠳᠤᠨ᠎ᠢ ᠨᠢ ᠡᠷᠢᠬᠦ ᠵᠢᠨ ᠬᠠᠮᠲᠤ ᠪᠠᠰᠠ ᠥᠪᠡᠷ᠎ᠦᠨ ᠲᠥᠷᠥᠯ ᠰᠠᠳᠤᠨ᠎ᠢᠶᠠᠨ ᠡᠷᠢᠵᠦ ᠣᠯᠬᠤ᠎ᠶᠢ ᠬᠦᠰᠡᠮᠵᠢᠯᠡᠭᠰᠡᠭᠡᠷ ᠪᠤᠢ᠃

DNA ᠶ᠋ᠢᠨ ᠲᠣᠭ᠎ᠠ ᠪᠠᠷᠢᠮᠲᠠᠳ᠋ᠤ ᠵᠠᠳᠠᠯᠤᠯᠳᠠ ᠬᠢᠨ᠎ᠡ
ᠬᠡᠷᠡᠯ ᠵᠢᠷᠤᠭ᠎ᠢ ᠵᠧᠵᠢᠶᠠᠩ ᠮᠤᠵᠢ ᠵᠢᠨ ᠲᠠᠢ ᠵᠧᠦ
ᠬᠤᠳᠠ ᠵᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ ᠵᠢᠨ
ᠯᠦ᠍ ᠴᠢᠶᠤᠤ ᠬᠤᠪᠢᠶᠠᠷᠢ ᠳᠤᠪᠴᠢᠶ᠎ᠠ ᠬᠠᠩᠭᠠᠪᠠ
ᠵᠠᠯᠭᠠᠭ᠎ᠠ ᠪᠠᠷ ᠪᠢᠴᠢᠭᠳᠡᠬᠦ ᠤᠴᠠᠷᠠᠨ ᠵᠤᠯᠭᠠᠯᠳᠠ ᠵᠢᠨ ᠦᠯᠢᠬᠡᠷ
ᠵᠢᠶᠠᠩᠰᠦ ᠮᠤᠵᠢ᠎ᠶ᠋ᠢᠨ ᠢᠱᠢᠩ ᠬᠣᠲᠠ᠎ᠳᠤ ᠰᠠᠭᠤᠭ᠎ᠠ ᠵᠸᠦ ᠯᠢᠦ ᠵᠢᠶᠦ᠋ᠨ ᠪᠤᠯ ᠰᠠᠳᠤᠨ ᠵᠢᠡᠨ ᠡᠷᠢᠬᠦ ᠰᠠᠢᠨ ᠲᠤᠷᠠᠴᠤᠤᠯ ᠪᠢᠯᠡ᠃ 1960 ᠣᠨ᠎ᠤ ᠤᠷᠢᠳ ᠬᠣᠵᠢᠳ᠎ᠢᠶᠠᠷ ᠲᠡᠭᠦᠨ᠎ᠦ ᠬᠡᠷ ᠪᠦᠯᠢ ᠵᠢᠨ ᠬᠢᠨ ᠬᠡᠦᠬᠡᠳ ᠵᠢᠡᠨ ᠬᠦᠷᠬᠡᠭᠰᠡᠨ ᠪᠢᠯᠡ᠃ ᠡᠢᠮᠦᠷᠬᠦᠦ ᠭᠡᠷ ᠪᠦᠯᠢ ᠴᠠᠡᠭ᠌ᠵᠸᠤ᠂ ᠰᠦᠵᠧᠦ᠂ ᠱᠠᠩᠬᠠᠶ ᠵᠡᠷᠭᠡ ᠭᠠᠵᠠᠷ᠎ᠲᠤ ᠪᠦᠷ ᠪᠠᠢᠵᠤ᠂ 20 ᠭᠠᠷᠤᠢ ᠵᠢᠯ᠎ᠦᠨ ᠡᠮᠦᠨ᠎ᠡ ᠡᠴᠡ ᠡᠯ᠎ᠡ ᠭᠠᠵᠠᠷ ᠤᠷᠤᠨ ᠵᠠᠯᠭᠠᠭ᠎ᠠ᠎ᠪᠠᠷ 《ᠲᠦᠷᠦᠯ ᠰᠠᠳᠤᠨ᠎ᠢᠶᠠᠨ ᠡᠷᠢᠬᠦ᠌ ᠪᠦᠯᠬᠦᠮ》 ᠪᠠᠢᠭᠤᠯᠤᠭᠰᠠᠨ ᠠᠵᠢ᠃
2023 ᠣᠨ᠎ᠤ ᠴᠠᠭᠠᠨ ᠰᠠᠷ᠎ᠠ᠎ᠶ᠋ᠢᠨ ᠬᠤᠭᠤᠴᠠᠭᠠᠨ᠎ᠳᠤ᠂ ᠵᠸᠦ ᠯᠢᠦ ᠵᠢᠶᠦ᠋ᠨ 《ᠤᠯᠤᠰ᠎ᠤᠨ ᠬᠡᠦᠬᠡᠳ》 ᠭᠡᠬᠦ᠌ ᠲᠧᠯᠸᠢᠰ ᠵᠦᠴᠦᠭᠡ᠎ᠶ᠋ᠢ ᠰᠤᠨᠢᠷᠬᠠᠨ ᠦᠵᠡᠵᠦ᠂ ᠲᠥᠷᠥᠯ ᠰᠠᠳᠤᠨ᠎ᠨᠢ ᠥᠪᠥᠷ ᠮᠣᠩᠭᠣᠯ᠎ᠳᠤ ᠪᠠᠢᠬᠤ ᠪᠣᠯᠤᠯᠴᠠᠭ᠎ᠠ᠎ᠲᠠᠶ ᠭᠡᠳᠡᠭ᠎ᠢ ᠮᠡᠳᠡᠵᠡᠶ᠃ ᠲᠡᠷᠡ ᠢᠱᠢᠩ ᠬᠣᠲᠠ᠎ᠶ᠋ᠢᠨ ᠲᠥᠷᠥᠯ ᠰᠠᠳᠤᠨ᠎ᠢᠶᠠᠨ ᠡᠷᠢᠬᠦ᠌ ᠰᠠᠢᠨ ᠲᠤᠷᠠᠴᠤᠳ᠎ᠤᠨ ᠪᠦᠯᠬᠦᠮ᠎ᠳᠦ ᠣᠷᠣᠵᠤ᠂ ᠬᠠᠨᠢᠳᠠᠳ ᠲᠠᠢ ᠪᠡᠨ ᠢᠱᠢᠩᠤᠨ ᠡᠷᠬᠢᠨ ᠲᠣᠭᠣᠷᠢᠨ᠎ᠤ ᠭᠠᠵᠠᠷ ᠣᠷᠣᠨ᠎ᠤ ᠲᠤᠰᠬᠤᠨ ᠪᠤᠯᠭᠠᠨ ᠵᠢᠡᠷ ᠲᠣᠭᠣᠷᠢᠨ ᠦᠵᠡᠵᠦ᠍᠂ ᠠᠯᠢ ᠠᠢᠯ ᠨᠢ ᠬᠡᠦᠬᠡᠳ᠎ᠢᠶᠡᠨ ᠬᠦᠷᠭᠡᠵᠦ᠍ ᠥᠩᠭᠡᠷᠡᠭ᠌ᠰᠡᠨ᠎ᠢ ᠰᠤᠷᠠᠭ᠍ᠯᠠᠵᠤ᠂ ᠳᠠᠬᠢᠭᠠᠳ ᠲᠥᠷᠥᠯ ᠰᠠᠳᠤᠨ᠎ᠢᠶᠠᠨ ᠡᠷᠢᠬᠦ᠌ ᠪᠤᠳᠤᠯ ᠲᠠᠢ ᠣᠯᠠᠨ ᠲᠦᠮᠡᠨ ᠤ᠋ ᠴᠢᠰᠤᠨ᠎ᠤ ᠥᠯᠢᠭᠡᠷ ᠢ ᠴᠤᠬᠯᠠᠭᠤᠯᠤᠨ᠂ ᠲᠤᠬᠠᠶ᠎ᠶ᠋ᠢᠨ ᠭᠠᠵᠠᠷ᠎ᠤᠨ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠢᠯᠡᠭᠡᠪᠡ᠃
2023 ᠣᠨ᠎ᠤ ᠵᠤᠨ ᠂ ᠵᠸᠦ ᠯᠢᠦ ᠵᠢᠶᠦ᠋ᠨ 260 ᠭᠠᠷᠤᠢ ᠡᠷᠦᠭᠡ᠎ᠶ᠋ᠢᠨ ᠴᠢᠰᠤᠨ᠎ᠤ ᠦᠯᠢᠭᠡᠷ ᠢ ᠠᠪᠤᠪᠠ᠃ ᠴᠢᠰᠤᠨ᠎ᠤ ᠦᠯᠢᠭᠡᠷ ᠢ ᠢᠯᠡᠭᠡᠭᠡᠳ ᠰᠠᠷ᠎ᠠ ᠭᠠᠷᠤᠶ ᠪᠣᠯᠤᠭ᠍ᠰᠠᠨ᠎ᠤ ᠳᠠᠷᠠᠭ᠎ᠠ᠂ 4 ᠭᠡᠷ ᠪᠦᠯᠢ ᠲᠥᠷᠥᠯ ᠰᠠᠳᠤᠨ᠎ᠢᠶᠠᠨ ᠠᠮᠵᠢᠯᠳᠠ ᠳᠠᠢ ᠡᠷᠢᠨ ᠤᠯᠵᠤ᠂ 《ᠤᠯᠤᠰ᠎ᠤᠨ ᠬᠡᠦᠬᠡᠳ》 ᠤ᠋ᠤᠨ ᠲᠦᠷᠦᠯ ᠰᠠᠳᠤᠨ᠎ᠢᠶᠠᠨ ᠡᠷᠢᠬᠦ᠌ ᠰᠠᠢ᠌ᠨ ᠲᠤᠷᠠᠴᠤᠳ ᠤ᠋ᠨ ᠬᠠᠪᠰᠤᠷᠤᠯᠭ᠎ᠠ ᠳᠣᠣᠷ᠎ᠠ ᠲᠦᠷᠦᠭᠰᠡᠨ ᠨᠤᠳᠤᠭ ᠵᠢᠡᠨ ᠤᠯᠵᠤ ᠮᠡᠳᠡᠪᠡ᠃
2023 ᠣᠨ᠎ᠤ 12 ᠰᠠᠷ᠎ᠠ᠎ᠶ᠋ᠢᠨ 31 ᠤ᠋ ᠡᠳᠦᠷ᠂ ᠯᠢ ᠶᠦᠩ ᠵᠢᠶᠠᠩᠰᠦ ᠮᠤᠵᠢ᠎ᠶ᠋ᠢᠨ ᠯᠢ ᠶᠠᠩ ᠬᠣᠲᠠ᠎ᠶ᠋ᠢᠨ ᠳ᠋ᠠᠢ ᠲᠧᠦ ᠪᠠᠯᠭᠠᠰᠤᠨ᠎ᠤ ᠲᠢᠶᠠᠨ ᠯᠦᠸᠧ ᠸᠧᠶ ᠲᠣᠰᠭᠣᠨ᠎ᠳᠤ ᠬᠦᠷᠴᠦ ᠲᠥᠷᠥᠯ ᠰᠠᠳᠤᠨ᠎ᠢᠶᠠᠨ ᠲᠠᠨᠢᠵᠤ᠂ 97 ᠨᠠᠰᠤᠲᠠᠶ ᠲᠥᠷᠥᠭ᠌ᠰᠡᠨ ᠡᠵᠢ᠎ᠲᠡᠶ᠎ᠪᠡᠨ ᠵᠤᠯᠭᠠᠪᠠ᠃

ᠬᠡᠮᠡᠷᠯᠢᠭ ᠲᠤᠭ ᠬᠦᠷᠭᠡᠵᠦ᠍ ᠪᠠᠢᠭ᠎ᠠ ᠨᠢ
ᠢᠷᠡᠯᠳᠡ ᠵᠢ ᠳᠤᠳᠤᠷᠬᠠᠢᠯᠠᠬᠰᠠᠨ ᠦᠬᠡᠢ
ᠬᠡᠷᠡᠯ ᠵᠢᠷᠤᠭ᠎ᠤᠳ ᠢ ᠱᠢᠯᠢ᠎ᠶ᠋ᠢᠨ ᠭᠤᠤᠯ ᠠᠢᠮᠠᠭ᠎ᠤᠨ
ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ ᠬᠠᠩᠭᠠᠪᠠ
2024 ᠤᠨ ᠤ᠋ 1 ᠰᠠᠷ᠎ᠠ ᠵᠢᠨ 12 ᠤ᠋ᠨ ᠡᠳᠦᠷ᠂ ᠸᠠᠩ ᡁᠢ ᠴᠢᠶᠠᠩ ᠵᠢᠶᠠᠩᠰᠤ ᠮᠤᠵᠢ ᠵᠢᠨ ᠴᠠᠩᠵᠸᠦ ᠬᠤᠳᠠ ᠵᠢᠨ ᠡᠦ ᠵᠢᠨ ᠲᠤᠭᠤᠷᠢᠬ ᠤ᠋ᠨ ᠼᠦᠢ ᠤᠪᠤᠬᠳᠤ ᠵᠢᠨ ᠲᠤᠰᠬᠤᠨ ᠳ᠋ᠸ᠋ 64 ᠵᠢᠯ ᠠᠶᠠᠷᠯᠠᠨ ᠰᠠᠯᠤᠬᠰᠠᠨ ᠬᠤᠶᠠᠷ ᠠᠬ᠎ᠠ᠂ ᠨᠢᠬᠡ ᠡᠬᠡᠴᠢ ᠲᠠᠢ ᠪᠡᠨ ᠤᠴᠠᠷᠠᠨ ᠵᠤᠯᠭᠠᠪᠠ᠃
《ᠪᠠᠭ᠎ᠠ ᠪᠠᠯᠴᠢᠷ ᠲᠸ᠋ ᠤᠯᠤᠰ ᠡᠴᠨ ᠮᠠᠨᠤᠰ ᠢ ᠬᠠᠮᠢᠶᠠᠷᠤᠬᠰᠠᠨ ᠦᠬᠡᠢ ᠪᠤᠯ᠂ ᠴᠠᠢᠯᠭᠠᠨ ᠴᠠᠭᠠᠪᠤᠷ ᠦᠪᠦᠷ ᠮᠤᠩᠭᠤᠯ ᠤ᠋ᠨ ᠠᠷᠠᠳ ᠲᠦᠮᠡᠨ ᠮᠠᠨᠤᠰ ᠢ᠋ ᠦᠷᠠᠴᠢᠯᠠᠨ ᠲᠡᠵᠢᠭᠡᠭᠰᠡᠨ ᠦᠬᠡᠢ ᠪᠤᠯ ᠪᠢᠳᠡ ᠬᠦᠮᠦᠨ ᠪᠤᠯᠵᠤ ᠲᠡᠢᠯᠬᠦ ᠦᠬᠡᠢ᠃ ᠡᠳᠦᠬᠡ ᠤᠯᠤᠰ ᠡᠴᠨ ᠮᠠᠨᠤᠰ ᠤ᠋ᠨ ᠰᠠᠳᠤᠨ ᠢ᠋ ᠡᠷᠢᠵᠦ ᠦᠭᠴᠦ ᠪᠠᠢᠨ᠎ᠠ᠂ ᠬᠤᠶᠠᠷ ᠭᠠᠵᠠᠷ ᠤ᠋ᠨ ᠴᠠᠬᠳᠠᠭ᠎ᠠ ᠪᠤᠯᠤᠨ ᠰᠠᠢᠨ ᠲᠤᠷᠠᠴᠤᠳ ᠶᠡᠬᠡ ᠬᠦᠴᠦ ᠬᠦᠳᠡᠯᠮᠦᠷᠢ ᠵᠠᠷᠤᠴᠠᠭᠤᠯᠤᠬᠰᠠᠨ᠂ ᠶᠡᠬᠡ ᠪᠠᠶᠠᠷᠯᠠᠯ᠎ᠠ!》 ᠬᠡᠵᠦ ᠸᠠᠩ ᡁᠢ ᠴᠢᠶᠠᠩ ᠰᠡᠳᠭᠢᠯ ᠳᠣᠭ᠍ᠳᠣᠯᠤᠨ ᠬᠡᠯᠡᠨ᠎ᠡ᠃
《 ᠤᠯᠤᠰ᠎ᠤᠨ ᠬᠡᠦᠬᠡᠳ》 ᠤ᠋ᠨ ᠲᠦᠷᠦᠯ ᠰᠠᠳᠤᠨ ᠢ᠋ ᠨᠢ ᠡᠷᠢᠵᠦ ᠦᠭᠬᠦ ᠠᠵᠢᠯᠯᠠᠭ᠎ᠠ ᠵᠢᠨ ᠪᠠᠶᠠᠷ᠎ᠤᠨ ᠴᠢᠮᠡᠭᠡ ᠲᠠᠰᠤᠷᠠᠯᠲᠠ ᠥᠬᠡᠶ ᠤᠯᠠᠮᠵᠢᠯᠠᠭ᠍ᠳᠠᠬᠤᠶ᠋ᠢ ᠳᠠᠭᠠᠯᠳᠤᠨ᠂ 《ᠤᠯᠤᠰ᠎ᠤᠨ ᠬᠡᠦᠬᠡᠳ》 ᠡᠯ᠎ᠡ ᠭᠠᠵᠠᠷᠡᠴᠨ ᠴᠢᠰᠤᠨ᠎ᠤ ᠦᠯᠢᠬᠡᠷ ᠵᠢᠡᠨ ᠢᠯᠡᠬᠡᠵᠦ᠂ 《ᠤᠯᠤᠰ᠎ᠤᠨ ᠬᠦᠴᠦᠨ》 ᠳ᠋ᠸ᠋ ᠲᠦᠰᠢᠭᠯᠡᠨ ᠲᠦᠷᠦᠯ ᠰᠠᠳᠤᠨ᠎ᠢᠶᠠᠨ ᠡᠷᠢᠵᠦ᠍ ᠤᠯᠬᠤ᠎ᠶ᠋ᠢ ᠬᠦᠰᠡᠮᠵᠢᠯᠡᠨ᠎ᠡ᠃
1 ᠰᠠᠷ᠎ᠠ᠎ᠶ᠋ᠢᠨ 22 ᠤ᠋ᠨ ᠡᠳᠦᠷ᠂ ᠵᠠᠩ ᠵᠶ᠋ᠢ ᠫᠢᠩ᠎ᠢ ᠪᠠᠭ᠍ᠲᠠᠭᠠᠭ᠍ᠰᠠᠨ ᠬᠥᠬᠡᠬᠣᠲᠠ᠎ᠳᠤ ᠠᠮᠢᠳᠤᠷᠠᠭ᠎ᠠ 10 ᠭᠠᠷᠤᠢ 《ᠤᠯᠤᠰ᠎ᠤᠨ ᠬᠡᠦᠬᠡᠳ》 ᠴᠢᠰᠤᠨ ᠤ᠋ ᠦᠯᠢᠬᠡᠷ ᠵᠢᠡᠨ ᠠᠪᠴᠤ᠂ ᠱᠢᠯᠢ᠎ᠶ᠋ᠢᠨ ᠭᠣᠣᠯ ᠠᠢᠮᠠᠭ᠎ᠤᠨ ᠳᠣᠲᠣᠭᠠᠳᠤ᠎ᠶ᠋ᠢ ᠬᠠᠮᠠᠭᠠᠯᠠᠬᠤ ᠲᠤᠪᠴᠢᠶᠠᠨ ᠳ᠋ᠸ᠋ ᠢᠯᠡᠭᠡᠪᠡ᠃ ᠰᠠᠳᠤᠨ᠎ᠢᠶᠠᠨ ᠡᠷᠢᠬᠦ᠌ ᠲᠤᠰᠭᠠᠶ ᠠᠩᠭᠢ᠎ᠶ᠋ᠢᠨ ᠡᠳᠦᠷ ᠰᠥᠨᠢ ᠥᠬᠡᠶ ᠴᠢᠷᠮᠠᠢᠯᠭ᠎ᠠ᠎ᠪᠠᠷ ᠳᠡᠮᠵᠢᠨ᠂ ᠰᠠᠷ᠎ᠠ ᠪᠣᠯᠤᠭ᠎ᠠ ᠥᠬᠡᠶ᠎ᠪᠡᠷ ᠵᠠᠩ ᠵᠢᠶ ᠫᠢᠩ ᠪᠣᠯᠤᠨ ᠨᠥᠭᠥᠭᠡ ᠨᠢᠭᠡ 《ᠤᠯᠤᠰ᠎ᠤᠨ ᠬᠡᠦᠬᠡᠳ》 ᠲᠦ᠍ ᠰᠠᠳᠤᠨ ᠢ᠋ ᠨᠢ ᠡᠷᠢᠵᠦ ᠤᠯᠵᠤ ᠦᠭᠬᠦᠯ᠎ᠡ᠃
《 ᠣᠲᠣ ᠪᠣᠯᠲᠠᠯ᠎ᠠ᠂ ᠠᠷᠪᠠᠨ ᠬᠡᠳᠦᠨ 〈ᠤᠯᠤᠰ᠎ᠤᠨ ᠬᠡᠦᠬᠡᠳ〉 ᠮᠠᠨ᠎ᠤ ᠲᠤᠰᠭᠠᠶ ᠠᠩᠭᠢ᠎ᠶ᠋ᠢᠨ ᠠᠵᠢᠯᠯᠠᠭ᠎ᠠ᠎ᠪᠠᠷ ᠳᠡᠮᠵᠢᠨ ᠰᠠᠳᠤᠨ᠎ᠢᠶᠠᠨ ᠡᠷᠢᠵᠦ ᠤᠯᠪᠠ᠃ 〈ᠤᠯᠤᠰ᠎ᠤᠨ ᠬᠡᠦᠬᠡᠳ〉 ᠤ᠋ᠳ ᠶᠠᠪᠤᠬᠤ ᠲᠤᠳᠤᠮ ᠨᠠᠰᠤ ᠠᠬᠢᠵᠤ᠂ ᠪᠢᠳᠡ ᠶᠡᠷᠦ᠎ᠨᠢ ᠲᠡᠳᠡᠨ ᠤ᠋ ᠰᠠᠳᠤᠨ ᠢ᠋ ᠨᠢ ᠬᠤᠷᠳᠤᠬᠠᠨ ᠤᠯᠵᠤ ᠦᠭᠬᠦ ᠵᠢ ᠬᠦᠰᠡᠳᠡᠭ᠃ ᠪᠢᠳᠡ ᠴᠠᠬ ᠮᠦᠴᠡ ᠲᠠᠢ ᠤᠷᠤᠯᠳᠤᠨ ᠨᠡᠩ ᠤᠯᠠᠨ 〈ᠤᠯᠤᠰ᠎ᠤᠨ ᠬᠡᠦᠬᠡᠳ〉 ᠲᠦ᠍ ᠬᠠᠪᠰᠤᠷᠤᠨ ᠤᠴᠠᠷᠠᠨ ᠵᠤᠯᠭᠠᠬᠤ ᠮᠦᠷᠦᠬᠡᠳᠦᠯ ᠢ᠋ ᠨᠢ ᠪᠡᠶᠡᠯᠡᠬᠦᠯᠬᠦ ᠪᠡᠷ ᠴᠢᠷᠮᠠᠢᠨ᠎ᠠ 》 ᠭᠡᠵᠦ᠍ ᠠᠭᠤᠳᠠᠮ ᠶᠠᠷᠢᠨ᠎ᠠ᠃
ᠳᠤᠭᠠᠴᠢᠯᠳᠠ
65 ᠵᠢᠯ᠎ᠦᠨ ᠲᠠᠷᠠᠭ᠎ᠠ ᠪᠢ ᠡᠵᠢ ᠳ᠋ᠡᠭᠡᠨ ᠲᠠᠬᠢᠨ ᠵᠤᠯᠭᠠᠯ᠎ᠠ
ᠲᠤᠭᠠᠴᠢᠭᠴᠢ ᠄ ᠯᠢ ᠶᠦᠩ
ᠮᠢᠨᠦ᠍ ᠴᠡᠭᠡᠵᠢᠯᠡᠵᠦ᠍ ᠪᠠᠢᠬᠤ᠎ᠪᠠᠷ᠂ ᠮᠢᠨᠦ᠍ ᠭᠡᠷ ᠱᠢᠯᠢ᠎ᠶ᠋ᠢᠨ ᠭᠤᠤᠯ ᠠᠢᠮᠠᠭ᠎ᠤᠨ ᠰᠥᠨᠢᠳ ᠪᠠᠷᠠᠭᠤᠨ ᠬᠣᠱᠢᠭᠤᠨ᠎ᠤ ᠵᠢᠷᠦᠬᠡ ᠪᠠᠯᠭᠠᠰᠤᠨ᠎ᠤ ᠴᠢᠤᠸᠠᠨ ᠱᠧᠩ ᠲᠣᠰᠭᠣᠨ᠎ᠳᠤ ᠪᠠᠢᠨ᠎ᠠ᠃ ᠡᠷᠭᠦᠭ᠌ᠰᠡᠨ ᠡᠴᠢᠭᠡ ᠡᠬᠡ ᠶᠡᠷᠦ᠍᠎ᠡᠴᠡ ᠮᠢᠨᠦ᠍ ᠪᠡᠶ᠎ᠡ᠎ᠶ᠋ᠢᠨ ᠭᠠᠷᠤᠯ᠎ᠢ ᠨᠠᠳᠠ᠎ᠳᠤ ᠬᠡᠯᠡᠵᠦ᠍ ᠥᠩᠭᠡᠷᠡᠭ᠌ᠰᠡᠨ ᠦᠭᠡᠢ᠃ ᠦᠭᠡᠯᠡᠢ ᠪᠤᠯᠬᠤ ᠶ᠋ᠢ ᠳᠠᠭᠠᠯᠳᠤᠨ᠂ ᠪᠢ ᠠᠭᠠᠵᠢᠮ᠎ᠢᠶᠠᠷ ᠥᠪᠡᠷ᠎ᠢ᠎ᠪᠡᠨ 《ᠤᠯᠤᠰ᠎ᠤᠨ ᠬᠡᠦᠬᠡᠳ》 ᠭᠡᠳᠡᠭ᠎ᠢᠶᠡᠨ ᠮᠡᠳᠡᠵᠡᠢ᠃
ᠡᠷᠭᠦᠭ᠌ᠰᠡᠨ ᠠᠪᠤ ᠡᠵᠢ ᠨᠠᠰᠤ ᠪᠠᠷᠠᠭ᠍ᠰᠠᠨ᠎ᠤ ᠳᠠᠷᠠᠭ᠎ᠠ᠂ ᠪᠢ ᠲᠥᠷᠥᠯ ᠰᠠᠳᠤᠨ᠎ᠢᠶᠠᠨ ᠡᠷᠢᠬᠦ᠌ ᠪᠣᠳᠣᠯ ᠣᠷᠣᠪᠠ᠃ 2021 ᠣᠨ᠎ᠳᠤ᠂ ᠮᠢᠨᠦ᠍ ᠥᠬᠢᠨ ᠨᠠᠳᠠ᠎ᠳᠤ᠂ ᠤᠯᠤᠰ᠎ᠠᠴᠠ ᠶᠠᠭ 《ᠲᠦᠷᠦᠯ ᠰᠠᠳᠤᠨᠶ᠋ᠢᠡᠨ ᠡᠷᠢᠬᠦ ᠠᠵᠢᠯᠯᠠᠭ᠎ᠠ》 ᠥᠷᠨᠢᠭᠦᠯᠵᠦ᠍ ᠪᠠᠢᠨ᠎ᠠ᠂ ᠨᠠᠳᠠ ᠱᠢᠭ᠋ ᠲᠦᠷᠦᠭᠰᠡᠨ ᠡᠴᠢᠭᠡ ᠡᠭᠡᠡᠴᠡᠪᠡᠨ ᠰᠠᠯᠤᠭᠠᠳ ᠣᠯᠠᠨ ᠵᠢᠯ ᠪᠤᠯᠵᠤ ᠪᠠᠢᠭ᠎ᠠ ᠬᠥᠮᠦᠨ ᠳᠣᠲᠣᠭᠠᠳᠤ᠎ᠶ᠋ᠢ ᠬᠠᠮᠠᠭᠠᠯᠠᠬᠤ ᠰᠠᠯᠠᠭ᠎ᠠ ᠮᠥᠴᠢᠷ᠎ᠲᠦ ᠣᠴᠢᠵᠤ ᠳᠠᠩᠰᠠᠯᠠᠭᠤᠯᠵᠤ ᠪᠣᠯᠤᠨ᠎ᠠ᠂ ᠴᠢᠰᠤᠨ᠎ᠤ ᠥᠯᠢᠭᠡᠷ ᠴᠤᠭ᠍ᠯᠠᠭᠤᠯᠬᠤ᠂ DNA ᠶ᠋ᠢᠨ ᠲᠣᠭ᠎ᠠ ᠪᠠᠷᠢᠮᠲᠠ᠎ᠶ᠋ᠢ ᠵᠠᠳᠠᠯᠵᠤ ᠬᠠᠷᠢᠴᠠᠭᠤᠯᠬᠤ᠎ᠪᠠᠷ ᠳᠡᠮᠵᠢᠨ ᠲᠥᠷᠥᠯ ᠰᠠᠳᠤᠨ᠎ᠢᠶᠠᠨ ᠡᠷᠢᠵᠦ᠍ ᠪᠣᠯᠤᠨ᠎ᠠ ᠭᠡᠳᠡᠭ᠎ᠢ ᠬᠡᠯᠡᠵᠦ ᠦᠭᠪᠡ᠃ 2023 ᠣᠨ᠎ᠤ 11 ᠰᠠᠷ᠎ᠠ᠎ᠶ᠋ᠢᠨ 23 ᠤ᠋ ᠡᠳᠦᠷ ᠂ ᠪᠢ ᠲᠦᠷᠦᠯ ᠰᠠᠳᠤᠨ᠎ᠤ ᠰᠤᠷᠠᠭ ᠴᠢᠮᠡᠭᠡ ᠪᠡᠨ ᠲᠤᠭᠤᠯᠵᠠᠢ᠃
2023 ᠣᠨ᠎ᠤ 12 ᠰᠠᠷ᠎ᠠ᠎ᠶ᠋ᠢᠨ 31᠎ᠤ᠋ ᠡᠳᠦᠷ ᠂ ᠵᠢᠶᠠᠩᠰᠦ ᠮᠤᠵᠢ᠎ᠶ᠋ᠢᠨ ᠯᠢ ᠶᠠᠩ ᠬᠣᠲᠠ᠎ᠶ᠋ᠢᠨ ᠳ᠋ᠠᠶ ᠳᠧᠦ ᠪᠠᠯᠭᠠᠰᠤᠨ᠎ᠤ ᠱᠠᠨ ᠴᠢᠶᠠᠨ ᠲᠣᠰᠭᠣᠨ᠎ᠤ ᠲᠢᠶᠠᠨ ᠯᠦᠸᠧ ᠸᠧᠶ ᠳ᠋ᠤ᠂ 65 ᠵᠢᠯ᠎ᠦᠨ ᠳᠠᠷᠠᠭ᠎ᠠ᠂ ᠲᠥᠷᠥᠭ᠌ᠰᠡᠨ ᠡᠵᠢ ᠱ᠌ᠢ ᠪᠠ ᠮᠧᠶ᠎ᠲᠠᠢ ᠠᠭᠤᠯᠵᠠᠵᠤ᠂ ᠠᠬ᠎ᠠ ᠡᠭᠡᠴᠢ ᠪᠠ ᠬᠤᠶᠠᠷ ᠲᠡᠬᠦᠦ ᠲᠠᠢ ᠪᠠᠨ ᠠᠭᠤᠯᠵᠠᠵᠠᠢ᠃ 97 ᠨᠠᠰᠤᠳᠠᠢ ᠡᠵᠢ ᠮᠢᠨᠢ ᠨᠠᠳᠠ᠎ᠳᠤ ᠪᠠᠶᠠᠷᠳᠤ ᠠᠭᠤᠯᠵᠠᠯᠳᠠ ᠵᠢᠨ ᠪᠤᠭᠤᠷᠰᠤᠭ ᠢᠳᠡᠬᠦᠯᠦᠭᠰᠡᠨ᠃
ᠳᠡᠭᠦᠦ ᠮᠢᠨᠢ ᠬᠠᠷᠢᠵᠤ ᠢᠷᠡᠯ᠎ᠠ
ᠲᠤᠭᠠᠴᠢᠭᠴᠢ ᠄ ᠢᠦᠢ ᠷᠧᠨ ᠵᠢᠶᠸ
ᠪᠢ ᠵᠢᠶᠠᠩᠰᠦ ᠮᠤᠵᠢ᠎ᠶ᠋ᠢᠨ ᠥᠰᠢ ᠬᠣᠲᠠ᠎ᠶ᠋ᠢᠨ ᠢᠱᠢᠩ ᠬᠣᠲᠠ᠎ᠳᠤ ᠠᠮᠢᠳᠤᠷᠠᠳᠠᠭ᠃ 60 ᠭᠠᠷᠤᠢ ᠵᠢᠯ᠎ᠦᠨ ᠡᠮᠦᠨ᠎ᠡ᠂ ᠠᠮᠢᠳᠤᠷᠠᠯ᠎ᠤᠨ ᠭᠠᠴᠢᠭ᠍ᠳᠠᠯᠠᠴᠠ ᠪᠤᠯᠵᠤ᠂ ᠠᠪᠤ ᠡᠵᠢ ᠮᠢᠨᠢ ᠭᠤᠷᠪᠠᠬᠠᠨ ᠨᠠᠰᠤᠲᠠᠢ ᠳᠡᠭᠦᠦ᠍᠎ᠶ᠋ᠢ ᠱᠠᠩᠬᠠᠢ᠎ᠳᠤ ᠬᠦᠷᠭᠡᠪᠡ᠃ ᠳᠡᠭᠦᠦ᠎ᠵᠢ ᠮᠢᠨᠢ ᠡᠷᠢᠵᠦ᠍ ᠠᠪᠴᠢᠷᠠᠬᠤ ᠪᠤᠳᠤᠯ ᠡᠵᠢ᠎ᠶᠢᠨ ᠰᠡᠳᠬᠢᠯ ᠡᠴᠡ ᠶᠡᠷᠦ ᠭᠠᠷᠤᠭᠰᠠᠨ ᠦᠭᠡᠢ᠂ ᠭᠡᠲᠡᠯ᠎ᠡ ᠡᠨᠡ ᠪᠤᠯ 《ᠠᠨᠠᠪᠠᠳ ᠲᠠᠯᠠᠢ ᠡᠴᠡ ᠵᠡᠭᠦᠦ ᠡᠷᠢᠵᠦ ᠪᠠᠢᠬᠤ》 ᠮᠡᠳᠦ᠂ ᠬᠠᠮᠢᠭ᠎ᠠ᠎ᠠᠴᠠ ᠡᠷᠢᠬᠦ᠌᠎ᠪᠡᠨ ᠮᠡᠳᠡᠬᠦ᠌ ᠦᠭᠡᠢ᠃ ᠡᠴᠢᠭᠡ ᠡᠬᠡ ᠨᠠᠰᠤ ᠪᠠᠷᠠᠭ᠍ᠰᠠᠨ᠎ᠤ ᠳᠠᠷᠠᠭ᠎ᠠ᠂ ᠲᠥᠷᠥᠯ ᠰᠠᠳᠤᠨ᠎ᠢᠶᠠᠨ ᠡᠷᠢᠬᠦ᠌ ᠨᠢ ᠨᠠᠩ ᠬᠦᠴᠢᠷᠲᠡᠶ ᠪᠣᠯᠪᠠ᠃ 2023 ᠣᠨ᠎ᠤ 12 ᠰᠠᠷ᠎ᠠ᠎ᠳᠤ᠂ ᠲᠥᠷᠥᠯ ᠰᠠᠳᠤᠨ᠎ᠢᠶᠠᠨ ᠡᠷᠢᠬᠦ᠌ ᠰᠠᠢᠨ ᠲᠤᠷᠠᠴᠤᠤᠯ ᠵᠸᠤ ᠯᠢᠦ ᠵᠢᠶᠦ᠋ᠨ ᠨᠠᠮᠠᠶ᠋ᠢ ᠡᠷᠢᠵᠦ᠍ ᠢᠷᠡᠭᠡᠳ᠂ ᠬᠡᠦᠬᠡᠳ᠎ᠢᠶᠡᠨ ᠬᠦᠷᠭᠡᠵᠦ᠍ ᠥᠩᠭᠡᠷᠡᠭ᠌ᠰᠡᠨ ᠡᠰᠡᠬᠦ᠌᠎ᠶ᠋ᠢ ᠠᠰᠠᠭᠤᠭᠠᠳ᠂ ᠮᠢᠨᠦ᠍ ᠳᠡᠭᠦᠦ᠍᠎ᠶ᠋ᠢ ᠡᠷᠢᠵᠦ᠍ ᠣᠯᠬᠤ ᠪᠤᠯᠤᠮᠵᠢ ᠲᠠᠢ ᠭᠡᠵᠦ ᠬᠡᠯᠡᠵᠦ ᠦᠭᠪᠡ᠂ ᠢᠨᠭᠭᠢᠭᠡᠳ ᠴᠢᠰᠤᠨ᠎ᠤ ᠦᠯᠢᠭᠡᠷ ᠠᠪᠤᠭᠠᠳ ᠳᠡᠮᠡᠶ ᠤᠳᠠᠭ᠍ᠰᠠᠨ ᠥᠬᠡᠶ ᠰᠠᠢᠨ ᠴᠢᠮᠡᠭᠡ ᠲᠤᠭᠤᠯᠵᠠᠢ᠃ ᠥᠪᠥᠷ ᠮᠣᠩᠭᠣᠯ᠎ᠤᠨ ᠦᠬᠠᠶ ᠬᠣᠲᠠ᠎ᠳᠤ ᠠᠮᠢᠳᠤᠷᠠᠵᠤ ᠪᠠᠢᠭ᠎ᠠ ᠯᠢ ᠱ᠌ᠢ ᠶᠢᠩ ᠪᠣᠯ ᠳᠠᠷᠤᠢ ᠮᠢᠨᠦ᠍ ᠲᠥᠷᠥᠭ᠌ᠰᠡᠨ ᠳᠡᠭᠦᠦ ᠪᠠᠢᠵᠠᠢ!
ᠲᠤᠬᠠᠢ᠎ᠶᠢᠨ ᠵᠢᠯ ᠳᠡᠭᠦᠦ᠍᠎ᠶ᠋ᠢ ᠮᠢᠨᠢ ᠱᠠᠩᠬᠠᠢ᠎ᠶ᠋ᠢᠨ ᠥᠨᠥᠴᠢᠨ ᠬᠡᠦᠬᠡᠳ᠎ᠦᠨ ᠬᠦᠷᠢᠶᠡᠯᠡᠩ᠎ᠳᠦ ᠬᠦᠷᠭᠡᠭᠰᠡᠨ ᠡᠴᠡ 《ᠭᠤᠷᠪᠠᠨ ᠮᠢᠩᠭᠠᠨ ᠥᠨᠥᠴᠢᠨ ᠬᠡᠦᠬᠡᠳ》 ᠤ᠋ᠨ ᠨᠢᠭᠡ ᠪᠣᠯᠵᠦ᠂ ᠥᠪᠥᠷ ᠮᠣᠩᠭᠣᠯ᠎ᠤᠨ ᠱᠢᠯᠢ᠎ᠶ᠋ᠢᠨ ᠭᠣᠣᠯ ᠠᠢᠮᠠᠭ᠎ᠲᠤ ᠬᠦᠷᠭᠡᠭᠳᠡᠵᠦ᠂ ᠴᠠᠢᠯᠭᠠᠨ ᠰᠡᠳᠬᠢᠯ ᠲᠠᠶ ᠡᠷᠭᠦᠭᠰᠡᠨ ᠡᠴᠢᠭᠡ ᠡᠭᠡ ᠨᠢ ᠠᠰᠠᠷᠠᠨ ᠲᠡᠵᠢᠭᠡᠵᠦ᠍ ᠥᠰᠭᠡᠪᠡ᠃ ᠡᠨᠡ ᠵᠢᠯ᠎ᠦᠨ 1 ᠰᠠᠷ᠎ᠠ᠎ᠶ᠋ᠢᠨ 1᠎ᠤ᠋ ᠡᠳᠦᠷ ᠪᠣᠯ ᠳᠡᠭᠦᠦ ᠮᠢᠨᠢ ᠨᠤᠲᠤᠭ᠎ᠲᠠᠭᠠᠨ ᠬᠠᠷᠢᠵᠤ ᠲᠥᠷᠥᠯ ᠰᠠᠳᠤᠨ᠎ᠲᠠᠢ ᠪᠠᠨ ᠲᠠᠨᠢᠯᠴᠠᠭᠰᠠᠨ ᠡᠳᠦᠷ ᠪᠣᠯᠤᠨ᠎ᠠ᠃
ᠨᠠᠮ ᠪᠠ ᠤᠯᠤᠰ᠎ᠤᠨ ᠠᠴᠢ ᠪᠡᠷ ᠲᠦᠷᠦᠯ ᠰᠠᠳᠤᠨ ᠵᠢᠡᠨ ᠡᠷᠢᠵᠦ ᠤᠯᠤᠯ᠎ᠠ
ᠲᠤᠭᠠᠴᠢᠬᠴᠢ ᠄ ᠸᠠᠩ ᡁᠢ ᠴᠢᠶᠠᠩ
ᠪᠢ ᠡᠨᠡ ᠵᠢᠯ 66 ᠨᠠᠰᠤᠲᠠᠶ᠂ 《ᠤᠯᠤᠰ᠎ᠤᠨ ᠬᠡᠦᠬᠡᠳ》 ᠪᠤᠯᠤᠨ᠎ᠠ᠃ 60 ᠭᠠᠷᠤᠢ ᠵᠢᠯ᠎ᠦᠨ ᠡᠮᠦᠨ᠎ᠡ ᠂ ᠪᠢ ᠥᠪᠥᠷ ᠮᠣᠩᠭᠣᠯ᠎ᠳᠤ ᠢᠷᠡᠬᠦ᠌᠎ᠳᠦ ᠠᠷᠠᠢ ᠬᠣᠶᠠᠷ ᠨᠠᠰᠤ ᠬᠦᠷᠦᠭᠡ ᠦᠭᠡᠢ ᠪᠠᠢᠵᠠᠢ᠃ ᠪᠠᠭ᠎ᠠ᠎ᠶ᠋ᠢᠨ ᠦᠶ᠎ᠡ᠎ᠶ᠋ᠢᠨ ᠳᠤᠷᠠᠰᠤᠮᠵᠢ᠎ᠳᠤ᠂ ᠪᠢ ᠱᠢᠯᠢ᠎ᠶ᠋ᠢᠨ ᠭᠣᠣᠯ᠎ᠤᠨ ᠲᠠᠯ᠎ᠠ ᠨᠤᠲᠤᠭ᠎ᠲᠤ ᠡᠷᠭᠦᠭᠰᠡᠨ ᠡᠴᠢᠭᠡ ᠢᠷᠦᠭᠡᠯᠳᠦ ᠪᠣᠯᠤᠨ ᠡᠵᠢ ᠭᠤᠸᠠᠨ ᠵᠢᠶᠦ᠋ᠨ ᠷᠦ᠋ ᠵᠢᠨ ᠨᠠᠷᠢᠨ ᠨᠢᠮᠪᠠᠢ ᠠᠷᠠᠴᠢᠯᠠᠭ᠎ᠠ ᠲᠤᠳᠤᠮᠳᠠᠯᠭ᠎ᠠ ᠳᠣᠣᠷ᠎ᠠ ᠦᠰᠦᠨ ᠪᠣᠢᠵᠢᠭ᠍ᠰᠠᠨ ᠶᠤᠮ᠃
ᠲᠣᠮᠣ ᠪᠣᠯᠤᠭ᠍ᠰᠠᠨ᠎ᠤ ᠳᠠᠷᠠᠭ᠎ᠠ᠂ ᠪᠢ ᠰᠠᠶᠢ ᠥᠪᠡᠷ᠎ᠢ᠎ᠪᠡᠨ 《ᠤᠯᠤᠰ᠎ᠤᠨ ᠬᠡᠦᠬᠡᠳ》 ᠭᠡᠳᠡᠭ᠎ᠢᠶᠡᠨ ᠮᠡᠳᠡᠵᠡᠢ᠃ ᠬᠥᠮᠦᠨ᠎ᠡᠴᠡ ᠰᠣᠨᠣᠰᠭᠤ᠎ᠳᠤ᠂ ᠲᠤᠬᠠᠶ᠎ᠶ᠋ᠢᠨ ᠵᠢᠯ ᠡᠷᠭᠦᠭ᠌ᠰᠡᠨ ᠠᠪᠤ ᠢᠷᠦᠭᠡᠯᠳᠦ ᠬᠣᠶᠠᠷ ᠨᠠᠰᠤ ᠬᠦᠷᠦᠭᠡᠳᠦᠢ ᠨᠠᠮᠠᠶ᠋ᠢ ᠡᠯᠢᠭᠡᠨ᠎ᠳᠡᠭᠡᠨ ᠲᠡᠪᠡᠷᠢᠵᠦ᠍᠂ ᠨᠥᠭᠥᠭᠡ ᠭᠠᠷ᠎ᠢᠶᠠᠷ᠎ᠢᠶᠠᠨ ᠴᠤᠯᠪᠤᠭᠤᠷ᠎ᠢᠶᠠᠨ ᠴᠢᠩᠭᠠᠯᠠᠵᠤ᠂ ᠮᠣᠷᠢ ᠤᠨᠤᠵᠤ ᠬᠡᠷ᠎ᠲᠡᠬᠡᠨ ᠳᠠᠭᠠᠭᠤᠯᠵᠤ ᠬᠠᠷᠢᠭᠰᠠᠨ ᠭᠡᠨ᠎ᠡ᠃ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ ᠶ᠋ᠢᠨ ᠥᠷᠨᠢᠭᠦᠯᠦᠭ᠌ᠰᠡᠨ 《ᠲᠦᠷᠦᠯ ᠰᠠᠳᠤᠨᠶ᠋ᠢᠡᠨ ᠡᠷᠢᠬᠦ ᠠᠵᠢᠯᠯᠠᠭ᠎ᠠ》 ᠳᠤᠮᠳᠠ᠂ ᠳᠣᠲᠣᠭᠠᠳᠤ᠎ᠶ᠋ᠢ ᠬᠠᠮᠠᠭᠠᠯᠠᠬᠤ ᠠᠷᠠᠳ᠎ᠤᠨ ᠴᠠᠭ᠍ᠳᠠᠭ᠎ᠠ ᠪᠣᠯᠤᠨ ᠰᠠᠢᠨ ᠲᠤᠷᠠᠴᠤᠳ ᠪᠢᠳᠡᠨ᠎ᠦ ᠰᠠᠳᠤᠨ ᠲᠥᠷᠥᠯ ᠡᠷᠢᠬᠦ᠌ ᠬᠦᠴᠦᠷᠬᠡᠭ ᠶᠡᠬᠡ ᠲᠦᠱᠢᠭ ᠲᠤᠯᠭᠠᠭᠤᠷᠢ ᠪᠣᠯᠤᠭ᠍ᠰᠠᠨ ᠪᠠᠢᠨ᠎ᠠ᠃
1 ᠰᠠᠷ᠎ᠠ᠎ᠶ᠋ᠢᠨ 12᠎ᠤ᠋ᠨ ᠡᠳᠦᠷ᠂ ᠪᠢ ᠥᠪᠡᠷ᠎ᠦᠨ ᠲᠦᠷᠦᠭ᠌ᠰᠡᠨ ᠨᠤᠲᠤᠭ ᠵᠢᠶᠠᠩᠰᠦ ᠮᠤᠵᠢ᠎ᠶ᠋ᠢᠨ ᠴᠠᠩᠵᠸᠦ ᠬᠤᠲᠠ᠎ᠶ᠋ᠢᠨ ᠦ᠋᠎ᠶ᠋ᠢᠨ ᠲᠣᠭᠣᠷᠢᠭ᠎ᠤᠨ ᠼᠦᠢ ᠵᠢᠶᠠ ᠼᠦᠨ ᠲᠣᠰᠭᠣᠨ᠎ᠳᠠᠭᠠᠨ ᠬᠠᠷᠢᠵᠤ᠂ ᠰᠠᠯᠤᠭᠠᠳ 64 ᠵᠢᠯ ᠪᠤᠯᠵᠤ ᠪᠠᠢᠭ᠎ᠠ ᠬᠣᠶᠠᠷ ᠠᠬ᠎ᠠ᠂ ᠨᠢᠭᠡ ᠡᠭᠡᠴᠢᠲᠡᠶᠪᠡᠨ ᠠᠭᠤᠯᠵᠠᠯ᠎ᠠ᠃
( ᠲᠤᠰ ᠰᠣᠨᠢᠨ᠎ᠤ ᠰᠤᠷᠪᠤᠯᠵᠢᠯᠠᠭ᠍ᠴᠢ ᠯᠢ ᠼᠦᠨ ᠰᠢᠶᠠ ᠡᠮᠬᠢᠯᠡᠪᠡ )