ᠬᠤᠷᠠᠯ ᠬᠢᠨ᠎ᠠ᠂ ᠪᠠᠢᠴᠠᠭᠠᠨ ᠰᠤᠳᠤᠯᠤᠯᠲᠠ ᠬᠢᠨ᠎ᠠ᠃ ᠨᠢᠭᠡ ᠲᠠᠯ᠎ᠠ ᠪᠠᠷ ᠡᠷᠲᠡᠮ ᠰᠢᠨᠵᠢᠯᠡᠭᠡᠨ᠎ᠤ ᠥᠭᠦᠯᠡᠯ ᠪᠢᠴᠢᠵᠦ᠂ ᠨᠦᠭᠦᠭᠡ ᠲᠠᠯ᠎ᠠ᠎ᠪᠠᠷ ᠰᠠᠨᠠᠯ ᠳᠤᠷᠠᠳᠤᠯᠭ᠎ᠠ ᠪᠠᠨ ᠪᠡᠯᠡᠳᠬᠡᠨ᠎ᠡ᠃ ᠪᠦᠬᠦ ᠤᠯᠤᠰ᠎ᠤᠨ ᠬᠣᠶᠠᠷ ᠬᠤᠷᠠᠯ ᠤᠳᠠᠯ ᠦᠭᠡᠢ ᠬᠤᠷᠠᠯᠳᠤᠬᠤ ᠭᠡᠵᠦ ᠪᠠᠢᠭ᠎ᠠ ᠲᠠᠰᠢᠷᠠᠮ᠎ᠳᠤ᠂ ᠪᠦᠬᠦ ᠤᠯᠤᠰ᠎ᠤᠨ ᠤᠯᠤᠰ ᠲᠦᠷᠦ᠎ᠶᠢᠨ ᠵᠥᠪᠯᠡᠯᠭᠡᠨ᠎ᠦ ᠭᠡᠰᠢᠭᠦᠨ᠂ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶᠢᠨ ᠬᠠᠤᠯᠢ᠎ᠶᠢᠨ ᠤᠬᠠᠭᠠᠨ᠎ᠤ ᠳᠡᠭᠡᠳᠦ ᠰᠤᠷᠭᠠᠭᠤᠯᠢ᠎ᠶᠢᠨ ᠫᠷᠤᠹᠸᠰᠰᠤᠷ ᠧ ᠰᠢᠶᠣᠣ ᠮᠧᠢ ᠣᠢᠷ᠎ᠠ᠎ᠳᠤ ᠮᠠᠰᠢ ᠶᠠᠭᠠᠷᠠᠤ᠃
ᠬᠠᠤᠯᠢ᠎ᠶᠢᠨ ᠤᠬᠠᠭᠠᠨ᠎ᠤ ᠲᠤᠰᠬᠠᠢ ᠮᠡᠷᠭᠡᠵᠢᠯᠲᠡᠨ ᠪᠣᠯᠤᠭᠰᠠᠨ᠎ᠤ ᠬᠤᠪᠢ᠎ᠳᠤ᠂ ᠧ ᠰᠢᠶᠣᠣ ᠮᠧᠶ ᠲᠤᠰᠬᠠᠢ ᠮᠡᠷᠭᠡᠵᠢᠯ᠎ᠦᠨ ᠲᠠᠪᠠᠭᠤᠯᠢᠭ ᠵᠢᠡᠨ ᠪᠠᠳᠠᠷᠠᠭᠤᠯᠬᠤ᠎ᠶᠢ ᠪᠠᠷᠢᠮᠲᠠᠯᠠᠵᠤ᠂ ᠭᠣᠣᠯᠳᠠᠯᠭ᠎ᠠ᠎ᠲᠠᠢ ᠬᠦᠷᠢᠶᠡᠨ᠎ᠳᠦ ᠠᠩᠬᠠᠷᠤᠯ᠎ᠢᠶᠠᠨ ᠲᠥᠪᠯᠡᠷᠡᠭᠦᠯᠦᠨ ᠰᠠᠨᠠᠯ ᠲᠤᠷᠠᠳᠤᠯᠭ᠎ᠠ ᠪᠠ ᠨᠡᠢᠭᠡᠮ᠎ᠦᠨ ᠪᠠᠢᠳᠠᠯ ᠠᠷᠠᠳ᠎ᠤᠨ ᠰᠠᠨᠠᠭ᠎ᠠ᠎ᠶᠢᠨ ᠮᠡᠳᠡᠭᠡ ᠵᠠᠩᠭᠢ᠎ᠶᠢᠨ ᠠᠵᠢᠯ᠎ᠢ ᠰᠠᠢᠲᠤᠷ ᠬᠢᠪᠡ᠃ 2023 ᠣᠨ᠎ᠳᠤ᠂ ᠲᠡᠭᠦᠨ᠎ᠦ ᠳᠡᠪᠰᠢᠭᠦᠯᠦᠭᠰᠡᠨ ᠰᠠᠨᠠᠯ ᠳᠤᠷᠠᠳᠤᠯᠭ᠎ᠠ ᠨᠢ ᠴᠥᠮ ᠲᠤᠰ ᠪᠡᠶ᠎ᠡ᠎ᠶᠢᠨ ᠲᠤᠰᠬᠠᠢ ᠮᠡᠷᠭᠡᠵᠢᠯ ᠲᠠᠢ ᠪᠡᠨ ᠨᠢᠭ᠍ᠲᠠ ᠬᠣᠯᠪᠣᠭ᠎ᠠ ᠲᠠᠢ ᠶᠤᠮ᠂ ᠵᠢᠱ᠌ᠢᠶᠡᠯᠡᠪᠡᠯ 《ᠦᠨᠳᠦᠰᠦᠲᠡᠨ᠎ᠦ ᠬᠦᠷᠢᠶᠡᠨ᠎ᠦ ᠬᠠᠤᠯᠢ ᠴᠠᠭᠠᠵᠠ ᠲᠦᠷᠢᠮ ᠲᠣᠭᠲᠠᠭᠠᠯ᠎ᠢ ᠲᠣᠭᠲᠠᠭᠠᠬᠤ᠂ ᠵᠠᠰᠠᠪᠤᠷᠢ ᠣᠷᠣᠭᠤᠯᠬᠤ᠂ ᠬᠦᠴᠦᠨ ᠦᠭᠡᠢ ᠪᠣᠯᠭᠠᠬᠤ᠂ ᠲᠠᠢᠯᠪᠤᠷᠢᠯᠠᠬᠤ ᠠᠵᠢᠯ᠎ᠢ ᠨᠢᠭᠡᠳᠦᠯᠲᠡᠢ ᠲᠥᠯᠥᠪᠵᠢᠭᠦᠯᠦᠨ ᠠᠬᠢᠭᠤᠯᠬᠤ ᠲᠤᠬᠠᠢ ᠰᠠᠨᠠᠯ ᠳᠤᠷᠠᠳᠤᠯᠭ᠎ᠠ》᠂ 《ᠣᠷᠣᠨ ᠪᠦᠰᠡ᠎ᠶᠢᠨ ᠬᠠᠮᠵᠢᠯᠴᠠᠨ ᠬᠠᠤᠯᠢ ᠲᠣᠭᠲᠠᠭᠠᠬᠤ᠎ᠶᠢ ᠲᠦᠷᠭᠡᠳᠬᠡᠬᠦ᠂ ᠬᠠᠲᠤᠨ ᠭᠣᠣᠯ᠎ᠤᠨ ᠤᠯᠤᠰ᠎ᠤᠨ ᠰᠣᠶᠣᠯ᠎ᠤᠨ ᠴᠡᠴᠡᠷᠯᠢᠭ᠎ᠦᠨ ᠪᠦᠲᠦᠭᠡᠨ ᠪᠠᠢᠭᠤᠯᠤᠯᠲᠠ᠎ᠶᠢ ᠰᠠᠢᠲᠤᠷ ᠪᠠᠢᠭᠤᠯᠵᠤ ᠰᠠᠢᠲᠤᠷ ᠬᠡᠷᠡᠭᠯᠡᠬᠦ ᠲᠤᠬᠠᠢ ᠰᠠᠨᠠᠯ ᠳᠤᠷᠠᠳᠤᠯᠭ᠎ᠠ》 ᠵᠡᠷᠭᠡ ᠪᠣᠯᠣᠨ᠎ᠠ᠂ ᠡᠳᠡᠭᠡᠷ ᠪᠦᠲᠦᠭᠡᠯᠴᠢ ᠴᠢᠨᠠᠷᠲᠠᠢ ᠰᠠᠨᠠᠯ ᠳᠤᠷᠠᠳᠤᠯᠭ᠎ᠠ᠎ᠳᠤ ᠴᠥᠮ ᠤᠯᠤᠰ᠎ᠤᠨ ᠬᠣᠯᠪᠣᠭᠳᠠᠯ ᠪᠦᠬᠦᠢ ᠰᠠᠯᠠᠭ᠎ᠠ ᠮᠥᠴᠢᠷ᠎ᠦᠨ ᠢᠳᠡᠪᠬᠢᠲᠡᠢ ᠬᠠᠷᠢᠭᠤ ᠲᠤᠰᠬᠠᠯ᠎ᠢ ᠣᠯᠣᠭᠰᠠᠨ ᠪᠠᠢᠨ᠎ᠠ᠃ ᠰᠢᠨ᠎ᠡ ᠨᠢᠭᠡ ᠵᠢᠯ᠎ᠳᠦ᠂ ᠧ ᠰᠢᠶᠣᠣ ᠮᠧᠶ ᠦᠷᠭᠦᠯᠵᠢᠯᠡᠨ ᠥᠪᠡᠷ᠎ᠦᠨ ᠲᠤᠰᠬᠠᠢ ᠮᠡᠷᠭᠡᠵᠢᠯ᠎ᠦᠨ ᠬᠦᠷᠢᠶ᠎ᠡ ᠴᠠᠷᠠᠭ᠎ᠠ᠎ᠲᠠᠢ᠎ᠪᠡᠨ ᠤᠶᠠᠯᠳᠤᠭᠤᠯᠤᠨ᠂ ᠬᠣᠯᠪᠣᠭᠳᠠᠯ ᠪᠦᠬᠦᠢ ᠰᠠᠨᠠᠯ ᠳᠤᠷᠠᠳᠤᠯᠭ᠎ᠠ᠎ᠪᠠᠨ ᠳᠡᠪᠰᠢᠭᠦᠯᠬᠦ ᠪᠤᠯᠦᠨ᠎ᠡ᠃
ᠪᠠᠢᠴᠠᠭᠠᠨ ᠰᠤᠳᠤᠯᠤᠯᠲᠠ ᠦᠭᠡᠢ ᠪᠣᠯ ᠰᠠᠨᠠᠯ ᠲᠤᠷᠠᠳᠤᠯᠭ᠎ᠠ ᠲᠡᠪᠰᠢᠬᠦᠯᠬᠦ ᠵᠢᠨ ᠠᠷᠭ᠎ᠠ ᠦᠭᠡᠢ᠂ ᠡᠨᠡ ᠪᠣᠯ ᠪᠦᠬᠦ ᠤᠯᠤᠰ᠎ᠤᠨ ᠤᠯᠤᠰ ᠲᠦᠷᠦ᠎ᠶᠢᠨ ᠵᠥᠪᠯᠡᠯᠭᠡᠨ ᠡᠴᠡ ᠲᠠᠬᠢᠨ ᠳᠠᠪᠲᠠᠨ ᠴᠢᠬᠤᠯᠠᠴᠢᠯᠠᠭᠰᠠᠭᠠᠷ ᠢᠷᠡᠭᠰᠡᠨ ᠵᠠᠷᠴᠢᠮ᠎ᠤᠨ ᠴᠢᠨᠠᠷᠲᠠᠢ ᠠᠰᠠᠭᠤᠳᠠᠯ ᠮᠥᠨ᠃ ᠭᠠᠭᠴᠠ ᠬᠦ᠌ ᠦᠨᠳᠦᠰᠦᠨ ᠱᠠᠲᠤᠨ᠎ᠳᠤ ᠭᠦᠨᠵᠡᠭᠡᠢᠷᠡᠨ᠂ ᠤᠯᠠᠨ ᠲᠦᠮᠡᠨ᠎ᠲᠠᠢ ᠬᠠᠷᠢᠯᠴᠠᠵᠤ᠂ ᠠᠷᠠᠳ ᠤᠯᠠᠨ᠎ᠤ ᠬᠦᠰᠡᠯ ᠱᠠᠭᠠᠷᠳᠠᠯᠭ᠎ᠠ᠎ᠶᠢ ᠠᠩᠬᠠᠷᠤᠨ ᠲᠤᠰᠬᠠᠪᠠᠯ ᠰᠠᠶᠢ ᠠᠰᠠᠭᠤᠳᠠᠯ᠎ᠤᠨ ᠵᠠᠩᠭᠢᠯᠠᠭ᠎ᠠ᠎ᠶᠢ ᠣᠨᠣᠪᠴᠢᠲᠠᠶ ᠡᠷᠢᠨ ᠣᠯᠵᠤ᠂ ᠳᠤᠷᠠᠳᠤᠭᠰᠠᠨ ᠠᠷᠭᠠᠴᠠᠭᠠᠬᠤ ᠪᠣᠳᠣᠯᠭ᠎ᠠ ᠪᠠ ᠰᠠᠨᠠᠭᠤᠯᠭ᠎ᠠ᠎ᠶᠢᠨ ᠭᠤᠤᠯᠳᠠᠯᠭ᠎ᠠ ᠵᠢ ᠣᠨᠣᠭᠠᠬᠤ᠎ᠶᠢ ᠦᠨᠡᠨ ᠬᠦ᠌ ᠪᠠᠲᠤᠯᠠᠵᠤ ᠴᠢᠳᠠᠨ᠎ᠠ᠃ ᠥᠩᠭᠡᠷᠡᠭᠰᠡᠨ ᠨᠢᠭᠡ ᠵᠢᠯ᠎ᠳᠦ᠂ ᠦᠪᠡᠷᠲᠡᠭᠡᠨ ᠵᠠᠰᠬᠠᠤ ᠤᠷᠤᠨ᠎ᠳᠤ ᠰᠠᠭᠤᠭ᠎ᠠ ᠪᠥᠬᠥ ᠤᠯᠤᠰ᠎ᠤᠨ ᠤᠯᠤᠰ ᠲᠥᠷᠥ᠎ᠶᠢᠨ ᠵᠥᠪᠯᠡᠯᠭᠡᠨ᠎ᠦ ᠭᠡᠰᠢᠭᠦᠳ᠎ᠦᠨ ᠠᠵᠢᠯ ᠪᠠᠢᠴᠠᠭᠠᠬᠤ ᠠᠵᠢᠯᠯᠠᠭ᠎ᠠ᠎ᠳᠤ ᠣᠷᠣᠯᠴᠠᠭᠰᠠᠨ ᠡᠴᠠ ᠭᠠᠳᠠᠨ᠎ᠠ᠂ ᠧ ᠰᠢᠶᠣᠣ ᠮᠧᠶ ᠪᠠᠰᠠ ᠥᠪᠡᠷ᠎ᠦᠨ ᠪᠣᠳᠠᠲᠤ ᠪᠠᠢᠳᠠᠯ᠎ᠳᠠᠭᠠᠨ ᠰᠠᠭᠤᠷᠢᠯᠠᠨ ᠪᠡᠶ᠎ᠡ ᠪᠡᠨ ᠳᠠᠭᠠᠭᠠᠵᠤ ᠪᠠᠢᠴᠠᠭᠠᠨ ᠰᠤᠳᠤᠯᠤᠯᠲᠠ ᠬᠢᠵᠡᠢ᠃ 《ᠡᠯ᠎ᠡ ᠱᠠᠲᠤᠨ᠎ᠤ ᠵᠣᠬᠢᠶᠠᠨ ᠪᠠᠢᠭᠤᠯᠤᠯᠲᠠ᠎ᠶᠢᠨ ᠥᠷᠨᠢᠭᠦᠯᠦᠭᠰᠡᠨ ᠲᠤᠰᠬᠠᠢ ᠰᠡᠳᠦᠪᠲᠦ ᠪᠠᠢᠴᠠᠭᠠᠨ ᠰᠤᠳᠤᠯᠤᠯᠲᠠ᠎ᠶᠢᠨ ᠠᠵᠢᠯᠯᠠᠭ᠎ᠠ ᠨᠢ ᠪᠢᠳᠡᠨ᠎ᠦ ᠤᠨᠤᠯ᠎ᠤᠨ ᠭᠦᠨᠴᠡ ᠪᠠ ᠦᠢᠯᠡᠳᠦᠯᠭᠡ᠎ᠶᠢᠨ ᠥᠷᠭᠡᠴᠡ᠎ᠶᠢ ᠥᠷᠭᠡᠳᠬᠡᠬᠦ᠎ᠳᠦ ᠲᠤᠰᠠᠲᠠᠢ ᠶᠤᠮ᠂ ᠡᠭᠦᠨ᠎ᠳᠦ ᠢᠳᠡᠪᠬᠢᠲᠡᠢ ᠣᠷᠣᠯᠴᠠᠵᠤ ᠰᠠᠢᠲᠤᠷ ᠭᠦᠢᠴᠡᠳ ᠬᠡᠷᠡᠭᠯᠡᠬᠦ ᠬᠡᠷᠡᠭᠲᠡᠢ᠂ ᠡᠭᠦᠨ᠎ᠦ ᠬᠠᠮᠲᠤ ᠪᠠᠰᠠ ᠥᠪᠡᠷ᠎ᠦᠨ ᠠᠩᠬᠠᠷᠴᠤ ᠪᠠᠢᠭ᠎ᠠ ᠭᠣᠣᠯᠳᠠᠯᠭ᠎ᠠ᠎ᠲᠠᠢ ᠬᠦᠷᠢᠶ᠎ᠡ᠎ᠶᠢᠨ ᠲᠣᠭᠣᠷᠢᠨ᠎ᠳᠤ ᠪᠡᠶ᠎ᠡ᠎ᠪᠡᠨ ᠳᠠᠭᠠᠭᠠᠵᠤ ᠪᠠᠢᠴᠠᠭᠠᠨ ᠰᠤᠳᠤᠯᠤᠯᠲᠠ ᠬᠢᠵᠦ᠂ ᠬᠠᠤᠯᠢ ᠴᠠᠭᠠᠵᠠ᠎ᠶᠢᠨ ᠵᠢᠭᠠᠨ ᠰᠤᠷᠭᠠᠯᠲᠠ ᠡᠷᠲᠡᠮ ᠰᠢᠨᠵᠢᠯᠡᠭᠡᠨ᠎ᠢ ᠤᠯᠤᠰ ᠲᠦᠷᠦ᠎ᠶᠢᠨ ᠵᠥᠪᠯᠡᠯᠭᠡᠨ᠎ᠦ ᠭᠡᠰᠢᠭᠦᠨ᠎ᠦ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠲᠠᠢ ᠤᠶᠠᠯᠳᠤᠭᠤᠯᠵᠤ᠂ ᠴᠢᠨᠠᠷ ᠰᠠᠢᠲᠠᠢ ᠰᠠᠨᠠᠯ ᠰᠠᠨᠠᠭᠤᠯᠭ᠎ᠠ ᠭᠠᠷᠭᠠᠨ ᠠᠷᠭ᠎ᠠ ᠪᠤᠳᠤᠯᠭ᠎ᠠ ᠲᠡᠪᠰᠢᠭᠦᠯᠤᠨᠠ》 ᠭᠡᠵᠦ ᠲᠡᠷᠡ ᠬᠡᠯᠡᠪᠡ᠃
ᠬᠣᠶᠠᠷ ᠬᠤᠭᠤᠴᠠᠭ᠎ᠠ ᠳᠠᠷᠠᠭᠠᠯᠠᠨ ᠪᠦᠬᠦ ᠤᠯᠤᠰ᠎ᠤᠨ ᠤᠯᠤᠰ ᠲᠦᠷᠦ᠎ᠶᠢᠨ ᠵᠥᠪᠯᠡᠯᠭᠡᠨ᠎ᠦ ᠭᠡᠰᠢᠭᠦᠨ᠎ᠦ ᠲᠤᠰᠢᠶᠠᠯ᠎ᠢ ᠡᠭᠦᠷᠭᠡᠯᠡᠬᠦ᠎ᠳᠡᠭᠡᠨ᠂ ᠧ ᠰᠢᠶᠣᠣ ᠮᠧᠢ᠎ᠶᠢᠨ ᠢᠮᠠᠭᠲᠠ ᠪᠠᠷᠢᠮᠳᠠᠯᠠᠬᠰᠠᠭᠠᠷ ᠢᠷᠡᠭᠰᠡᠨ ᠠᠵᠢᠯ᠎ᠤᠨ ᠰᠤᠷᠲᠠᠯ ᠪᠣᠯ ᠨᠠᠷᠢᠨ ᠬᠢᠨᠠᠮᠠᠭᠠᠢ᠂ ᠬᠠᠮᠤᠭ᠎ᠤᠨ ᠭᠦᠨ ᠲᠥᠷᠥᠭᠳᠡᠯ ᠪᠣᠯ ᠬᠢᠯᠪᠠᠷ ᠪᠤᠰᠤ ᠶᠤᠮ᠃ ᠲᠡᠭᠦᠨ᠎ᠦ ᠦᠵᠡᠬᠦ᠎ᠪᠡᠷ᠂ ᠴᠢᠳᠠᠪᠤᠷᠢ ᠮᠡᠬᠦᠰ᠂ ᠴᠢᠳᠠᠪᠤᠷᠢ᠎ᠶᠢᠨ ᠭᠡᠯᠮᠡᠭᠳᠡᠯ ᠪᠣᠯ ᠤᠯᠤᠰ ᠲᠦᠷᠦ᠎ᠶᠢᠨ ᠵᠥᠪᠯᠡᠯᠭᠡᠨ᠎ᠦ ᠭᠡᠰᠢᠭᠦᠨ ᠨᠢᠭᠡᠪᠦᠷᠢ᠎ᠶᠢᠨ ᠡᠮᠦᠨ᠎ᠡ ᠲᠠᠯᠪᠢᠭ᠍ᠳᠠᠵᠤ ᠪᠠᠢᠭ᠎ᠠ ᠪᠣᠳᠠᠲᠠᠢ ᠠᠰᠠᠭᠤᠳᠠᠯ᠂ ᠰᠤᠷᠤᠯᠴᠠᠯᠭ᠎ᠠ᠎ᠪᠠᠨ ᠴᠢᠩᠭᠠᠳᠬᠠᠬᠤ ᠪᠣᠯ ᠪᠠᠰᠠ ᠴᠤ᠌ ᠤᠯᠤᠰ ᠲᠦᠷᠦ᠎ᠶᠢᠨ ᠵᠥᠪᠯᠡᠯᠭᠡᠨ᠎ᠦ ᠭᠡᠰᠢᠭᠦᠨ ᠪᠦᠬᠦᠨ᠎ᠦ ᠴᠢᠬᠤᠯᠠ ᠡᠭᠦᠷᠭᠡ ᠮᠥᠨ᠃ 《ᠬᠠᠤᠯᠢ ᠴᠠᠭᠠᠵᠠ ᠪᠣᠯ ᠨᠡᠢᠭᠡᠮ᠎ᠦᠨ ᠠᠮᠢᠳᠤᠷᠠᠯ᠎ᠤᠨ ᠲᠠᠯ᠎ᠠ ᠪᠦᠬᠦᠨ᠎ᠳᠦ ᠬᠣᠯᠪᠣᠭᠳᠠᠵᠤ ᠪᠠᠢᠳᠠᠭ ᠪᠣᠯᠬᠣᠷ ᠥᠪᠡᠷ᠎ᠦᠨ ᠮᠡᠳᠡᠯᠭᠡ ᠶ᠋ᠢᠨ ᠬᠥᠮᠥᠷᠭᠡ᠎ᠪᠡᠨ ᠦᠷᠭᠦᠯᠵᠢ ᠰᠢᠨᠡᠳᠬᠡᠬᠦ ᠬᠡᠷᠡᠭᠲᠡᠢ ᠪᠠᠢᠳᠠᠭ᠂ ᠮᠠᠰᠢ ᠣᠯᠠᠨ ᠲᠤᠰᠬᠠᠢ ᠮᠡᠷᠭᠡᠵᠢᠯ ᠦᠨ ᠴᠢᠨᠠᠷᠲᠠᠢ ᠠᠰᠠᠭᠤᠳᠠᠯ᠎ᠳᠤ ᠲᠤᠯᠭᠠᠷᠠᠪᠠᠯ᠂ ᠮᠠᠲᠧᠷᠢᠶᠠᠯ ᠢ᠋ ᠳᠠᠬᠢᠨ ᠳᠠᠪᠲᠠᠨ ᠡᠷᠢᠵᠦ᠂ ᠲᠤᠬᠠᠢᠯᠠᠭᠰᠠᠨ ᠠᠵᠢᠯ᠎ᠳᠠᠭᠠᠨ ᠲᠠᠰᠤᠷᠠᠯᠲᠠ ᠦᠭᠡᠢ ᠰᠢᠮᠳᠠᠬᠤ ᠬᠡᠷᠡᠭᠲᠡᠢ》 ᠭᠡᠵᠦ ᠧ ᠰᠢᠶᠣᠣ ᠮᠧᠢ ᠬᠡᠯᠡᠪᠡ᠃ ᠡᠳᠦᠷ ᠲᠤᠲᠤᠮ᠎ᠤᠨ ᠠᠵᠢᠯ᠎ᠤᠨ ᠳᠤᠮᠳᠠ᠂ ᠧ ᠰᠢᠶᠣᠣ ᠮᠧᠶ ᠪᠥᠬᠥ ᠤᠯᠤᠰ᠎ᠤᠨ ᠤᠯᠤᠰ ᠲᠥᠷᠥ᠎ᠶᠢᠨ ᠵᠥᠪᠯᠡᠯᠭᠡᠨ᠎ᠦ ᠦᠨᠳᠦᠰᠦᠲᠡᠨ ᠪᠠ ᠱᠠᠰᠢᠨ ᠰᠤᠷᠲᠠᠬᠤᠨ᠎ᠤ ᠵᠥᠪᠯᠡᠯ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠨᠢᠭᠡᠳᠦᠮᠡᠯ ᠹᠷᠣᠨᠲ᠎ᠤᠨ ᠬᠡᠯᠲᠡᠰ᠂ ᠥᠪᠥᠷ ᠮᠣᠩᠭᠣᠯ᠎ᠤᠨ ᠶᠡᠬᠡ ᠰᠤᠷᠭᠠᠭᠤᠯᠢ ᠵᠡᠷᠭᠡ᠎ᠡᠴᠡ ᠵᠣᠬᠢᠶᠠᠨ ᠪᠠᠢᠭᠤᠯᠤᠭᠰᠠᠨ ᠡᠯ᠎ᠡ ᠲᠥᠷᠥᠯ᠎ᠦᠨ ᠰᠤᠷᠤᠯᠴᠠᠬᠤ ᠠᠵᠢᠯᠯᠠᠭ᠎ᠠ᠎ᠳᠤ ᠢᠳᠡᠪᠬᠢᠲᠡᠢ ᠣᠷᠣᠯᠴᠠᠭᠰᠠᠨ ᠪᠥᠭᠡᠳ ᠪᠥᠬᠥ ᠤᠯᠤᠰ᠎ᠤᠨ ᠤᠯᠤᠰ ᠲᠥᠷᠥ᠎ᠶᠢᠨ ᠵᠥᠪᠯᠡᠯᠭᠡᠨ᠎ᠦ ᠰᠢᠯᠵᠢᠬᠡ ᠴᠢᠮᠡᠬᠡ ᠬᠣᠯᠪᠣᠭᠠᠨ᠎ᠤ ᠲᠤᠰᠢᠶᠠᠯ ᠬᠠᠷᠢᠭᠤᠴᠠᠯᠭ᠎ᠠ᠎ᠪᠠᠨ ᠭᠦᠢᠴᠡᠳᠬᠡᠬᠦ ᠲᠠᠪᠴᠠᠩ ᠪᠠ ᠨᠣᠮ ᠤᠩᠰᠢᠬᠤ ᠲᠠᠪᠴᠠᠩ᠎ᠢ ᠭᠦᠢᠴᠡᠳ ᠬᠡᠷᠡᠭᠯᠡᠨ᠂ ᠰᠤᠷᠤᠯᠴᠠᠨ ᠰᠡᠳᠬᠢᠵᠦ ᠦᠢᠯᠡᠳᠦᠯᠭᠡᠵᠢᠭᠦᠯᠦᠨ ᠰᠤᠷᠤᠯᠴᠠᠵᠦ᠂ ᠴᠢᠳᠠᠪᠤᠷᠢ ᠪᠠᠨ ᠳᠡᠭᠡᠭᠰᠢᠯᠡᠭᠦᠯᠪᠡ᠃ 《ᠪᠦᠬᠦ ᠤᠯᠤᠰ᠎ᠤᠨ ᠤᠯᠤᠰ ᠲᠥᠷᠥ ᠶ᠋ᠢᠨ ᠵᠥᠪᠯᠡᠯᠭᠡᠨ᠎ᠦ ᠭᠡᠰᠢᠭᠦᠨ ᠨᠢ ᠢᠷᠠᠭᠤ ᠠᠯᠳᠠᠷ ᠲᠡᠳᠦᠢ ᠪᠢᠰᠢ᠂ ᠨᠡᠩ ᠴᠤ᠌ ᠬᠦᠨᠳᠦ ᠬᠠᠷᠢᠭᠤᠴᠠᠯᠭ᠎ᠠ ᠮᠥᠨ᠃ ᠡᠨᠡ ᠵᠢᠯ ᠪᠣᠯ ᠮᠢᠨᠤ ᠲᠤᠰᠢᠶᠠᠯ ᠬᠠᠷᠢᠭᠤᠴᠠᠯᠭ᠎ᠠ᠎ᠪᠠᠨ ᠭᠦᠢᠴᠡᠳᠬᠡᠬᠦ ᠳᠣᠯᠣᠳᠤᠭᠠᠷ ᠵᠢᠯ ᠶᠤᠮ᠂ ᠰᠤᠷᠤᠯᠴᠠᠯᠭ᠎ᠠ᠎ᠳᠤ ᠦᠵᠦᠭᠦᠷ ᠬᠢᠵᠠᠭᠠᠷ ᠦᠭᠡᠢ᠂ ᠠᠵᠢᠯ᠎ᠢᠶᠠᠨ ᠰᠠᠢᠨ ᠬᠢᠬᠦ᠎ᠳᠦ ᠴᠦ᠍ ᠦᠵᠦᠭᠦᠷ ᠬᠢᠵᠠᠭᠠᠷ ᠦᠭᠡᠢ ᠭᠡᠳᠡᠭ ᠢ᠋ ᠨᠡᠩ ᠭᠦᠨᠵᠡᠭᠡᠢ ᠣᠢᠯᠠᠭᠠᠵᠤ᠂ ᠭᠠᠭᠴᠠ ᠬᠦ᠌ ᠲᠠᠰᠤᠷᠠᠯᠲᠠ ᠦᠭᠡᠢ ᠰᠤᠷᠤᠯᠴᠠᠨ ᠳ᠋ᠦᠩᠨᠡᠵᠦ᠂ ᠬᠤᠪᠢ ᠬᠥᠮᠥᠨ᠎ᠦ ᠴᠢᠳᠠᠪᠤᠷᠢ ᠪᠠᠨ ᠳᠡᠭᠡᠭᠰᠢᠯᠡᠭᠦᠯᠪᠡᠯ ᠰᠠᠶᠢ ᠨᠡᠩ ᠰᠠᠢᠳᠤᠷ ᠡᠬᠦᠷᠭᠡ ᠳᠤᠰᠢᠶᠠᠯ ᠵᠢᠡᠨ ᠬᠦᠢᠴᠡᠳᠭᠡᠵᠦ ᠬᠠᠷᠢᠭᠤᠴᠠᠯᠭ᠎ᠠ ᠪᠠᠨ ᠪᠡᠶᠡᠯᠡᠬᠦᠯᠵᠦ᠂ ᠡᠭᠦᠷᠭᠡ ᠬᠠᠷᠢᠭᠤᠴᠠᠯᠭᠠᠳᠡᠭᠠᠨ ᠤᠰᠤᠯᠳᠠᠬᠤ ᠦᠭᠡᠢ》 ᠭᠡᠵᠦ ᠲᠡᠷᠡ ᠬᠡᠯᠡᠪᠡ᠃