《ᠪᠢ ᠦᠩᠬᠡᠷᠡᠭᠰᠡᠨ ᠬᠤᠶᠠᠷ ᠵᠢᠯ ᠳ᠋ᠤ 60 ᠭᠠᠷᠤᠶ ᠲᠦᠮᠡᠨ ᠲᠥᠭᠥᠷᠢᠭ ᠤ᠋ᠨ ᠪᠠᠯᠠ ᠣᠷᠣᠭᠤᠯᠤᠨ ᠱᠢᠨ᠎ᠡ ᠬᠠᠱᠢᠶᠠ ᠰᠠᠷᠠᠪᠴᠢ᠂ ᠰᠦ᠋ ᠰᠠᠭᠠᠬᠤ ᠦᠶ᠋ᠯᠡᠳᠪᠦᠷᠢ ᠢ᠋ᠢᠨ ᠲᠠᠰᠤᠭ᠂ ᠲᠡᠵᠢᠭᠡᠯ ᠪᠣᠷᠳᠣᠭᠠᠨ ᠤ᠋ ᠬᠥᠮᠥᠷᠭᠡ ᠪᠠᠢᠭᠤᠯᠵᠤ᠂ ᠲᠡᠵᠢᠭᠡᠪᠤᠷᠢ ᠵᠢᠨ ᠬᠡᠪᠴᠢᠶ᠎ᠡ ᠪᠡᠨ ᠥᠷᠭᠡᠳᠭᠡᠪᠡ᠂ ᠣᠲᠣ ᠲᠡᠮᠡᠭᠡ ᠲᠡᠵᠢᠭᠡᠬᠦ᠌ ᠠᠱᠢᠭ ᠣᠷᠣᠯᠭ᠎ᠠ ᠵᠢᠯ ᠡᠴᠡ ᠵᠢᠯ ᠨᠡᠮᠡᠭᠳᠡᠵᠤ ᠪᠠᠢᠨ᠎ᠠ》 ᠬᠡᠵᠤ ᠲᠡᠮᠡᠭᠡᠨ ᠤ᠋ ᠠᠵᠤ ᠦᠶ᠋ᠯᠡᠰ ᠤ᠋ᠨ ᠲᠤᠬᠠᠶ ᠠᠯᠠᠱᠠ ᠪᠠᠷᠠᠭᠤᠨ ᠬᠣᠱᠢᠭᠤᠨ ᠤ᠋ ᠠᠯᠲᠠᠨᠴᠣᠭ ᠰᠤᠮᠤ ᠵᠢᠨ ᠬᠥᠬᠡᠠᠠᠭᠤᠯᠠ ᠭᠠᠴᠠᠭᠠᠨ ᠤ᠋ ᠮᠠᠯᠴᠢᠨ ᠪᠦᠬᠡᠳᠦ᠋ᠭᠦᠷᠡᠩ ᠤᠷᠮᠠᠲᠠᠢ ᠲᠠᠨᠢᠯᠴᠠᠭᠤᠯᠤᠨ᠎ᠠ ᠃
ᠠᠭᠤᠵᠢᠭᠤ ᠲᠤᠬᠢᠯᠢᠭ ᠪᠠᠷᠢᠮᠵᠢᠶᠠᠵᠢᠭ᠍ᠰᠠᠨ ᠬᠠᠱᠢᠶᠠᠨ ᠳ᠋ᠤ ᠲᠠᠷᠭᠤ ᠰᠠᠢᠲᠠᠶ ᠲᠡᠮᠡᠭᠡᠳ ᠲᠠᠪᠠᠲᠠᠢᠬᠠᠨ ᠬᠡᠪᠳᠡᠬᠦ ᠬᠠᠷᠠᠭᠳᠠᠨ᠎ᠠ᠃《ᠮᠠᠨ ᠤ᠋ ᠳ᠋ᠤ ᠣᠲᠣ 80 ᠢᠩᠭᠡ ᠲᠡᠶ᠂ ᠡᠳᠦᠷ ᠲᠦ᠍ ᠪᠠᠷᠤᠭ 230 ᠺᠢᠯᠣᠭ᠌ᠷᠠᠮ ᠰᠦ ᠰᠠᠭᠠᠵᠤ᠂ ᠰᠦ ᠪᠡᠨ 2 ᠡᠳᠦᠷ ᠲᠦ᠍ ᠨᠢᠭᠡ ᠤᠳᠠᠭ᠎ᠠ ᠦᠢᠯᠡᠳᠪᠤᠷᠢ ᠳ᠋ᠤ ᠬᠦᠷᠭᠡᠳᠡᠭ᠃ ᠪᠢᠳᠠ ᠴᠠᠭᠠᠨ ᠰᠠᠷ᠎ᠠ ᠪᠡᠷ ᠴᠦ᠍ ᠠᠮᠠᠷᠠᠭ᠍ᠰᠠᠨ ᠦᠭᠡᠢ᠂ ᠢᠡᠭᠭᠡ ᠪᠡᠨ ᠰᠠᠭᠠᠵᠤ ᠰᠦ ᠪᠡᠨ ᠬᠦᠷᠭᠡᠭᠰᠡᠨ ᠶᠤᠮ》 ᠭᠡᠵᠦ᠍ ᠪᠦᠬᠡᠳᠦ᠋ᠭᠦᠷᠡᠩ ᠬᠡᠯᠡᠪᠡ᠃
2016 ᠣᠨ ᠳ᠋ᠤ ᠪᠦᠬᠡᠳᠦ᠋ᠭᠦᠷᠡᠩ ᠲᠡᠮᠡᠭᠡᠴᠢᠨ ᠮᠠᠯᠴᠢᠨ ᠲᠠᠷᠢᠶᠠᠴᠢᠨ ᠤ᠋ ᠲᠤᠰᠭᠠᠢ ᠬᠤᠷᠱᠢᠶᠠ ᠢ᠋ᠢ ᠡᠭᠦᠰᠭᠡᠨ ᠪᠠᠢᠭᠤᠯᠵᠡᠢ᠃ 《ᠬᠡᠳᠦᠨ ᠵᠢᠯ ᠤ᠋ᠨ ᠴᠢᠷᠮᠠᠢᠯᠭ᠎ᠠ ᠪᠠᠷ ᠳᠠᠮᠵᠢᠨ ᠲᠤᠰᠬᠠᠢ ᠬᠤᠷᠱᠢᠶᠠ ᠵᠢᠨ ᠬᠦᠭᠵᠢᠯᠳᠡ ᠨᠢᠭᠡᠨᠲᠡ ᠵᠠᠮ ᠳ᠋ᠠᠭᠠᠨ ᠣᠷᠣᠵᠤ ᠂ 2023 ᠣᠨ ᠳ᠋ᠤ ᠵᠥᠪᠬᠡᠨ ᠢᠡᠭᠭᠡᠨ ᠰᠦ ᠢ᠋ᠢᠨ ᠣᠷᠣᠯᠭ᠎ᠠ 160 ᠲᠦᠮᠡᠨ ᠲᠥᠭᠥᠷᠢᠭ ᠢ᠋ ᠳᠠᠪᠠᠪᠠ᠃ ᠡᠢᠨ ᠬᠦ᠌ ᠬᠦᠭᠵᠢᠯᠳᠡ ᠨᠢ ᠨᠠᠮ ᠤ᠋ᠨ ᠲᠦᠷᠦ᠍ ᠢ᠋ᠢᠨ ᠪᠤᠳᠤᠯᠭ᠎ᠠ ᠢ᠋ᠢᠨ ᠲᠠᠮᠵᠢᠯᠬᠡ ᠡᠴᠡ ᠰᠠᠯᠵᠤ ᠴᠢᠳᠠᠬᠤ ᠦᠬᠡᠢ ᠶᠤᠮ》 ᠭᠡᠵᠦ᠍ ᠪᠦᠬᠡᠳᠦ᠋ᠭᠦᠷᠡᠩ ᠬᠡᠯᠡᠨ᠎ᠠ ᠃
ᠤᠳᠤ ᠪᠦᠬᠡᠳᠦ᠋ᠭᠦᠷᠡᠩ ᠴᠤᠤᠷᠢᠶ᠎ᠠ ᠲᠠᠪᠴᠠᠩ ᠢ᠋ᠢᠡᠷ ᠳᠠᠮᠵᠢᠨ ᠪᠣᠲᠣᠭᠣ ᠲᠤᠷᠤᠮ᠂ ᠢᠡᠭᠭᠡᠨ ᠰᠦ ᠵᠡᠷᠬᠡ ᠪᠠᠨ ᠪᠡᠭᠡᠵᠢᠩ᠂ ᠱᠠᠩᠬᠠᠢ᠂ ᠱᠢᠨᠵᠢᠶᠠᠩ ᠵᠡᠷᠭᠡ ᠭᠠᠵᠠᠷ ᠤᠷᠤᠨ ᠳ᠋ᠤ ᠪᠣᠷᠣᠯᠠᠭᠤᠯᠵᠤ ᠪᠤᠢ ᠃ ᠲᠤᠰᠬᠠᠢ ᠬᠤᠷᠱᠢᠶᠠ ᠨᠢ ᠬᠤᠪᠢ ᠤᠷᠤᠭ᠍ᠰᠠᠨ ᠮᠠᠯᠴᠢᠳ ᠲᠠᠭᠠᠨ ᠵᠢᠯ ᠳ᠋ᠤ ᠲᠡᠮᠡᠭᠡ ᠪᠦᠷᠢ ᠳ᠋ᠤ 1500 ᠲᠥᠭᠥᠷᠢᠭ ᠵᠢᠡᠷ ᠠᠱᠢᠭ ᠬᠤᠪᠢᠶᠠᠵᠤ᠂ ᠲᠡᠮᠡᠭᠡᠨ ᠨᠣᠣᠰᠣ ᠪᠠ ᠪᠣᠲᠣᠭᠣ ᠢ᠋ᠢ ᠴᠥᠮ ᠮᠠᠯᠴᠢᠳ ᠲᠤ᠌ ᠪᠤᠴᠠᠭᠠᠨ ᠥᠭ᠌ᠴᠦ᠂ ᠤᠯᠠᠨ ᠢ᠋ᠢᠡᠷ ᠢ᠋ᠢᠡᠨ ᠣᠷᠣᠯᠭ᠎ᠠ ᠪᠠᠨ ᠨᠡᠮᠡᠭ᠌ᠳᠡᠭᠦᠯᠵᠤ ᠬᠠᠮᠳᠤ ᠪᠡᠷ ᠪᠠᠶᠠᠵᠢᠬᠤ ᠵᠡᠮ ᠢ᠋ ᠡᠯᠬᠦᠯᠠ ᠃
ᠠᠯᠠᠱᠠ ᠪᠠᠷᠠᠭᠤᠨ ᠬᠣᠱᠢᠭᠤ ᠪᠣᠯ ᠮᠠᠨ ᠤ᠋ ᠤᠯᠤᠰ ᠤ᠋ᠨ ᠬᠤᠤᠰ ᠪᠥᠬᠥᠲᠦ ᠲᠡᠮᠡᠭᠡ ᠪᠡᠷ ᠬᠠᠮᠤᠭ ᠤ᠋ᠨ ᠣᠯᠠᠨ ᠭᠠᠵᠠᠷ ᠣᠷᠣᠨ ᠪᠠ ᠭᠤᠤᠯ ᠣᠷᠣᠨ ᠪᠠᠢᠵᠤ᠂ ᠤᠳᠤ ᠬᠤᠤᠰ ᠪᠥᠬᠥᠲᠦ ᠲᠡᠮᠡᠭᠡ ᠨᠢ 6.8 ᠲᠦᠮᠡ ᠳ᠋ᠤ ᠬᠦᠷᠴᠡᠶ᠃ ᠣᠷᠴᠢᠮ ᠤ᠋ᠨ ᠵᠢᠯ ᠳ᠋ᠤ ᠲᠤᠰ ᠬᠣᠱᠢᠭᠤ ᠠᠯᠠᠱᠠ ᠠᠢᠮᠠᠭ ᠤ᠋ᠨ ᠬᠣᠣᠰ ᠪᠦᠬᠦᠲᠦ ᠲᠡᠮᠡᠭᠡᠨ ᠤ᠋ ᠡᠭᠦᠯᠳᠡᠷ ᠤ᠋ᠨ ᠡᠬᠢ ᠪᠠᠶᠠᠯᠢᠭ ᠤ᠋ᠨ ᠳᠠᠪᠠᠭᠤᠯᠢᠭ ᠲᠤ᠌ ᠲᠦᠱᠢᠭ᠌ᠯᠡᠨ᠂ ᠥᠪᠡᠷᠲᠡᠭᠡᠨ ᠵᠠᠰᠠᠬᠤ ᠣᠷᠣᠨ ᠤ᠋ ᠰᠦ ᠢ᠋ᠢᠨ ᠦᠶ᠋ᠯᠡᠰ ᠢ᠋ ᠬᠥᠭ᠌ᠵᠢᠭᠦᠯᠦᠨ ᠮᠠᠨᠳᠤᠭᠤᠯᠬᠤ ᠪᠠᠢᠯᠳᠤᠬᠤ ᠪᠣᠳᠣᠯᠭ᠎ᠠ ᠢ᠋ᠢᠨ ᠠᠵᠠ ᠲᠣᠬᠢᠶᠠᠯ ᠢ᠋ ᠠᠳᠭᠤᠵᠤ᠂ ᠰᠢᠨᠵᠢᠯᠡᠬᠦ ᠤᠬᠠᠭᠠᠨ ᠲᠧᠭ᠌ᠨᠢᠭ ᠮᠡᠷᠭᠡᠵᠢᠯ ᠤ᠋ᠨ ᠰᠤᠳᠤᠯᠤᠨ ᠨᠡᠭᠡᠭᠡᠯᠲᠡ᠂ ᠵᠠᠬ᠎ᠠ ᠳᠡᠯᠭᠡᠭᠦᠷ ᠤ᠋ᠨ ᠪᠣᠷᠣᠯᠠᠭᠤᠯᠭ᠎ᠠ᠂ ᠪᠠᠷᠢᠮᠵᠢᠶᠠᠵᠢᠭᠤᠯᠤᠭᠰᠠᠨ ᠪᠦᠲᠦᠭᠡᠨ ᠪᠠᠢᠭᠤᠯᠤᠯᠲᠠ ᠵᠡᠷᠭᠡ ᠣᠯᠠᠨ ᠲᠠᠯ᠎ᠠ ᠡᠴᠡ ᠭᠠᠷᠳᠠᠨ᠂ ᠠᠯᠠᠱᠠ ᠢ᠋ᠢᠨ ᠬᠤᠤᠰ ᠪᠥᠬᠥᠲᠦ ᠲᠡᠮᠡᠭᠡ ᠪᠡᠷ ᠭᠤᠤᠯᠯᠠᠬᠤ ᠠᠵᠤ ᠦᠶ᠋ᠯᠡᠰ ᠪᠣᠯᠭᠠᠭ᠍ᠰᠠᠨ ᠣᠲᠣ ᠦᠶ᠎ᠡ ᠢ᠋ᠢᠨ ᠮᠠᠯ ᠠᠵᠤ ᠠᠬᠤᠶ ᠲᠠᠷᠢᠶᠠᠯᠠᠩ ᠤ᠋ᠨ ᠠᠵᠤ ᠦᠶ᠋ᠯᠡᠰ ᠤ᠋ᠨ ᠬᠦᠷᠢᠶᠡᠯᠡᠩ᠂ ᠲᠡᠮᠡᠭᠡᠨ ᠤ᠋ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠬᠦᠷᠢᠶᠡᠯᠡᠩ᠂ ᠲᠡᠮᠡᠭᠡᠨ ᠤ᠋ ᠰᠠᠢᠨ ᠡᠭᠦᠯᠳᠡᠷ ᠢ᠋ ᠦᠷᠡᠵᠢᠭᠦᠯᠦᠨ ᠪᠣᠢᠵᠢᠭᠤᠯᠬᠤ ᠰᠠᠭᠤᠷᠢᠨ᠂ ᠬᠡᠪᠴᠢᠶᠡᠵᠢᠭᠦᠯᠦᠨ ᠲᠡᠵᠢᠭᠡᠬᠦ᠌ ᠰᠠᠭᠤᠷᠢᠨ᠂ ᠢᠩᠭᠡᠨ ᠰᠦ᠋ ᠳᠠᠮᠵᠢᠭᠤᠯᠬᠤ ᠥᠷᠲᠡᠭᠡ ᠵᠡᠷᠭᠡ ᠢ᠋ᠢ ᠪᠦᠲᠦᠭᠡᠨ ᠪᠠᠢᠭᠤᠯᠵᠤ ᠂ ᠲᠡᠮᠡᠭᠡᠨ ᠤ᠋ ᠠᠵᠤ ᠦᠶ᠋ᠯᠡᠰ ᠤ᠋ᠨ ᠪᠥᠬᠥ᠌ ᠠᠵᠤ ᠦᠶ᠋ᠯᠡᠰ ᠤ᠋ᠨ ᠬᠡᠯᠬᠢᠶ᠎ᠡ ᠢ᠋ᠢ ᠲᠠᠰᠤᠷᠠᠯᠲᠠ ᠥᠬᠡᠶ ᠤᠷᠲᠤᠳᠭᠠᠨ᠂ ᠲᠡᠵᠢᠭᠡᠨ ᠦᠷᠡᠵᠢᠭᠦᠯᠬᠦ᠌ ᠢ᠋ᠢ ᠲᠤᠰᠭᠠᠢᠵᠢᠭᠤᠯᠬᠤ᠂ ᠡᠳ᠋ᠰᠢᠭᠦᠯᠦᠨ ᠪᠤᠯᠪᠠᠰᠤᠷᠠᠭᠤᠯᠬᠤ ᠵᠢ ᠠᠵᠤ ᠦᠢᠯᠡᠰᠵᠢᠭᠦᠯᠬᠦ ᠪᠠ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠰᠤᠳᠤᠯᠤᠨ ᠨᠡᠭᠡᠭᠡᠬᠦ᠌ ᠢ᠋ᠢ ᠨᠢᠭᠡ ᠴᠣᠭ᠍ᠴᠠᠵᠢᠭᠤᠯᠤᠨ ᠬᠥᠭ᠌ᠵᠢᠭᠦᠯᠬᠦ ᠢ᠋ᠢ ᠠᠬᠢᠭᠤᠯᠵᠤ ᠂ ᠲᠡᠮᠡᠭᠡᠨ ᠤ᠋ ᠠᠵᠤ ᠦᠶ᠋ᠯᠡᠰ ᠨᠢ ᠨᠢᠭᠡᠨᠲᠠ ᠲᠤᠰ ᠬᠣᠱᠢᠭᠤᠨ ᠤ᠋ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠪᠠ ᠮᠠᠯᠴᠢᠨ ᠲᠠᠷᠢᠶᠠᠴᠢᠨ ᠤ᠋ ᠣᠷᠣᠯᠭ᠎ᠠ ᠢ᠋ᠢ ᠨᠡᠮᠡᠭ᠌ᠳᠡᠭᠦᠯᠦᠨ ᠪᠠᠶᠠᠵᠢᠭᠤᠯᠬᠤ ᠲᠤᠯᠭᠠᠭᠤᠷᠢ ᠠᠵᠤ ᠦᠶ᠋ᠯᠡᠰ ᠪᠤᠯᠵᠠᠢ᠃
ᠤᠳᠤ《ᠠᠯᠠᠱᠠ ᠪᠠᠷᠠᠭᠤᠨ ᠬᠣᠱᠢᠭᠤᠨ ᠤ᠋ ᠢᠡᠭᠭᠡᠨ ᠰᠦ》 ᠨᠢᠭᠡᠨᠲᠡ ᠤᠯᠤᠰ ᠤ᠋ᠨ ᠭᠠᠵᠠᠷ ᠵᠦᠶ ᠢ᠋ᠢᠨ ᠢᠯᠡᠷᠬᠡᠢᠯᠡᠯᠳᠤ ᠲᠠᠸᠠᠷ ᠤ᠋ᠨ ᠲᠡᠮᠳᠡᠭ ᠵᠢᠡᠷ ᠲᠠᠩᠰᠠᠯᠠᠭᠳᠠᠵᠤ᠂ ᠠᠯᠠᠱᠠ ᠢ᠋ᠢᠨ ᠬᠤᠤᠰ ᠪᠥᠬᠥᠲᠦ ᠲᠡᠮᠡᠭᠡ ᠨᠢ ᠮᠠᠨ ᠤ᠋ ᠣᠷᠣᠨ ᠤ᠋ ᠮᠠᠯ ᠠᠵᠤ ᠠᠬᠤᠶ ᠲᠠᠷᠢᠶᠠᠯᠠᠩ ᠤ᠋ᠨ ᠲᠦᠷᠦᠯ ᠲᠡᠮᠳᠡᠭ᠌ ᠤ᠋ᠨ ᠭᠠᠷᠴᠠᠭ ᠤ᠋ᠨ ᠣᠷᠣᠨ ᠪᠦᠰᠡ ᠢ᠋ᠢᠨ ᠨᠡᠢᠲᠡ ᠢ᠋ᠢᠨ ᠬᠡᠷᠡᠭᠯᠡᠬᠡᠨ ᠤ᠋ ᠲᠦᠷᠦᠯ ᠲᠡᠮᠳᠡᠭ᠌ ᠵᠢᠡᠷ ᠰᠣᠩᠭᠣᠭ᠍ᠳᠠᠨ᠂ 《ᠠᠯᠠᠱᠠ ᠪᠠᠷᠠᠭᠤᠨ ᠬᠣᠱᠢᠭᠤᠨ ᠤ᠋ ᠢᠡᠭᠭᠡᠨ ᠰᠦ》 ᠨᠢ ᠥᠪᠥᠷ ᠮᠣᠩᠭᠣᠯ ᠤ᠋ᠨ《ᠨᠢᠭᠡ ᠱᠢᠶᠠᠨ ᠤ᠋ ᠨᠢᠭᠡ ᠦᠶ᠋ᠯᠡᠳᠬᠦᠨ》 ᠤ᠋ ᠣᠷᠣᠨ ᠪᠦᠰᠡ ᠢ᠋ᠢᠨ ᠲᠦᠷᠦᠯ ᠲᠡᠮᠳᠡᠭ ᠵᠢᠡᠷ ᠰᠣᠩᠭᠣᠭ᠍ᠳᠠᠵᠤ᠂ ᠠᠯᠠᠱᠠ ᠪᠠᠷᠠᠭᠤᠨ ᠬᠣᠱᠢᠭᠤ 《ᠳᠤᠮᠳᠠᠳᠤ ᠤᠯᠤᠰ ᠤ᠋ᠨ ᠲᠡᠮᠡᠭᠡᠨ ᠰᠦ ᠢ᠋ᠢᠨ ᠨᠤᠲᠤᠭ》ᠢ᠋ᠢᠡᠷ ᠮᠡᠳᠡᠭᠦᠯᠦᠬᠡᠳ ᠪᠤᠢ; ᠪᠥᠬᠥ᠌ ᠬᠣᠱᠢᠭᠤᠨ ᠳ᠋ᠤ ᠵᠢᠯ ᠤ᠋ᠨ ᠣᠷᠣᠯᠭ᠎ᠠ ᠨᠢ 100 ᠲᠦᠮᠡᠨ ᠲᠥᠭᠥᠷᠢᠭ ᠢ᠋ ᠲᠠᠪᠠᠭᠰᠠᠨ ᠲᠡᠮᠡᠭᠡ ᠲᠡᠵᠢᠭᠡᠬᠦ᠌ ᠲᠣᠮᠣ ᠡᠷᠦᠬᠡ᠂ ᠲᠡᠮᠡᠭᠡ ᠲᠡᠵᠢᠭᠡᠬᠦ ᠲᠤᠰᠭᠠᠶ ᠬᠣᠷᠱᠢᠶᠠ 60 ᠭᠠᠷᠤᠢ ᠪᠠᠢᠵᠤ ᠂ ᠪᠥᠬᠥ᠌ ᠬᠣᠱᠢᠭᠤᠨ ᠤ᠋ ᠵᠢᠯ ᠤ᠋ᠨ ᠲᠡᠮᠡᠭᠡᠨ ᠤ᠋ ᠠᠵᠤ ᠦᠶ᠋ᠯᠡᠰ ᠤ᠋ᠨ ᠦᠶ᠋ᠯᠡᠳᠬᠦᠨ ᠤ᠋ ᠥᠷᠲᠡᠭ 5.6 ᠳ᠋ᠦᠩᠱᠢᠭᠤᠷ ᠲᠥᠭᠥᠷᠢᠭ ᠢ᠋ ᠳᠠᠪᠠᠵᠤ᠂ ᠲᠡᠮᠡᠭᠡᠨ ᠤ᠋ ᠠᠵᠤ ᠦᠶ᠋ᠯᠡᠰ ᠨᠢᠭᠡᠨᠲᠡ ᠠᠯᠠᠱᠠ ᠪᠠᠷᠠᠭᠤᠨ ᠬᠣᠱᠢᠭᠤᠨ ᠤ᠋ ᠮᠠᠯ ᠠᠵᠤ ᠠᠬᠤᠶ ᠲᠠᠷᠢᠶᠠᠯᠠᠩ ᠤ᠋ᠨ ᠬᠥᠭ᠌ᠵᠢᠯᠲᠡ ᠢ᠋ᠢ ᠳᠠᠢᠴᠢᠯᠠᠬᠤ ᠴᠢᠬᠤᠯᠠ ᠬᠥᠳᠡᠯᠭᠡᠭᠦᠷ ᠪᠠ ᠬᠢᠯᠠᠯᠵᠠᠭᠰᠠᠨ ᠨᠡᠷ᠎ᠡ ᠢ᠋ᠢᠨ ᠬᠠᠭᠤᠳᠠᠰᠤ ᠪᠣᠯᠵᠠᠶ᠃
《ᠨᠠᠮ ᠤ᠋ᠨ ᠲᠥᠷᠥ ᠢ᠋ᠢᠨ ᠪᠣᠳᠣᠯᠭ᠎ᠠ ᠢ᠋ᠢᠨ ᠳᠡᠮᠵᠢᠯᠭᠡ ᠪᠡᠷ ᠪᠢᠳᠡᠨ ᠤ᠋ ᠲᠡᠮᠡᠭᠡ ᠲᠡᠵᠢᠭᠡᠨ ᠦᠷᠡᠵᠢᠭᠦᠯᠬᠦ᠌ ᠬᠡᠪᠴᠢᠶ᠎ᠡ ᠤᠯᠠᠮ ᠥᠷᠭᠡᠳᠤᠨ᠂ ᠲᠤᠰᠬᠠᠢ ᠬᠣᠷᠱᠢᠶᠠ ᠢ᠋ᠢᠨ ᠮᠠᠯᠵᠢᠵᠤ ᠪᠠᠢᠭ᠎ᠠ ᠢᠡᠭᠭᠡ 200 ᠳ᠋ᠤ ᠬᠦᠷᠴᠦ᠍᠂ ᠣᠯᠠᠨ ᠢ᠋ᠢᠡᠷ ᠢ᠋ᠢᠡᠨ ᠣᠷᠣᠯᠭ᠎ᠠ ᠪᠠᠨ ᠨᠡᠮᠡᠭ᠌ᠳᠡᠭᠦᠯᠵᠦ᠍ ᠬᠠᠮᠳᠤ ᠪᠡᠷ ᠪᠡᠶᠡᠵᠢᠨ ᠴᠢᠨᠡᠭᠡᠯᠢᠭ᠌ᠵᠢᠬᠦ᠌ ᠨᠡᠩ ᠪᠠᠳᠤ ᠢᠲᠡᠭᠡᠯ ᠵᠣᠷᠢᠭ ᠲᠠᠢ ᠪᠣᠯᠪᠠ》ᠭᠡᠵᠦ᠍ ᠪᠦᠬᠡᠳᠦ᠋ᠭᠦᠷᠡᠩ ᠬᠡᠯᠡᠨ᠎ᠠ ᠃