ᠶᠠᠨ ᠬᠣᠩ ᠸᠧᠢ ᠲᠥᠯᠥᠭᠡᠯᠡᠭ᠌ᠴᠢ᠄ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ ᠡᠭᠦᠳᠦᠯᠲᠡ᠎ᠪᠡᠷ ᠬᠣᠪᠣᠷ ᠱᠢᠷᠣᠢ ᠵᠢᠨ ᠠᠵᠤ ᠦᠢᠯᠡᠰ᠎ᠦᠨ ᠴᠢᠨᠠᠷ ᠰᠠᠢᠲᠠᠢ ᠬᠥᠭ᠌ᠵᠢᠯᠲᠡ ᠵᠢ ᠠᠬᠢᠭᠤᠯᠤᠨ᠎ᠠ
2024-02-29 13:25:08
ᠵᠣᠬᠢᠶᠠᠭ᠍ᠴᠢ᠄
ᠸᠠᠩ ᠬᠤᠤ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ ᠵᠢᠨ ᠠᠮᠠᠷᠠᠯᠳᠠ ᠳᠠᠭᠤᠰᠭᠤ᠎ᠠᠴᠠ ᠡᠮᠦᠨ᠎ᠡ᠂ ᠪᠥᠬᠥ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠥᠯᠥᠭᠡᠯᠡᠭ᠌ᠴᠢ᠂ ᠪᠤᠭᠤᠲᠤ ᠵᠢᠨ ᠬᠣᠪᠣᠷ ᠱᠢᠷᠣᠢ ᠵᠢᠨ ᠰᠤᠳᠤᠯᠭᠠᠨ᠎ᠤ ᠬᠦᠷᠢᠶᠡᠯᠡᠩ᠎ᠦᠨ ᠰᠣᠷᠢᠨᠵᠢᠨ ᠮᠠᠲᠧᠷᠢᠶᠠᠯ᠎ᠤᠨ ᠰᠤᠳᠤᠯᠭᠠᠨ᠎ᠤ ᠭᠠᠵᠠᠷ᠎ᠤᠨ ᠳᠡᠳ᠋ ᠳᠠᠷᠤᠭ᠎ᠠ ᠶᠠᠨ ᠬᠣᠩ ᠸᠧᠢ ᠡᠳᠦᠷ᠎ᠦᠨ ᠠᠵᠢᠯ᠎ᠤᠨ ᠲᠦᠯᠦᠪᠯᠡᠭᠡ ᠪᠠᠨ ᠨᠢᠭᠡᠨᠳᠡ ᠳᠦᠭᠦᠷᠡᠩ ᠲᠤᠬᠢᠷᠠᠭᠤᠯᠤᠭᠰᠠᠨ ᠪᠠᠢᠯ᠎ᠠ᠃

《ᠲᠦᠯᠦᠭᠡᠯᠡᠭᠴᠢ ᠪᠤᠯᠤᠭᠰᠠᠨ ᠵᠢᠡᠷ ᠡᠭᠦᠷᠭᠡ ᠬᠠᠷᠢᠭᠤᠴᠠᠯᠭ᠎ᠠ ᠨᠡᠩ ᠶᠡᠬᠡ ᠪᠤᠯᠤᠭᠰᠠᠨ ᠰᠢᠬ ᠰᠠᠨᠠᠭᠳᠠᠵᠤ ᠪᠠᠢᠨ᠎ᠠ᠂ ᠪᠠᠢᠴᠠᠭᠠᠨ ᠰᠤᠳᠤᠯᠤᠯᠲᠠ ᠬᠢᠬᠦ᠌ ᠪᠣᠯ ᠲᠤᠱᠢᠶᠠᠯ ᠬᠠᠷᠢᠭᠤᠴᠠᠯᠭ᠎ᠠ ᠪᠠᠨ ᠭᠦᠢᠴᠡᠳᠭᠡᠬᠦ᠌ ᠵᠢᠨ ᠰᠠᠭᠤᠷᠢ ᠮᠥᠨ᠂ ᠭᠦᠢᠴᠡᠳ ᠪᠠᠢᠴᠠᠭᠠᠨ ᠰᠤᠳᠤᠯᠤᠯᠲᠠ ᠬᠢᠭᠰᠡᠨ᠎ᠤ ᠳᠠᠷᠠᠭ᠎ᠠ ᠳᠡᠪᠱᠢᠭᠦᠯᠦᠭ᠌ᠰᠡᠨ ᠰᠠᠨᠠᠭᠤᠯᠭ᠎ᠠ ᠰᠠᠶᠢ ᠲᠥᠯᠥᠭᠡᠯᠡᠬᠦ᠌ ᠴᠢᠨᠠᠷ᠂ ᠬᠠᠨᠳᠤᠯᠭᠠᠲᠤ ᠴᠢᠨᠠᠷ ᠪᠠ ᠬᠡᠷᠡᠭ᠌ᠵᠢᠭᠦᠯᠵᠦ᠍ ᠪᠣᠯᠬᠤᠢᠴᠠ ᠴᠢᠨᠠᠷ ᠲᠠᠢ ᠪᠤᠯᠵᠤ ᠴᠢᠳᠠᠨ᠎ᠠ》 ᠭᠡᠵᠦ ᠶᠠᠨ ᠬᠣᠩ ᠸᠧᠢ ᠰᠤᠷᠪᠤᠯᠵᠢᠯᠠᠭᠴᠢ ᠲᠠᠢ ᠥᠪᠡᠷ᠎ᠦᠨ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠭ᠌ᠰᠡᠨ ᠲᠥᠷᠥᠭ᠌ᠳᠡᠯ ᠵᠢᠡᠨ ᠬᠤᠪᠢᠶᠠᠯᠴᠠᠪᠠ᠃

ᠬᠣᠪᠣᠷ ᠱᠢᠷᠣᠢ ᠪᠣᠯ ᠤᠯᠤᠰ᠎ᠤᠨ ᠴᠢᠬᠤᠯᠠ ᠪᠠᠢᠯᠳᠤᠬᠤ ᠪᠣᠳᠣᠯᠭ᠎ᠠ ᠵᠢᠨ ᠡᠬᠢ ᠪᠠᠶᠠᠯᠢᠭ᠋ ᠪᠣᠯᠣᠨ᠎ᠠ᠃ ᠬᠣᠪᠣᠷ ᠱᠢᠷᠣᠢ ᠵᠢᠨ ᠱᠢᠨ᠎ᠡ ᠮᠠᠲᠧᠷᠢᠶᠠᠯ᠎ᠤᠨ ᠰᠤᠳᠤᠯᠭᠠᠨ᠎ᠤ ᠬᠦᠷᠢᠶ᠎ᠡ ᠴᠠᠷᠠᠭᠠᠨ᠎ᠦ ᠠᠵᠢᠯᠲᠠᠨ ᠪᠣᠯᠤᠭ᠍ᠰᠠᠨ᠎ᠤ ᠬᠤᠪᠢ᠎ᠳᠤ᠂ ᠶᠠᠨ ᠬᠣᠩ ᠸᠧᠢ ᠬᠣᠪᠣᠷ ᠱᠢᠷᠣᠢ ᠵᠢᠨ ᠠᠵᠤ ᠦᠢᠯᠡᠰ᠎ᠦᠨ ᠬᠣᠷᠸ᠎ᠠ ᠬᠠᠨᠳᠤᠰᠢ  ᠬᠥᠭ᠌ᠵᠢᠯᠲᠡ᠎ᠵᠢᠨ ᠲᠤᠬᠠᠢ ᠥᠪᠡᠷ᠎ᠦᠨ ᠵᠢᠡᠨ ᠭᠦᠨᠵᠡᠭᠡᠢ ᠪᠣᠳᠣᠯᠬᠢᠯᠠᠯ᠎ᠲᠠᠢ ᠶᠤᠮ᠃ ᠲᠡᠷᠡ᠄ 《ᠮᠠᠨ᠎ᠤ ᠣᠷᠣᠨ᠎ᠤ ᠬᠣᠪᠣᠷ ᠱᠢᠷᠣᠢ ᠵᠢᠨ ᠡᠬᠢ ᠪᠠᠶᠠᠯᠢᠭ᠎ᠤᠨ ᠬᠠᠳᠠᠭᠠᠯᠠᠭ᠍ᠳᠠᠴᠠ ᠨᠡᠯᠢᠶᠡᠳ ᠡᠯᠪᠡᠭ᠂ ᠳᠠᠭᠠᠯᠲᠠ ᠡᠬᠢ ᠪᠠᠶᠠᠯᠢᠭ᠎ᠤᠨ ᠦᠷᠳᠡᠭ ᠵᠢᠡᠷ ᠥᠨᠳᠥᠷ᠂ ᠬᠣᠪᠣᠷ ᠱᠢᠷᠣᠢ ᠵᠢ ᠨᠡᠭᠡᠭᠡᠨ ᠮᠠᠯᠲᠠᠬᠤ ᠮᠡᠷᠭᠡᠵᠢᠯ ᠪᠣᠯᠪᠠᠰᠤᠷᠠᠩᠭᠤᠢ᠂ ᠪᠦᠬᠦ᠌ ᠪᠥᠮᠪᠥᠷᠴᠡᠭ᠎ᠦᠨ ᠬᠡᠪᠴᠢᠶᠡᠨ᠎ᠳᠦ ᠴᠤᠬᠠᠬ ᠪᠠᠢᠳᠠᠭ ᠴᠢᠨᠠᠷ ᠰᠠᠢᠲᠠᠢ ᠬᠣᠪᠣᠷ ᠱᠢᠷᠣᠢ ᠵᠢᠨ ᠡᠬᠢ ᠪᠠᠶᠠᠯᠢᠭ᠋ ᠪᠣᠯᠣᠨ᠎ᠠ》  ᠭᠡᠪᠡ᠃

ᠥᠩᠭᠡᠷᠡᠭ᠌ᠰᠡᠨ ᠨᠢᠭᠡ ᠵᠢᠯ᠎ᠳᠦ᠂ ᠲᠡᠭᠦᠨ᠎ᠦ ᠰᠠᠭᠤᠷᠢ ᠪᠠᠢᠴᠠᠭᠠᠨ ᠰᠤᠳᠤᠯᠤᠯᠲᠠ ᠨᠢ ᠴᠥᠮ ᠬᠣᠪᠣᠷ ᠱᠢᠷᠣᠢ ᠵᠢᠨ ᠠᠵᠤ ᠦᠢᠯᠡᠰ᠎ᠦᠨ ᠲᠣᠭᠣᠷᠢᠨ᠎ᠳᠤ ᠶᠠᠪᠤᠭᠳᠠᠭᠰᠠᠨ ᠪᠥᠭᠡᠳ ᠰᠠᠷ᠎ᠠ ᠪᠦᠷᠢ 5 — 7 ᠡᠳᠦᠷ᠎ᠦᠨ ᠴᠠᠭ ᠵᠠᠷᠤᠴᠠᠭᠤᠯᠵᠤ᠂ ᠥᠪᠡᠷ᠎ᠦᠨ ᠲᠣᠭ᠎ᠠ ᠪᠠᠷᠢᠮᠲᠠ ᠲᠠᠰ ᠳᠠᠷᠠᠭᠠᠯᠠᠯ ᠵᠢᠡᠨ ᠠᠰᠢᠭᠯᠠᠨ ᠤᠯᠤᠰ᠎ᠤᠨ ᠳᠣᠲᠣᠭᠠᠳᠤ ᠭᠠᠳᠠᠭᠠᠳᠤ᠎ᠵᠢᠨ ᠬᠣᠪᠣᠷ ᠱᠢᠷᠣᠢ᠎ᠵᠢᠨ ᠠᠵᠤ ᠦᠢᠯᠡᠰ ᠵᠢᠴᠢ ᠳᠡᠭᠡᠳᠦ ᠳᠣᠣᠷᠠᠳᠤ ᠤᠷᠤᠰᠭᠠᠯ᠎ᠤᠨ ᠮᠡᠳᠡᠭᠡ ᠵᠠᠩᠭᠢ ᠪᠠ ᠲᠣᠭ᠎ᠠ ᠪᠠᠷᠢᠮᠲᠠ ᠵᠢ ᠴᠤᠭ᠍ᠯᠠᠭᠤᠯᠤᠨ ᠵᠠᠳᠠᠯᠪᠠ᠃

ᠨᠢᠳᠤᠨᠤᠨ᠎ᠤ ᠪᠦᠬᠦ᠌ ᠤᠯᠤᠰ᠎ᠤᠨ ᠬᠣᠶᠠᠷ ᠬᠤᠷᠠᠯ ᠳᠡᠭᠡᠷ᠎ᠡ᠂ ᠶᠠᠨ ᠬᠣᠩ ᠸᠧᠢ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠤᠭᠤᠲᠤ ᠬᠣᠲᠠ ᠵᠢᠨ ᠪᠠᠶᠠᠨ᠌ᠣ᠋ᠪᠣᠭ᠎ᠠ ᠵᠢᠨ ᠬᠦᠳᠡᠷ᠎ᠤᠨ ᠬᠡᠪᠲᠡᠰᠢ ᠵᠢᠨ ᠡᠬᠢ ᠪᠠᠶᠠᠯᠢᠭ᠎ᠢ ᠬᠠᠢᠨ ᠪᠠᠢᠴᠠᠭᠠᠬᠤ ᠵᠢᠴᠢ ᠡᠬᠢ ᠪᠠᠶᠠᠯᠢᠭ᠎ᠢ ᠶᠡᠷᠦᠩᠬᠡᠢᠯᠡᠨ ᠠᠰᠢᠭᠯᠠᠬᠤ ᠵᠢ ᠠᠬᠢᠭᠤᠯᠬᠤ ᠲᠤᠬᠠᠢ》᠂ 《ᠬᠣᠪᠣᠷ ᠱᠢᠷᠣᠢ ᠵᠢᠨ ᠡᠬᠢ ᠪᠠᠶᠠᠯᠢᠭ᠎ᠵᠢᠡᠷ ᠳᠠᠪᠠᠭᠤᠯᠢᠭ᠋ ᠭᠠᠵᠠᠷ ᠣᠷᠣᠨ᠎ᠳᠤ ᠱᠢᠨ᠎ᠡ ᠡᠨᠧᠷᠭᠢ᠎ᠵᠢᠨ ᠮᠠᠱᠢᠨ ᠲᠡᠷᠭᠡ ᠵᠡᠷᠭᠡ ᠠᠵᠤ ᠦᠢᠯᠡᠰ᠎ᠦᠨ ᠬᠡᠯᠬᠢᠶ᠎ᠡ ᠵᠢ ᠪᠠᠢᠷᠢᠯᠠᠭᠤᠯᠵᠤ᠂ ᠤᠯᠤᠰ᠎ᠤᠨ ᠠᠵᠤ ᠦᠢᠯᠡᠰ᠎ᠦᠨ ᠠᠮᠤᠷ ᠲᠦᠪᠱᠢᠨ᠎ᠢ ᠪᠠᠲᠤᠯᠠᠬᠤ ᠲᠤᠬᠠᠢ》ᠵᠡᠷᠭᠡ 4 ᠵᠦᠢᠯ᠎ᠦᠨ ᠰᠠᠨᠠᠭᠤᠯᠭ᠎ᠠ ᠳᠤᠷᠠᠳᠴᠤ᠂ ᠤᠯᠤᠰ᠎ᠤᠨ ᠳᠣᠲᠣᠭᠠᠳᠤ ᠵᠢᠨ ᠬᠣᠪᠣᠷ ᠴᠤᠬᠠᠭ ᠬᠣᠪᠣᠷ ᠱᠢᠷᠣᠢ ᠵᠢᠨ ᠡᠬᠢ ᠪᠠᠶᠠᠯᠢᠭ᠎ᠢ ᠬᠠᠮᠠᠭᠠᠯᠠᠬᠤ᠂ ᠬᠣᠪᠣᠷ ᠱᠢᠷᠣᠢ ᠵᠢᠨ ᠠᠵᠤ ᠦᠢᠯᠡᠰ᠎ᠦᠨ ᠬᠠᠩᠭᠠᠯᠭ᠎ᠠ ᠵᠢᠨ ᠬᠡᠯᠬᠢᠶ᠎ᠡ ᠵᠢᠨ ᠠᠮᠤᠷ ᠲᠦᠪᠱᠢᠨ᠎ᠢ ᠳᠡᠭᠡᠭ᠌ᠰᠢᠯᠡᠭᠦᠯᠬᠦ᠌ ᠪᠠ ᠠᠵᠤ ᠦᠢᠯᠡᠰ᠎ᠦᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠱᠢᠨ᠎ᠡ ᠵᠢ ᠡᠭᠦᠳᠬᠦ ᠵᠢ ᠲᠦᠷᠭᠡᠳᠭᠡᠬᠦ᠎ᠳᠦ ᠢᠳᠡᠪᠬᠢᠲᠡᠢ ᠰᠠᠨᠠᠯ ᠰᠠᠨᠠᠭᠤᠯᠭ᠎ᠠ ᠳᠡᠪᠰᠢᠭᠦᠯᠪᠡ᠃

ᠬᠣᠪᠣᠷ ᠱᠢᠷᠣᠢ ᠵᠢᠨ ᠱᠢᠨ᠎ᠡ ᠮᠠᠲᠧᠷᠢᠶᠠᠯ᠎ᠢ ᠰᠤᠳᠤᠯᠤᠨ ᠨᠡᠭᠡᠭᠡᠬᠦ ᠵᠢ ᠠᠬᠢᠭᠤᠯᠬᠤ ᠪᠣᠯ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠪᠡᠶ᠎ᠡ᠎ᠪᠡᠨ ᠳᠠᠭᠠᠭᠠᠨ ᠬᠦᠴᠦᠷᠬᠡᠭ᠌ᠵᠢᠬᠦ ᠵᠢ ᠪᠡᠶᠡᠯᠡᠭᠦᠯᠬᠦ ᠵᠢᠨ ᠴᠢᠬᠤᠯᠠ ᠬᠦᠷᠢᠶ᠎ᠡ ᠴᠠᠷᠠᠭ᠎ᠠ ᠪᠣᠯᠣᠨ᠎ᠠ᠃ ᠶᠠᠨ ᠬᠣᠩ ᠸᠧᠢ 《ᠮᠠᠲᠧᠷᠢᠶᠠᠯ᠎ᠤᠨ ᠤᠬᠠᠭᠠᠨ ᠪᠣᠯ ᠲᠣᠭ᠎ᠠ ᠪᠠᠷᠢᠮᠲᠠ᠎ᠪᠠᠷ ᠬᠥᠳᠡᠯᠭᠡᠭᠦᠷ ᠪᠣᠯᠭᠠᠭ᠍ᠰᠠᠨ ᠱᠢᠨᠵᠢᠯᠡᠭᠡᠨ᠎ᠦ ᠰᠠᠯᠠᠭ᠎ᠠ ᠪᠤᠯᠤᠨ᠎ᠠ᠂ AI ᠬᠢᠭᠡᠳ ᠮᠠᠲᠧᠷᠢᠶᠠᠯ᠎ᠤᠨ ᠤᠬᠠᠭᠠᠨ᠎ᠤ ᠠᠭᠤᠰᠤᠯᠴᠠᠯ ᠪᠣᠯ ᠵᠠᠢᠯᠠᠰᠢ ᠦᠭᠡᠢ ᠬᠠᠨᠳᠤᠰᠢ ᠮᠥᠨ᠂ ᠪᠢ ᠫᠷᠤᠭ᠌ᠷᠠᠮ ᠨᠠᠢᠷᠠᠭᠤᠯᠵᠤ ᠴᠢᠳᠠᠬᠤ ᠮᠠᠲᠧᠷᠢᠶᠠᠯ᠎ᠤᠨ ᠱᠢᠨᠵᠢᠯᠡᠬᠦ᠌ ᠤᠬᠠᠭᠠᠨ᠎ᠤ ᠠᠵᠢᠯᠲᠠᠨ ᠪᠣᠯᠬᠤ᠎ᠪᠠᠷ ᠴᠢᠷᠮᠠᠢᠵᠤ᠂ ᠰᠤᠳᠤᠯᠭᠠᠨ᠎ᠤ ᠭᠣᠣᠯᠳᠠᠯᠭ᠎ᠠ᠎ᠪᠠᠨ 〈ᠮᠠᠱᠢᠨ᠎ᠤ ᠰᠤᠷᠤᠯᠴᠠᠯᠭ᠎ᠠ〉 ᠪᠣᠯᠣᠨ ᠮᠠᠲᠧᠷᠢᠶᠠᠯ᠎ᠤᠨ ᠤᠬᠠᠭᠠᠨ᠎ᠤ ᠤᠶᠠᠯᠳᠤᠯ᠎ᠤᠨ ᠠᠵᠢᠯ᠎ᠳᠤ ᠣᠷᠣᠭᠤᠯᠤᠨ᠎ᠠ》ᠭᠡᠵᠦ ᠲᠠᠨᠢᠯᠴᠠᠭᠤᠯᠪᠠ᠃

ᠡᠨᠡ ᠬᠡᠳᠦᠨ ᠵᠢᠯ᠎ᠳᠦ ᠠᠵᠢᠯ᠎ᠤᠨ ᠬᠡᠷᠡᠭ᠌ᠴᠡᠭᠡ᠎ᠡᠴᠡ ᠪᠣᠯᠵᠤ᠂ ᠶᠠᠨ ᠬᠣᠩ ᠸᠧᠢ ᠭᠣᠣᠯᠳᠠᠭᠤ ᠵᠧᠵᠢᠶᠠᠩ ᠮᠤᠵᠢ᠎ᠵᠢᠨ ᠬᠠᠩᠵᠧᠦ ᠬᠤᠳᠠ᠎ᠳᠤ ᠠᠵᠢᠯᠯᠠᠵᠤ ᠪᠤᠢ᠃ ᠲᠡᠷᠡ ᠪᠤᠯᠤᠨ ᠬᠠᠮᠲᠤ ᠠᠵᠢᠯᠯᠠᠭ᠍ᠰᠠᠳ᠎ᠤᠨ ᠬᠢᠨᠢ ᠬᠠᠮᠲᠤ ᠵᠢᠨ ᠴᠢᠷᠮᠠᠢᠯᠭ᠎ᠠ᠎ᠪᠠᠷ᠂ ᠪᠤᠭᠤᠲᠤ ᠵᠢᠨ ᠬᠣᠪᠣᠷ ᠱᠢᠷᠣᠢ ᠵᠢᠨ ᠰᠤᠳᠤᠯᠭᠠᠨ᠎ᠤ ᠬᠦᠷᠢᠶᠡᠯᠡᠩ᠎ᠦᠨ ᠬᠠᠩᠵᠧᠦ ᠵᠢᠨ ᠬᠤᠪᠢᠶᠠᠷᠢ ᠬᠦᠷᠢᠶᠡᠯᠡᠩ᠎ᠦᠨ ᠪᠦᠲᠦᠭᠡᠨ ᠪᠠᠢᠭᠤᠯᠤᠯᠲᠠ ᠨᠢᠭᠡᠨᠲᠡ ᠠᠩᠬ᠎ᠠ ᠠᠯᠬᠤᠮ᠎ᠤᠨ ᠬᠡᠪᠴᠢᠶ᠎ᠡ᠎ᠲᠠᠢ ᠪᠣᠯᠤᠭ᠍ᠰᠠᠨ ᠪᠥᠭᠡᠳ ᠮᠠᠲᠧᠷᠢᠶᠠᠯ᠎ᠤᠨ ᠰᠤᠳᠤᠯᠤᠨ ᠨᠡᠭᠡᠭᠡᠯᠲᠡ ᠵᠢᠨ ᠱᠢᠨ᠎ᠡ ᠵᠢ ᠡᠭᠦᠳᠬᠦ ᠲᠠᠯ᠎ᠠ᠎ᠪᠠᠷ ᠵᠣᠬᠢᠬᠤ ᠰᠤᠳᠤᠯᠭᠠᠨ᠎ᠤ ᠦᠷ᠎ᠡ ᠪᠦᠲᠦᠭᠡᠯ ᠣᠯᠤᠭᠰᠠᠨ ᠪᠠᠢᠨ᠎ᠠ᠃

ᠨᠢᠭᠡ ᠵᠢᠯ᠎ᠦᠨ ᠲᠤᠷᠰᠢᠬᠢ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠵᠦ ᠶᠠᠪᠤᠭᠰᠠᠨ ᠵᠠᠮ ᠵᠢᠡᠨ ᠡᠷᠭᠢᠴᠡᠭᠦᠯᠬᠦᠶ᠎ᠡ᠂ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠲᠥᠯᠥᠭᠡᠯᠡᠭ᠌ᠴᠢ ᠵᠢᠨ ᠲᠤᠱᠢᠶᠠᠯ ᠬᠠᠷᠢᠭᠤᠴᠠᠯᠭ᠎ᠠ ᠪᠠᠨ ᠰᠠᠢᠲᠤᠷ ᠭᠦᠢᠴᠡᠳᠭᠡᠬᠦ᠎ᠳᠦ ᠡᠷᠬᠡᠪᠰᠢ ᠠᠵᠢᠯ᠎ᠤᠨ ᠪᠠᠢᠷᠢ᠎ᠳᠠᠭᠠᠨ ᠰᠠᠭᠤᠷᠢᠯᠠᠵᠤ᠂ ᠪᠦᠬᠦ ᠰᠡᠳᠬᠢᠯ ᠪᠦᠬᠦ ᠵᠤᠷᠢᠭ ᠵᠢᠡᠷ ᠦᠢᠯᠡᠴᠢᠯᠡᠵᠦ᠍᠂ ᠠᠷᠠᠳ᠎ᠤᠨ ᠪᠠᠢᠳᠠᠯ᠎ᠢ ᠡᠵᠡᠮᠱᠢᠨ᠂ ᠠᠷᠠᠳ᠎ᠤᠨ ᠰᠠᠨᠠᠭ᠎ᠠ ᠵᠢ ᠲᠤᠰᠭᠠᠵᠤ᠂ 《ᠠᠷᠠᠳ ᠲᠦᠮᠡᠨ ᠨᠠᠮᠠᠶ᠋ᠢ ᠲᠥᠯᠥᠭᠡᠯᠡᠭ᠌ᠴᠢ᠎ᠪᠡᠷ ᠰᠣᠩᠭᠣᠭᠰᠠᠨ᠂ ᠪᠢ ᠠᠷᠠᠳ ᠲᠦᠮᠡᠨ᠎ᠦ ᠲᠥᠯᠥᠭᠡ ᠲᠥᠯᠥᠭᠡᠯᠡᠭ᠌ᠴᠢ ᠪᠣᠯᠤᠨ᠎ᠠ》 ᠭᠡᠬᠦ ᠠᠮᠠᠯᠠᠯᠲᠠ᠎ᠪᠠᠨ ᠦᠢᠯᠡᠳᠦᠯᠭᠡᠵᠢᠭᠦᠯᠬᠦ᠌ ᠬᠡᠷᠡᠭ᠌ᠲᠡᠢ ᠭᠡᠳᠡᠭ᠎ᠢ ᠶᠠᠨ ᠬᠣᠩ ᠸᠧᠢ ᠭᠦᠨᠵᠡᠭᠡᠢ ᠣᠢᠯᠠᠭᠠᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号