ᠬᠣᠪᠣᠷ ᠱᠢᠷᠣᠶ ᠶ᠋ᠢᠨ ᠳᠡᠭᠡᠳᠦ ᠱᠢᠨ᠎ᠡ ᠮᠡᠷᠭᠡᠵᠢᠯ ᠤ᠋ᠨ ᠲᠣᠭᠣᠷᠢᠭ — ᠱᠢᠨ᠎ᠡ ᠵᠢ ᠡᠭᠦᠳᠬᠦ᠌ ᠪᠡᠷ ᠬᠦᠳᠡᠯᠭᠡᠬᠦᠷ ᠪᠤᠯᠭᠠᠵᠤ ᠬᠦᠳᠡᠯᠭᠡᠬᠦ ᠡᠨ᠋ᠸᠷᠬᠢ ᠵᠢ ᠡᠷᠴᠢᠮᠳᠠᠢ ᠬᠥᠭᠵᠢᠭᠡᠨ᠎ᠠ
2024-03-11 09:28:46
ᠵᠣᠬᠢᠶᠠᠭ᠍ᠴᠢ᠄
ᠯᠢᠦ ᠱᠢᠶᠠᠩ ᠫᠢᠩ
ᠣᠩᠱᠢᠭ᠍ᠰᠠᠨ ᠣᠳᠠᠭ᠎ᠠ᠄
★★★☆☆

ᠣᠳᠣᠬᠠᠨ᠎ᠳᠤ ᠶ᠋ᠢᠨ ᠯᠢ ᠲᠣᠭ᠍ᠲᠠᠮᠠᠯ ᠰᠣᠷᠢᠨᠵᠢᠨ (ᠪᠤᠭᠤᠲᠤ) ᠤ᠋ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠶ᠋ᠢᠨ ᠨᠢᠭᠡᠳᠦᠭᠡᠷ ᠬᠤᠭᠤᠴᠠᠭᠠᠨ ᠤ᠋ ᠵᠢᠯ᠎ᠳᠦ 8000 ᠲᠣᠨ ᠥᠨᠳᠥᠷ ᠴᠢᠳᠠᠪᠬᠢᠲᠤ ᠨᠧᠦᠳᠢᠮ ᠲᠡᠮᠦᠷ ᠪᠣᠷ ᠦᠢᠯᠡᠳᠪᠦᠷᠢᠯᠡᠬᠦ᠌ ᠲᠦᠷᠦᠯ ᠵᠦᠢᠯ ᠲᠤᠭᠲᠠᠭᠤᠨ ᠦᠢᠯᠡᠳᠪᠦᠷᠢᠯᠡᠯ ᠶ᠋ᠢᠡᠨ ᠪᠠᠲᠤᠯᠠᠵᠤ᠂ ᠠᠯᠬᠤᠮ ᠠᠯᠬᠤᠮ ᠶ᠋ᠢᠡᠷ ᠨᠡᠮᠡᠭ᠌ᠳᠡᠬᠦ᠌ ᠱᠠᠲᠤᠨ᠎ᠳᠤ ᠣᠷᠣᠵᠤ᠂ ᠬᠦᠴᠦᠷᠬᠡᠭ ᠶᠡᠬᠡ ᠦᠢᠯᠡᠳᠪᠦᠷᠢᠯᠡᠯ ᠤ᠋ᠨ ᠬᠦᠴᠦᠨ ᠪᠣᠯᠤᠨ ᠴᠢᠨᠠᠷ ᠰᠠᠢᠲᠠᠢ ᠶᠠᠰᠤ ᠴᠢᠨᠠᠷ ᠤ᠋ᠨ ᠪᠠᠲᠤᠯᠠᠭ᠎ᠠ ᠳ᠋ᠠᠭᠠᠨ ᠲᠦᠰᠢᠭᠯᠡᠨ᠂ ᠺᠣᠮᠫᠠᠨᠢ ᠶ᠋ᠢᠨ ᠦᠢᠯᠡᠳᠬᠦᠨ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠳᠡᠭᠡᠳᠦ ᠲᠡᠰ ᠤ᠋ᠨ ᠬᠡᠷᠡᠭ᠌ᠯᠡᠭ᠌ᠴᠢᠳ ᠤ᠋ᠨ ᠬᠦᠷᠢᠶᠡᠯᠡᠯ ᠢ᠋ ᠣᠯᠵᠤ ᠪᠠᠢᠨ᠎ᠠ᠃

ᠶ᠋ᠢᠨ ᠯᠢ ᠲᠣᠭ᠍ᠲᠠᠮᠠᠯ ᠰᠣᠷᠢᠨᠵᠢᠨ (ᠪᠤᠭᠤᠲᠤ) ᠤ᠋ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠶ᠋ᠢᠨ ᠶᠡᠷᠦᠩᠬᠡᠢ ᠳᠠᠭᠠᠭᠠᠮᠠᠯ ᠰᠦ᠍ ᠴᠢᠤᠸᠠᠨ ᠤ᠋ ᠦᠵᠡᠬᠦ᠌᠎ᠪᠡᠷ᠂ ᠵᠢᠨ ᠯᠢ ᠲᠣᠭ᠍ᠲᠠᠮᠠᠯ ᠰᠣᠷᠢᠨᠵᠢᠨ ᠤ᠋ ᠦᠢᠯᠡᠳᠬᠦᠨ ᠨᠡᠢᠭᠡᠮ ᠨᠡᠢᠲᠡ ᠳ᠋ᠦ ᠮᠡᠳᠡᠷᠡᠭᠳᠡᠭᠰᠡᠨ ᠤ᠋ ᠵᠠᠩᠭᠢᠯᠠᠭ᠎ᠠ ᠨᠢ ᠮᠡᠷᠭᠡᠵᠢᠯ ᠤ᠋ᠨ ᠱᠢᠨ᠎ᠡ ᠵᠢ ᠡᠭᠦᠳᠤᠯᠳᠠ᠎ᠳᠦ ᠪᠤᠢ᠃ 《ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠶ᠋ᠢᠡᠷ ᠥᠪᠥᠷ ᠮᠣᠩᠭᠣᠯ ᠶ᠋ᠢᠡᠨ ᠮᠠᠨᠳᠤᠭᠤᠯᠬᠤ》 ᠪᠠᠢᠯᠳᠤᠬᠤ ᠪᠣᠳᠣᠯᠭ᠎ᠠ᠎ᠳᠤ ᠲᠦᠱᠢᠭ᠌ᠯᠡᠨ᠂ ᠣᠢᠷ᠎ᠠ ᠶ᠋ᠢᠨ ᠬᠣᠶᠠᠷ ᠵᠢᠯ᠎ᠳᠦ ᠠᠵᠦ ᠠᠬᠤᠢᠯᠠᠯ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ 6 ᠲᠥᠷᠥᠯ ᠵᠦᠶ᠋ᠯ ᠢ᠋ ᠲᠣᠭ᠍ᠲᠠᠭᠠᠨ ᠬᠡᠷᠡᠭ᠌ᠵᠢᠭᠦᠯᠵᠦ᠍᠂ ᠪᠡᠶ᠎ᠡ᠎ᠪᠡᠨ ᠳᠠᠭᠠᠭᠠᠵᠤ ᠰᠤᠳᠤᠯᠤᠨ ᠨᠡᠭᠡᠭᠡᠭ᠌ᠰᠡᠨ ᠬᠦᠨᠳᠦ ᠲᠡᠮᠦᠷᠯᠢᠭ ᠠᠭᠤᠯᠤᠭᠳᠠᠬᠤ ᠦᠭᠡᠢ ᠬᠣᠪᠣᠷ ᠱᠢᠷᠣᠶ ᠶ᠋ᠢᠨ ᠦᠶ᠋ᠯᠡᠳᠬᠦᠨ᠎ᠨᠢ ᠥᠪᠡᠷᠲᠡᠭᠡᠨ ᠵᠠᠰᠠᠬᠤ ᠣᠷᠣᠨ ᠤ᠋ ᠠᠩᠬᠠᠳᠠᠭ᠍ᠴᠢ ᠪᠦᠯᠦᠭ ᠤᠳᠠᠭ᠎ᠠ ᠶ᠋ᠢᠨ ᠱᠢᠨ᠎ᠡ ᠮᠠᠲ᠋ᠧᠷᠢᠶᠠᠯ ᠶ᠋ᠢᠡᠷ ᠵᠥᠪᠱᠢᠶᠡᠷᠡᠭ᠌ᠳᠡᠵᠦ᠍᠂ ᠥᠪᠡᠷᠲᠡᠭᠡᠨ ᠵᠠᠰᠠᠬᠤ ᠣᠷᠣᠨ ᠤ᠋ ᠲᠣᠰ ᠬᠦᠷᠢᠶᠡᠨ᠎ᠳᠡᠬᠢ ᠬᠣᠭᠣᠰᠣᠨ ᠢ᠋ ᠨᠥᠬᠥᠪᠥᠷᠢᠯᠡᠵᠡᠢ᠃

ᠠᠳᠠᠯᠢᠬᠠᠨ ᠶ᠋ᠢᠡᠷ᠂ ᠱᠢᠨ᠎ᠡ ᠵᠢ ᠡᠭᠦᠳᠬᠦ᠌ ᠵᠢ ᠠᠵᠤ ᠠᠬᠤᠢᠯᠠᠯ ᠤ᠋ᠨ ᠬᠥᠭ᠌ᠵᠢᠯᠲᠡ ᠶ᠋ᠢᠨ ᠠᠮᠢᠨ ᠰᠤᠳᠠᠰᠤ ᠪᠤᠯᠭᠠᠳᠠᠭ ᠪᠠᠰᠠ ᠨᠢᠭᠡᠨ ᠺᠤᠮᠫᠠᠨᠢ ᠭᠡᠪᠠᠯ ᠪᠤᠭᠤᠲᠤ ᠶ᠋ᠢᠨ ᠳ᠋ᠦᠩ ᠪᠦᠦ ᠠᠮᠢᠳᠤ ᠪᠣᠳᠠᠰ ᠤ᠋ᠨ ᠮᠡᠷᠭᠡᠵᠢᠯ ᠤ᠋ᠨ ᠬᠤᠪᠢ ᠣᠷᠣᠭᠤᠯᠤᠭ᠍ᠰᠠᠨ ᠬᠢᠵᠠᠭᠠᠷᠲᠤ ᠺᠣᠮᠫᠠᠨᠢ ᠪᠤᠯᠬᠤ ᠠᠵᠢ᠃ ᠣᠯᠠᠨ ᠵᠢᠯ ᠤ᠋ᠨ ᠲᠤᠷᠰᠢ᠂ ᠳ᠋ᠦᠩ ᠪᠦᠦ ᠠᠮᠢᠳᠤ ᠪᠣᠳᠠᠰ ᠤ᠋ᠨ ᠮᠡᠷᠭᠡᠵᠢᠯ ᠤ᠋ᠨ ᠬᠤᠪᠢ ᠣᠷᠣᠭᠤᠯᠤᠭ᠍ᠰᠠᠨ ᠬᠢᠵᠠᠭᠠᠷᠲᠤ ᠺᠣᠮᠫᠠᠨᠢ ᠡᠬᠢ ᠴᠠᠪᠠᠸ᠋ᠯᠢᠭ ᠵᠢᠴᠢ ᠤᠷᠲᠤᠳᠭᠠᠭ᠍ᠰᠠᠨ ᠠᠵᠤ ᠦᠶ᠋ᠯᠡᠰ ᠤ᠋ᠨ ᠱᠢᠨ᠎ᠡ ᠮᠡᠷᠭᠡᠵᠢᠯ᠂ ᠱᠢᠨ᠎ᠡ ᠭᠠᠷ ᠤᠷᠠᠯᠠᠯ ᠢ᠋ ᠰᠤᠳᠤᠯᠤᠨ ᠨᠡᠭᠡᠭᠡᠬᠦ᠌ ᠪᠠ ᠠᠵᠤ ᠦᠢᠯᠡᠰᠵᠢᠭᠦᠯᠬᠦ᠌ ᠠᠵᠢᠯ ᠢ᠋ ᠴᠢᠬᠤᠯᠠᠴᠢᠯᠠᠵᠤ᠂ ᠳᠤᠮᠳᠠᠳᠤ ᠤᠯᠤᠰ ᠤ᠋ᠨ ᠬᠥᠩᠭᠡᠨ ᠠᠵᠤ ᠦᠶ᠋ᠯᠡᠳᠪᠦᠷᠢ ᠶ᠋ᠢᠨ ᠲᠤᠡᠭᠭᠠᠯᠠᠭ ᠴᠠᠪᠠᠤ ᠶ᠋ᠢᠨ ᠭᠤᠤᠯᠳᠠᠯᠭ᠎ᠠ᠎ᠲᠠᠶ ᠲᠤᠷᠱᠢᠯᠲᠠ ᠶ᠋ᠢᠨ ᠲᠠᠰᠤᠭ ᠵᠡᠷᠭᠡ ᠲᠠᠪᠴᠠᠩ᠎ᠲᠠᠶ ᠪᠠᠢᠵᠤ᠂ ᠣᠳᠣᠬᠠᠨ᠎ᠳᠤ ᠨᠢᠭᠡᠨᠲᠡ 20 ᠭᠠᠷᠤᠶ ᠵᠦᠶ᠋ᠯ ᠤ᠋ᠨ ᠲᠤᠰᠭᠠᠶ ᠠᠱᠢᠭ ᠤ᠋ᠨ ᠡᠷᠬᠡ ᠣᠯᠤᠭ᠍ᠰᠠᠨ ᠪᠠᠢᠨ᠎ᠠ᠃

ᠱᠢᠨ᠎ᠡ ᠵᠢᠯ ᠤ᠋ᠨ ᠠᠩᠬᠠᠨ ᠤ᠋ ᠡᠳᠦᠷ᠂ ᠪᠤᠭᠤᠲᠤ ᠬᠣᠲᠠ ᠶ᠋ᠢᠨ ᠨᠠᠮ ᠤ᠋ᠨ ᠬᠣᠷᠢᠶ᠎ᠠ᠂ ᠵᠠᠰᠠᠭ ᠤ᠋ᠨ ᠣᠷᠳᠣᠨ 《ᠱᠢᠨ᠎ᠡ ᠵᠢ ᠡᠭᠦᠳᠬᠦ᠌᠎ᠪᠡᠷ ᠬᠥᠳᠡᠯᠭᠡᠭᠦᠷ ᠪᠣᠯᠭᠠᠬᠤ ᠬᠥᠭ᠌ᠵᠢᠯᠲᠡ ᠶ᠋ᠢᠨ ᠪᠠᠢᠯᠳᠤᠬᠤ ᠪᠣᠳᠣᠯᠭ᠎ᠠ ᠵᠢ ᠲᠦᠷᠭᠡᠳᠭᠡᠨ ᠬᠡᠷᠡᠭ᠌ᠵᠢᠭᠦᠯᠵᠦ᠍ ᠪᠠᠢᠯᠳᠤᠬᠤ ᠪᠣᠳᠣᠯᠭ᠎ᠠ ᠶ᠋ᠢᠨ ᠴᠢᠨᠠᠷᠲᠠᠶ ᠱᠢᠨ᠎ᠡ᠎ᠪᠡᠷ ᠮᠠᠨᠳᠤᠭ᠍ᠰᠠᠨ ᠠᠵᠤ ᠦᠶ᠋ᠯᠡᠰ ᠤ᠋ᠨ ᠬᠥᠭ᠌ᠵᠢᠯᠲᠡ ᠶ᠋ᠢᠨ ᠶᠠᠰᠤ ᠴᠢᠨᠠᠷ ᠢ᠋ ᠳᠡᠭᠡᠭ᠌ᠰᠢᠯᠡᠭᠦᠯᠦᠨ ᠦᠷ᠎ᠡ ᠠᠱᠢᠭ ᠢ᠋ ᠳᠡᠭᠡᠭ᠌ᠰᠢᠯᠡᠭᠦᠯᠬᠦ᠌ ᠲᠤᠬᠠᠶ ᠬᠡᠷᠡᠭ᠌ᠵᠢᠭᠦᠯᠬᠦ᠌ ᠰᠠᠨᠠᠯ》 ᠢ᠋ ᠳᠠᠷᠤᠮᠠᠯᠯᠠᠨ ᠲᠠᠷᠬᠠᠭᠠᠵᠤ᠂ ᠬᠣᠶᠠᠷ ᠵᠢᠯ ᠳᠠᠷᠠᠭᠠᠯᠠᠨ ᠨᠢᠭᠡᠳᠦᠭᠡᠷ ᠲᠣᠭᠠᠲᠤ ᠪᠢᠴᠢᠭ ᠮᠠᠲ᠋ᠧᠷᠢᠶᠠᠯ ᠶ᠋ᠢᠡᠷ ᠱᠢᠨ᠎ᠡ ᠵᠢ ᠡᠭᠦᠳᠬᠦ᠌᠎ᠳᠦ ᠠᠩᠬᠠᠷᠤᠯ ᠶ᠋ᠢᠡᠨ ᠲᠥᠪᠯᠡᠷᠡᠭᠦᠯᠵᠦ᠍᠂ ᠱᠢᠨ᠎ᠡ ᠵᠢ ᠡᠭᠦᠳᠬᠦ᠌ ᠵᠢ ᠪᠥᠬᠥ᠌ ᠬᠦᠴᠦᠨ ᠶ᠋ᠢᠡᠷ ᠶ᠋ᠢᠡᠨ ᠠᠬᠢᠭᠤᠯᠬᠤ᠂ ᠠᠵᠤ ᠦᠶ᠋ᠯᠡᠰ ᠤ᠋ᠨ ᠲᠠᠰ ᠳᠡᠪᠱᠢᠬᠦ᠌ ᠵᠢ ᠲᠦᠷᠭᠡᠳᠭᠡᠬᠦ᠌ ᠴᠢᠩᠭ᠎ᠠ ᠳᠣᠬᠢᠶ᠎ᠠ ᠵᠢ ᠳᠠᠮᠵᠢᠭᠤᠯᠪᠠ᠃

ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠪᠣᠯ ᠠᠵᠤ ᠦᠢᠯᠡᠰ ᠤ᠋ᠨ ᠱᠢᠨ᠎ᠡ ᠵᠢ ᠡᠭᠦᠳᠬᠦ᠌ ᠶ᠋ᠢᠨ ᠱᠢᠢᠳᠪᠦᠷᠢᠯᠡᠭ᠌ᠴᠢ ᠴᠢᠨᠠᠷᠲᠠᠢ ᠤᠷᠢᠲᠠᠯ ᠪᠠ ᠵᠠᠩᠭᠢᠯᠠᠭ᠎ᠠ ᠶ᠋ᠢᠨ ᠴᠢᠨᠠᠷᠲᠠᠢ ᠲᠦᠱᠢᠭ ᠲᠤᠯᠭᠠᠭᠤᠷᠢ ᠮᠥᠨ᠃ ᠣᠳᠣᠬᠠᠨ᠎ᠳᠤ᠂ ᠬᠣᠪᠣᠷ ᠱᠢᠷᠣᠶ ᠶ᠋ᠢᠨ ᠳᠡᠭᠡᠳᠦ ᠱᠢᠨ᠎ᠡ ᠮᠡᠷᠭᠡᠵᠢᠯ ᠤ᠋ᠨ ᠲᠣᠭᠣᠷᠢᠭ ᠶᠠᠭ ᠱᠢᠨ᠎ᠡ ᠵᠢ ᠡᠭᠦᠳᠬᠦ᠌᠎ᠪᠡᠷ ᠬᠥᠳᠡᠯᠭᠡᠭᠦᠷ ᠪᠣᠯᠭᠠᠬᠤ ᠬᠥᠭ᠌ᠵᠢᠯᠲᠡ ᠶ᠋ᠢᠨ ᠪᠠᠢᠯᠳᠤᠬᠤ ᠪᠣᠳᠣᠯᠭ᠎ᠠ ᠵᠢ ᠣᠷᠣᠨ ᠪᠦᠰᠡ ᠶ᠋ᠢᠨ ᠬᠥᠭ᠌ᠵᠢᠯᠲᠡ ᠶ᠋ᠢᠨ ᠦᠨᠳᠦᠰᠦᠨ ᠪᠠᠢᠯᠳᠤᠬᠤ ᠪᠣᠳᠣᠯᠭ᠎ᠠ ᠪᠣᠯᠭᠠᠵᠤ᠂ ᠬᠣᠪᠣᠷ ᠱᠢᠷᠣᠶ ᠪᠡᠷ ᠤᠳᠤᠷᠢᠳᠤᠮᠵᠢ ᠠᠵᠤ ᠦᠢᠯᠡᠰ ᠪᠤᠯᠭᠠᠵᠤ ᠱᠢᠨ᠎ᠡ ᠵᠢ ᠡᠭᠦᠳᠬᠦ᠌᠎ᠪᠡᠷ ᠬᠥᠳᠡᠯᠭᠡᠭᠦᠷ ᠪᠤᠯᠭᠠᠭᠰᠠᠨ ᠬᠥᠭ᠌ᠵᠢᠯᠲᠡ ᠶ᠋ᠢᠨ ᠵᠢᠱ᠌ᠢᠶ᠎ᠡ ᠦᠵᠡᠭᠦᠯᠬᠦ᠌ ᠣᠷᠣᠨ ᠪᠠ ᠴᠢᠨᠠᠷ ᠰᠠᠢᠲᠠᠶ ᠬᠥᠭ᠌ᠵᠢᠯᠲᠡ ᠶ᠋ᠢᠨ ᠬᠣᠱᠢᠭᠤᠴᠢ ᠣᠷᠣᠨ ᠢ᠋ ᠪᠥᠬᠥ᠌ ᠬᠦᠴᠦᠨ ᠶ᠋ᠢᠡᠷ ᠶ᠋ᠢᠡᠨ ᠴᠣᠭ᠍ᠴᠠᠯᠠᠵᠤ ᠪᠠᠢᠨ᠎ᠠ᠃

ᠲᠦᠷᠦᠭᠦᠬᠡᠨ᠂ ᠬᠣᠪᠣᠷ ᠱᠢᠷᠣᠶ ᠶ᠋ᠢᠨ ᠳᠡᠭᠡᠳᠦ ᠱᠢᠨ᠎ᠡ ᠮᠡᠷᠭᠡᠵᠢᠯ ᠤ᠋ᠨ ᠲᠣᠭᠣᠷᠢᠭ ᠲᠦ᠍ ᠪᠠᠢᠭᠤᠯᠤᠭ᠍ᠰᠠᠨ ᠤᠯᠤᠰ ᠤ᠋ᠨ ᠬᠣᠪᠣᠷ ᠱᠢᠷᠣᠶ ᠶ᠋ᠢᠨ ᠴᠢᠳᠠᠮᠵᠢᠳᠤ ᠮᠠᠲ᠋ᠧᠷᠢᠶᠠᠯ ᠤ᠋ᠨ ᠱᠢᠨ᠎ᠡ ᠵᠢ ᠡᠭᠦᠳᠬᠦ᠌ ᠲᠥᠪ᠎ᠨᠢ ᠠᠵᠤ ᠦᠶ᠋ᠯᠡᠳᠪᠦᠷᠢ ᠪᠠ ᠮᠡᠳᠡᠭᠡ ᠵᠠᠩᠭᠢᠵᠢᠯᠲᠠ ᠶ᠋ᠢᠨ ᠶᠠᠮᠤᠨ ᠤ᠋ ᠵᠣᠬᠢᠶᠠᠨ ᠪᠠᠢᠭᠤᠯᠤᠭ᠍ᠰᠠᠨ ᠬᠣᠪᠣᠷ ᠱᠢᠷᠣᠶ ᠶ᠋ᠢᠨ ᠴᠢᠳᠠᠮᠵᠢᠳᠤ ᠮᠠᠲ᠋ᠧᠷᠢᠶᠠᠯ ᠦᠶ᠋ᠯᠡᠳᠬᠦ᠌ ᠦᠶ᠋ᠯᠡᠰ ᠤ᠋ᠨ ᠱᠢᠨ᠎ᠡ ᠵᠢ ᠡᠭᠦᠳᠬᠦ᠌ ᠲᠥᠪ ᠤ᠋ᠨ ᠴᠢᠳᠠᠪᠤᠷᠢ ᠶ᠋ᠢᠨ ᠪᠥᠲᠥᠭᠡᠨ ᠪᠠᠢᠭᠤᠯᠤᠯᠲᠠ ᠶ᠋ᠢᠨ ᠲᠥᠷᠥᠯ ᠵᠦᠶ᠋ᠯ ᠤ᠋ᠨ ᠰᠢᠯᠭᠠᠯᠲᠠ ᠵᠢ ᠤᠷᠤᠭ᠍ᠰᠢᠲᠠᠶ ᠥᠩᠭᠡᠷᠡᠭᠦᠯᠵᠦ᠂ ᠲᠣᠰ ᠲᠥᠪ᠎ᠨᠢ ᠬᠣᠪᠣᠷ ᠱᠢᠷᠣᠶ ᠶ᠋ᠢᠨ ᠠᠵᠤ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠶ᠋ᠢᠨ ᠵᠠᠮ ᠳᠡᠭᠡᠷ᠎ᠡ ᠯᠠᠪᠳᠠᠭᠤᠨ ᠪᠠᠲᠤᠲᠠᠶ ᠠᠯᠬᠤᠮ ᠠᠯᠬᠤᠭ᠍ᠰᠠᠨ ᠢ᠋ ᠬᠠᠷᠠᠭᠤᠯᠵᠤ ᠪᠠᠢᠨ᠎ᠠ᠃ ᠣᠢᠯᠠᠭᠠᠭ᠍ᠰᠠᠨ ᠶ᠋ᠢᠡᠷ᠂ ᠤᠯᠤᠰ ᠤ᠋ᠨ ᠬᠣᠪᠣᠷ ᠱᠢᠷᠣᠶ ᠶ᠋ᠢᠨ ᠴᠢᠳᠠᠮᠵᠢᠳᠤ ᠮᠠᠲ᠋ᠧᠷᠢᠶᠠᠯ ᠤ᠋ᠨ ᠱᠢᠨ᠎ᠡ ᠵᠢ ᠡᠭᠦᠳᠬᠦ᠌ ᠲᠥᠪ 12 ᠵᠤᠷᠪᠤᠰ ᠮᠡᠷᠭᠡᠵᠢᠯ ᠤ᠋ᠨ ᠦᠷ᠎ᠡ ᠪᠦᠲᠦᠭᠡᠯ ᠤ᠋ᠨ ᠠᠵᠤ ᠦᠢᠯᠡᠰᠵᠢᠯᠲᠡ ᠶ᠋ᠢᠨ ᠵᠢᠱ᠌ᠢᠶ᠎ᠡ ᠦᠵᠡᠭᠦᠯᠬᠦ᠌ ᠱᠤᠭᠤᠮ ᠢ᠋ ᠪᠠᠢᠷᠢᠯᠠᠭᠤᠯᠤᠨ ᠪᠠᠢᠭᠤᠯᠵᠤ᠂ ᠨᠢᠭᠡ ᠪᠦᠯᠦᠭ ᠱᠢᠨ᠎ᠡ ᠵᠢ ᠡᠭᠦᠳᠦᠭ᠌ᠰᠡᠨ ᠦᠷ᠎ᠡ ᠪᠦᠲᠦᠭᠡᠯ ᠢ᠋ ᠪᠣᠶ ᠪᠣᠯᠭᠠᠭ᠍ᠰᠠᠨ ᠪᠥᠭᠡᠳ ᠲᠠᠰᠤᠷᠠᠯᠲᠠ ᠥᠬᠡᠶ ᠵᠠᠬ᠎ᠠ ᠳᠡᠯᠭᠡᠭᠦᠷᠴᠢᠯᠡᠨ ᠳᠡᠯᠭᠡᠷᠡᠭᠦᠯᠵᠦ᠍᠂ ᠢᠯᠡᠳᠲᠡ ᠦᠷ᠎ᠡ ᠪᠦᠲᠦᠮᠵᠢ ᠣᠯᠵᠠᠶ᠃

ᠠᠵᠤ ᠦᠢᠯᠡᠰ ᠪᠣᠯ ᠠᠵᠤ ᠠᠬᠤᠢ ᠶ᠋ᠢᠨ ᠬᠥᠭ᠌ᠵᠢᠯᠲᠡ ᠶ᠋ᠢᠨ ᠴᠢᠬᠤᠯᠠ ᠠᠴᠢᠶᠠᠯᠠᠪᠤᠷᠢ ᠮᠥᠨ᠂ ᠱᠢᠨ᠎ᠡ ᠵᠢ ᠡᠭᠦᠳᠬᠦ᠌ ᠪᠣᠯ ᠬᠥᠭ᠌ᠵᠢᠯᠲᠡ ᠵᠢ ᠬᠦᠳᠦᠯᠦᠨ ᠳᠠᠭᠠᠭᠤᠯᠬᠤ ᠨᠢᠭᠡᠳᠦᠭᠡᠷ ᠬᠥᠳᠡᠯᠭᠡᠬᠦ᠌ ᠬᠦᠴᠦᠨ ᠮᠥᠨ᠃ ᠣᠢᠷ᠎ᠠ ᠶ᠋ᠢᠨ ᠡᠳᠦᠷ ᠤ᠋ᠳ᠎ᠲᠦ᠂ ᠦᠷᠭᠡᠨ ᠲᠠᠯᠠᠪᠠᠢ ᠪᠦᠬᠦᠢ ᠦᠶ᠋ᠯᠡᠳᠪᠦᠷᠢ ᠶ᠋ᠢᠨ ᠬᠡᠷ ᠪᠠᠢᠱᠢᠩ᠂ ᠴᠡᠪᠡᠷ ᠲᠡᠭ᠌ᠰᠢ ᠦᠶ᠋ᠯᠡᠳᠪᠦᠷᠢᠯᠡᠯ ᠤ᠋ᠨ ᠲᠠᠰᠤᠭ ᠲᠦ᠍᠂ ᠪᠤᠭᠤᠲᠤ ᠶ᠋ᠢᠨ ᠠᠨ᠎ᠲᠠᠶ ᠤᠮᠠᠷᠠᠲᠤ ᠶ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠶ᠋ᠢᠨ ᠮᠡᠷᠭᠡᠵᠢᠯ ᠤ᠋ᠨ ᠠᠵᠢᠯᠲᠠᠨ ᠶᠠᠭ ᠲᠠᠰᠤᠷᠠᠯᠲᠠ ᠥᠬᠡᠶ ᠲᠥᠬᠥᠭᠡᠷᠦᠮᠵᠢ ᠤᠭ᠍ᠰᠠᠷᠠᠨ ᠲᠤᠷᠱᠢᠵᠤ ᠪᠠᠢᠨ᠎ᠠ᠂ ᠡᠨᠡ ᠬᠦ᠌ ᠲᠤᠬᠠᠶ ᠶ᠋ᠢᠨ ᠵᠢᠯ᠎ᠳᠦ ᠪᠥᠲᠥᠭᠡᠨ ᠪᠠᠢᠭᠤᠯᠵᠤ᠂ ᠲᠤᠬᠠᠶ ᠶ᠋ᠢᠨ ᠵᠢᠯ᠎ᠳᠦ ᠠᠱᠢᠭ᠍ᠯᠠᠯᠲᠠ᠎ᠳᠤ ᠣᠷᠣᠭᠤᠯᠤᠭ᠍ᠰᠠᠨ 《ᠵᠢᠯ᠎ᠳᠦ 3000 ᠲᠣᠨ ᠦᠢᠯᠡᠳᠪᠦᠷᠢᠯᠡᠬᠦ ᠥᠨᠳᠥᠷ ᠴᠢᠳᠠᠪᠬᠢᠲᠤ ᠬᠣᠪᠣᠷ ᠱᠢᠷᠣᠶ ᠶ᠋ᠢᠨ ᠯᠠᠨᠲ᠋ᠠᠨ ᠼᠧᠷᠢ ᠶ᠋ᠢᠨ ᠲᠥᠷᠥᠯ ᠵᠦᠶ᠋ᠯ》 ᠨᠢ ᠦᠶ᠋ᠯᠡᠳᠬᠦᠨ ᠤ᠋ ᠲᠣᠭ᠍ᠲᠠᠪᠤᠷᠢᠲᠤ ᠴᠢᠨᠠᠷ᠂ ᠨᠢᠭᠡᠳᠦᠯᠲᠦ ᠴᠢᠨᠠᠷ ᠢ᠋ ᠨᠡᠮᠡᠭ᠌ᠳᠡᠭᠦᠯᠦᠭ᠌ᠰᠡᠨ ᠶ᠋ᠢᠡᠷ ᠪᠠᠷᠠᠬᠤ ᠥᠬᠡᠶ᠂ ᠬᠥᠮᠦᠨ ᠤ᠋ ᠬᠦᠴᠦᠨ ᠤ᠋ ᠥᠪᠡᠷ ᠤ᠋ᠨ ᠥᠷᠲᠡᠭ ᠢ᠋ ᠴᠦ᠍ ᠶᠡᠬᠡ᠎ᠪᠡᠷ ᠪᠠᠭᠤᠷᠠᠭᠤᠯᠤᠨ᠎ᠠ᠃ ᠲᠥᠷᠥᠯ ᠵᠦᠢᠯ ᠪᠠᠢᠭᠤᠯᠤᠭ᠍ᠳᠠᠭ᠍ᠰᠠᠨ ᠤ᠋ ᠳᠠᠷᠠᠭ᠎ᠠ᠂ 10 ᠳ᠋ᠦᠩᠱᠢᠭᠤᠷ ᠲᠥᠭᠥᠷᠢᠭ ᠤ᠋ᠨ ᠦᠢᠯᠡᠳᠬᠦᠨ ᠤ᠋ ᠥᠷᠲᠡᠭ ᠢ᠋ ᠪᠡᠶᠡᠯᠡᠭᠦᠯᠵᠦ᠍ ᠪᠣᠯᠤᠨ᠎ᠠ᠃

ᠣᠳᠣᠬᠠᠨ ᠪᠣᠯᠲᠠᠯ᠎ᠠ᠂ ᠬᠣᠪᠣᠷ ᠱᠢᠷᠣᠶ ᠶ᠋ᠢᠨ ᠳᠡᠭᠡᠳᠦ ᠱᠢᠨ᠎ᠡ ᠮᠡᠷᠭᠡᠵᠢᠯ ᠤ᠋ᠨ ᠲᠣᠭᠣᠷᠢᠭ ᠤ᠋ᠨ ᠤᠯᠤᠰ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠡᠯᠪᠡᠷᠢ ᠶ᠋ᠢᠨ ᠳᠤᠮᠳᠠ ᠪᠠᠭ᠎ᠠ ᠠᠵᠤ ᠠᠬᠤᠢᠯᠠᠯ ᠪᠣᠯᠤᠨ ᠤᠯᠤᠰ ᠤ᠋ᠨ ᠳᠡᠭᠡᠳᠦ ᠱᠢᠨ᠎ᠡ ᠮᠡᠷᠭᠡᠵᠢᠯ ᠤ᠋ᠨ ᠠᠵᠤ ᠠᠬᠤᠢᠯᠠᠯ ᠤ᠋ᠨ ᠶᠡᠷᠦᠩᠬᠡᠶ ᠬᠡᠮᠵᠢᠶ᠎ᠡ ᠨᠢᠭᠡᠨᠲᠡ 361 ᠪᠣᠯᠪᠠ᠃ ᠰᠤᠳᠤᠯᠬᠤ ᠪᠠ ᠲᠤᠷᠱᠢᠯᠲᠠ ᠬᠢᠵᠦ᠍ ᠬᠥᠭ᠌ᠵᠢᠭᠦᠯᠬᠦ᠌ ᠵᠠᠷᠤᠳᠠᠯ ᠤ᠋ᠨ ᠣᠷᠣᠭᠤᠯᠤᠯᠲᠠ ᠶ᠋ᠢᠨ ᠡᠷᠴᠢᠮ 3.26% ᠳ᠋ᠦ ᠬᠦᠷᠴᠦ᠍᠂ ᠵᠠᠭᠤᠨ ᠤ᠋ ᠬᠠᠷᠢᠴᠠᠯ ᠶ᠋ᠢᠡᠷ ᠲᠣᠰ ᠲᠣᠰ ᠪᠥᠬᠥ᠌ ᠤᠯᠤᠰ᠂ ᠥᠪᠡᠷᠲᠡᠭᠡᠨ ᠵᠠᠰᠠᠬᠤ ᠣᠷᠣᠨ᠂ ᠪᠤᠭᠤᠲᠤ ᠬᠣᠲᠠ ᠶ᠋ᠢᠨ ᠬᠢᠨ ᠡᠴᠡ 0.72᠂ 2.36᠂ 1.19 ᠬᠤᠪᠢ ᠥᠨᠳᠥᠷ ᠪᠣᠯᠪᠠ᠃ 2024 ᠣᠨ᠎ᠳᠤ᠂ ᠬᠣᠪᠣᠷ ᠱᠢᠷᠣᠶ ᠶ᠋ᠢᠨ ᠳᠡᠭᠡᠳᠦ ᠱᠢᠨ᠎ᠡ ᠮᠡᠷᠭᠡᠵᠢᠯ ᠤ᠋ᠨ ᠲᠣᠭᠣᠷᠢᠭ᠎ᠨᠢ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠦᠷ᠎ᠡ ᠪᠦᠲᠦᠭᠡᠯ ᠢ᠋ 200 ᠎ᠡᠴᠡ ᠳᠡᠭᠡᠭ᠌ᠰᠢ ᠤᠨᠳᠤᠤᠰᠢᠭᠤᠯᠬᠤ ᠪᠡᠷ ᠴᠢᠷᠮᠠᠢᠵᠤ᠂ ᠮᠡᠷᠭᠡᠵᠢᠯ ᠤ᠋ᠨ ᠭᠡᠷ᠎ᠡ᠎ᠪᠡᠷ ᠠᠷᠠᠯᠵᠢᠶᠠᠯᠠᠬᠤ ᠲᠣᠭ᠎ᠠ ᠵᠢ 8 ᠳ᠋ᠦᠩᠱᠢᠭᠤᠷ ᠲᠥᠭᠥᠷᠢᠭ᠎ᠡᠴᠡ ᠳᠡᠭᠡᠭ᠌ᠰᠢ ᠪᠡᠶᠡᠯᠡᠭᠦᠯᠬᠦ ᠪᠠᠷ ᠴᠢᠷᠮᠠᠢᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号