ᠵᠢᠯᠦᠨ ᠡᠬᠢᠨᠡᠴᠡ ᠨᠠᠭᠠᠰᠢ᠂ ᠬᠥᠯᠥᠨ ᠪᠤᠢ᠌ᠷ ᠬᠤᠳᠠ 《ᠤᠯᠠᠨ ᠲᠦᠮᠡᠨ ᠤ᠋ ᠬᠦᠰᠡᠯ ᠱᠠᠭᠠᠷᠳᠠᠯᠭᠠ ᠳ᠋ᠤ᠌ ᠵᠠᠪᠠᠯ ᠬᠠᠷᠢᠭᠤᠯᠳᠡ ᠥᠭ᠌ᠬᠦ》 ᠨᠡᠷᠡ ᠢ᠋ᠢᠨ ᠬᠠᠭᠤᠳᠠᠰᠤ ᠢ᠋ᠢ ᠴᠤᠭᠴᠠᠯᠠᠵᠤ᠂ 《ᠬᠠᠤᠯᠢ ᠪᠠᠷᠢᠵᠤ ᠰᠢᠢᠳᠪᠤᠷᠢᠯᠡᠭᠰᠡᠨ ᠬᠡᠷᠡᠭ ᠪᠣᠯᠭᠠᠨᠠᠴᠠ ᠠᠷᠠᠳ ᠤᠯᠠᠨ ᠲᠥᠪ ᠭᠣᠣᠯᠴᠢ ᠱᠢᠳᠤᠷᠭᠤ ᠶᠣᠰᠣ ᠢ᠋ᠢ ᠪᠠᠷᠢᠮᠳᠠᠯᠠᠭᠰᠠᠨ ᠲᠦᠷᠦᠭᠳᠡᠯ ᠤᠯᠬᠤ》 ᠬᠠᠷᠠᠯᠲᠠ ᠢ᠋ᠢᠨ ᠲᠣᠭᠣᠷᠢᠨ ᠳ᠋ᠤ᠌᠂ ᠬᠠᠤᠯᠢᠵᠢᠯ ᠤ᠋ᠨ ᠬᠦᠴᠦᠨ ᠢ᠋ᠢᠡᠷ ᠬᠠᠤᠯᠢ ᠪᠠᠷᠢᠬᠤ ᠦᠨᠡᠨᠴᠢ ᠢᠲᠡᠭᠡᠮᠵᠢ ᠢ᠋ᠢᠨ ᠪᠠᠢᠭᠤᠯᠤᠯᠲᠠ ᠢ᠋ᠢ ᠪᠦᠬᠦ᠌ ᠬᠦᠴᠦᠨ ᠢ᠋ᠢᠡᠷ ᠠᠬᠢᠭᠤᠯᠵᠤ᠂ ᠬᠠᠤᠯᠢ ᠴᠠᠭᠠᠵᠠ ᠵᠢᠨ ᠢᠲᠡᠭᠡᠭᠦᠯᠬᠦ᠌ ᠬᠦᠴᠦᠨ ᠢ᠋ᠢᠡᠷ ᠠᠷᠠᠳ ᠤᠯᠠᠨ ᠤ᠋ ᠬᠠᠨᠤᠮᠵᠢ ᠢ᠋ᠢᠨ ᠬᠡᠮᠵᠢᠶᠡ ᠢ᠋ᠢ ᠲᠠᠰᠤᠷᠠᠯᠳᠡ ᠦᠭᠡᠢ ᠲᠡᠭᠡᠭᠰᠢᠯᠡᠬᠦᠯᠵᠤ ᠪᠠᠢᠨᠡ᠃
ᠬᠠᠢᠯᠠᠷ ᠲᠣᠭᠣᠷᠢᠭᠲᠤ᠂ ᠣᠯᠠᠨ ᠨᠡᠢᠲᠡ ᠢ᠋ᠢᠨ ᠡᠬᠢ ᠪᠠᠶᠠᠯᠢᠭ ᠤ᠋ᠨ ᠠᠷᠠᠯᠵᠢᠶᠠ ᠢ᠋ᠢᠨ ᠲᠥᠪ 《ᠦᠨᠡᠨᠴᠢ ᠢᠲᠡᠭᠡᠮᠵᠢ + ᠣᠯᠠᠨ ᠨᠡᠢᠲᠡ ᠢ᠋ᠢᠨ ᠡᠬᠢ ᠪᠠᠶᠠᠯᠢᠭ》 ᠤ᠋ᠨ ᠠᠷᠠᠯᠵᠢᠶᠠ ᠢ᠋ᠢᠨ ᠵᠠᠭ᠍ᠪᠤᠷ ᠢ᠋ ᠦᠷᠭᠦᠯᠵᠢᠯᠡᠨ ᠠᠬᠢᠭᠤᠯᠵᠤ᠂ ᠡᠯᠡ ᠲᠥᠷᠥᠯᠦᠨ ᠢᠲᠡᠭᠡᠮᠵᠢ ᠢ᠋ᠢᠨ ᠮᠡᠳᠡᠭᠡ ᠵᠠᠩᠭᠢ ᠢ᠋ᠢ ᠢᠯᠡ ᠪᠣᠯᠭᠠᠬᠤ ᠪᠠ ᠬᠡᠷᠡᠭ᠌ᠯᠡᠬᠦ᠌ ᠢ᠋ᠢ ᠴᠢᠩᠭᠠᠳᠬᠠᠨ᠂ ᠢᠲᠡᠭᠡᠮᠵᠢ ᠢ᠋ᠢᠨ ᠤᠬᠠᠭᠤᠯᠭᠠ ᠪᠡᠷ ᠣᠯᠠᠨ ᠨᠡᠢᠲᠡ ᠢ᠋ᠢᠨ ᠡᠬᠢ ᠪᠠᠶᠠᠯᠢᠭ ᠤ᠋ᠨ ᠠᠷᠠᠯᠵᠢᠶᠠ ᠳ᠋ᠤ᠌ ᠠᠭᠤᠰᠤᠯᠴᠠᠭᠤᠯᠵᠤ᠂ ᠲᠣᠰ ᠪᠡᠶᠡ ᠢ᠋ᠢᠨ ᠪᠠᠢᠭᠤᠯᠤᠯᠲᠠ ᠪᠡᠷ ᠠᠷᠠᠯᠵᠢᠶᠠ ᠢ᠋ᠢᠨ ᠭᠤᠤᠯ ᠴᠣᠭ᠍ᠴᠠ ᠢ᠋ᠢᠨ ᠠᠵᠢᠯᠯᠠᠭᠠ ᠢ᠋ᠢ ᠵᠢᠷᠤᠮᠵᠢᠭᠤᠯᠤᠨ᠂ ᠲᠤᠬᠠᠢᠯᠠᠭ᠍ᠰᠠᠨ ᠠᠵᠢᠯ ᠤ᠋ᠨ ᠠᠭᠤᠰᠤᠯᠴᠠᠯ ᠢ᠋ᠢᠡᠷ ᠠᠵᠤ ᠠᠬᠤᠢᠯᠠᠯ ᠤ᠋ᠨ ᠬᠦᠴᠢᠷ ᠢ᠋ ᠱᠢᠶ᠋ᠳᠪᠦᠷᠢᠯᠡᠨ ᠦᠷᠡ ᠠᠱᠢᠭ ᠢ᠋ ᠨᠡᠮᠡᠭ᠌ᠳᠡᠭᠦᠯᠬᠦ᠌ᠳᠦ ᠬᠦᠴᠦᠨ ᠨᠡᠮᠡᠷᠢᠯᠡᠵᠦ᠍᠂ ᠣᠯᠠᠨ ᠨᠡᠢᠲᠡ ᠢ᠋ᠢᠨ ᠡᠬᠢ ᠪᠠᠶᠠᠯᠢᠭ ᠤ᠋ᠨ ᠠᠷᠠᠯᠵᠢᠶᠠ ᠢ᠋ᠢᠨ ᠠᠵᠢᠯᠯᠠᠭᠠ ᠳᠤᠮᠳᠠᠬᠢ ᠦᠨᠡᠨᠴᠢ ᠢᠲᠡᠭᠡᠮᠵᠢ ᠢ᠋ᠢᠨ ᠪᠠᠢᠭᠤᠯᠤᠯᠲᠠ ᠢ᠋ᠢᠨ ᠦᠶ᠋ᠯᠡᠳᠦᠯ ᠢ᠋ ᠦᠨᠡᠨ ᠬᠦ᠌ ᠪᠠᠳᠠᠷᠠᠭᠤᠯᠪᠠ᠃
ᠣᠢᠷᠠ ᠳ᠋ᠤ᠌᠂ ᠡᠸᠡᠩᠬᠢ ᠦᠨᠳᠦᠰᠦᠲᠡᠨᠦ ᠥᠪᠡᠷᠲᠡᠭᠡᠨ ᠵᠠᠰᠠᠬᠤ ᠬᠣᠱᠢᠭᠤᠨ ᠤ᠋ ᠬᠠᠤᠯᠢ ᠴᠠᠭᠠᠵᠠ ᠢ᠋ᠢᠨ ᠲᠤᠰᠠᠯᠠᠮᠵᠢ ᠢ᠋ᠢᠨ ᠲᠥᠪ 1200 ᠲᠦᠮᠡ ᠭᠠᠷᠤᠶ ᠲᠥᠭᠥᠷᠢᠭᠲᠦ ᠬᠣᠯᠪᠣᠭ᠍ᠳᠠᠭ᠍ᠰᠠᠨ ᠨᠢᠭᠡᠨ ᠢᠯᠴᠢ ᠢ᠋ᠢᠨ ᠬᠦᠴᠦᠨᠦ ᠺᠣᠮᠫᠠᠨᠢ ᠢ᠋ᠢᠨ ᠵᠧᠸ᠋ ᠣᠪᠣᠭ᠍ᠲᠤ ᠵᠡᠷᠭᠡ 43 ᠬᠥᠯᠥᠰᠥᠨ ᠲᠠᠷᠢᠶᠠᠴᠢᠨ ᠳ᠋ᠦ᠍ ᠴᠠᠯᠢᠩ ᠥᠷᠢᠲᠦᠭ᠌ᠰᠡᠨ ᠬᠡᠷᠡᠭ ᠢ᠋ ᠠᠮᠵᠢᠯᠲᠠᠲᠠᠶ ᠱᠢᠶ᠋ᠳᠪᠦᠷᠢᠯᠡᠵᠦ᠍᠂ 《ᠬᠠᠤᠯᠢ ᠴᠠᠭᠠᠵᠠ ᠢ᠋ᠢᠨ ᠲᠤᠰᠠᠯᠠᠮᠵᠢ + ᠠᠷᠠᠳ ᠤ᠋ᠨ ᠡᠶᠡᠳᠡᠭᠦᠯᠭᠡ》 ᠢ᠋ᠢᠨ 《ᠠᠯᠭᠤᠷᠯᠡᠨ ᠡᠶᠡᠳᠡᠬᠦᠯᠬᠦ ᠢ᠋ᠢ ᠵᠣᠯᠭᠠᠭᠤᠯᠬᠤ》 ᠱᠢᠨᠡ ᠵᠠᠭ᠍ᠪᠤᠷ ᠢ᠋ ᠡᠬᠢᠯᠡᠭᠦᠯᠵᠦ᠍᠂ ᠬᠠᠤᠯᠢ ᠴᠠᠭᠠᠵᠠ ᠵᠢᠨ ᠢᠲᠡᠭᠡᠭᠦᠯᠬᠦ᠌ ᠬᠦᠴᠦᠨ ᠢ᠋ᠢᠡᠷ ᠬᠥᠯᠥᠰᠥᠨ ᠲᠠᠷᠢᠶᠠᠴᠢᠳᠤᠨ ᠡᠷᠬᠡ ᠠᠰᠢᠭᠢ ᠬᠠᠮᠠᠭᠠᠯᠠᠵᠠᠢ᠃
《ᠦᠨᠡᠨᠴᠢ ᠢᠲᠡᠭᠡᠮᠵᠢᠲᠡᠶᠪᠡᠷ ᠡᠶᠡᠳᠡᠭᠦᠯᠦᠭ᠌ᠰᠡᠨ ᠠᠮᠵᠢᠯᠲᠠᠲᠠᠶ ᠲᠤᠷᠱᠢᠯᠭᠠ ᠢ᠋ᠢ ᠲᠠᠰᠤᠷᠠᠯᠲᠠ ᠥᠬᠡᠶ ᠳ᠋ᠦᠩᠨᠡᠵᠦ᠍᠂ ᠠᠵᠢᠯᠯᠠᠬᠤ ᠠᠷᠭᠠᠪᠠᠨ ᠲᠡᠬᠦᠯᠳᠡᠷᠵᠢᠬᠦᠯᠵᠤ᠂ ᠡᠶᠡᠳᠡᠭᠦᠯᠬᠦ᠌ ᠴᠢᠳᠠᠪᠤᠷᠢᠪᠠᠨ ᠳᠡᠭᠡᠭ᠌ᠰᠢᠯᠡᠭᠦᠯᠵᠦ᠍᠂ ᠡᠷᠬᠡ ᠲᠡᠭ᠌ᠰᠢ ᠲᠥᠪ ᠭᠤᠤᠯᠴᠢ ᠪᠠᠢᠬᠤ ᠵᠠᠷᠴᠢᠮ ᠢ᠋ ᠪᠠᠷᠢᠮᠲᠠᠯᠠᠨ᠂ ᠵᠥᠷᠢᠴᠡᠯ ᠵᠠᠭᠤᠷᠠᠯᠳᠤᠭᠠᠨ ᠢ᠋ ᠱᠢᠶ᠋ᠳᠪᠦᠷᠢᠯᠡᠵᠦ᠍᠂ ᠨᠡᠢᠭᠡᠮᠦᠨ ᠵᠠᠰᠠᠯᠲᠠ ᠢ᠋ᠢᠨ ᠠᠮᠤᠷ ᠲᠣᠭ᠍ᠲᠠᠭᠤᠨ ᠪᠠᠢᠬᠤ ᠳ᠋ᠤ᠌ ᠬᠦᠴᠦᠨ ᠨᠡᠮᠡᠷᠢᠯᠡᠨᠡ》 ᠬᠡᠵᠤ ᠬᠥᠯᠥᠨ ᠪᠣᠢᠷ ᠬᠣᠲᠠ ᠢ᠋ᠢᠨ ᠵᠠᠷᠭᠤ ᠢ᠋ᠢᠨ ᠪᠤᠰᠤ ᠵᠠᠭᠤᠷᠠᠯᠳᠤᠭᠠᠨ ᠢ᠋ ᠡᠶᠡᠳᠡᠭᠦᠯᠦᠨ ᠱᠢᠶ᠋ᠳᠪᠦᠷᠢᠯᠡᠬᠦ᠌ ᠲᠥᠪᠦᠨ ᠯᠢ ᠶᠢᠩ ᠨᠠᠨ ᠶᠠᠷᠢᠵᠦ ᠪᠠᠢᠯᠠ᠂ ᠲᠠᠷᠠ 《ᠦᠨᠡᠨᠴᠢ ᠢᠲᠡᠭᠡᠮᠵᠢᠲᠡᠶᠡᠶᠡᠳᠡᠬᠦᠯᠬᠡ》 ᠢ᠋ᠢᠨ ᠲᠤᠬᠠᠶ ᠭᠦᠨᠵᠡᠭᠡᠶ ᠣᠢᠯᠠᠭᠠᠯᠲᠠᠲᠠᠶ ᠪᠠᠢᠯᠡ᠃
ᠣᠢᠷᠠ ᠢ᠋ᠢᠨ ᠵᠢᠯᠡᠴᠡ ᠨᠠᠭᠠᠰᠢ᠂ ᠬᠥᠯᠥᠨ ᠪᠣᠢᠷ ᠬᠣᠲᠠ ᠢ᠋ᠢᠨ ᠬᠠᠤᠯᠢ ᠴᠠᠭᠠᠵᠠ ᠢ᠋ᠢᠨ ᠲᠤᠰᠠᠯᠠᠮᠵᠢ ᠨᠢ 《ᠬᠡᠷᠲᠦᠨᠢ ᠬᠦᠷᠴᠦ᠍ ᠦᠶ᠋ᠯᠡᠴᠢᠯᠡᠬᠦ᠌》᠂ 《ᠬᠣᠲᠠ ᠢ᠋ᠢᠨ ᠬᠡᠪᠴᠢᠶᠡᠨᠳᠦ ᠨᠡᠢᠳᠡᠮ ᠭᠦᠶ᠋ᠴᠡᠳᠭᠡᠬᠦ᠌》᠂ 《ᠣᠷᠣᠨ ᠪᠦᠰᠡ ᠠᠯᠤᠰᠯᠠᠨ ᠬᠠᠮᠵᠢᠯᠴᠠᠨ ᠭᠦᠶ᠋ᠴᠡᠳᠭᠡᠬᠦ᠌》᠂ 《ᠠᠯᠭᠤᠷᠯᠠᠨ ᠡᠶᠡᠳᠡᠬᠦᠯᠬᠦ ᠢ᠋ᠢ ᠵᠣᠯᠭᠠᠭᠤᠯᠬᠤ》 ᠠᠷᠭᠠ ᠬᠡᠮᠵᠢᠶᠡ ᠪᠡᠷ ᠲᠤᠰᠠᠯᠠᠮᠵᠢ ᠢ᠋ᠢᠨ ᠬᠦᠷᠢᠶᠡ ᠬᠡᠪᠴᠢᠶᠡ ᠪᠠᠨ ᠥᠷᠭᠡᠳᠭᠡᠨ᠂ ᠭᠤᠶᠤᠴᠢᠯᠠᠬᠤ ᠠᠷᠭᠠ ᠵᠠᠮ ᠢ᠋ ᠱᠢᠯᠤᠭᠤᠳᠭᠠᠵᠤ᠂ ᠬᠢᠨᠠᠨ ᠪᠠᠢᠴᠠᠭᠠᠬᠤ ᠶᠠᠪᠤᠴᠡ ᠢ᠋ᠢ ᠳᠥᠭᠥᠮᠴᠢᠯᠡᠵᠦ᠍᠂ ᠬᠠᠤᠯᠢ ᠴᠠᠭᠠᠵᠠ ᠢ᠋ᠢᠨ ᠲᠤᠰᠠᠯᠠᠮᠵᠢ ᠬᠢᠭᠡᠳ ᠦᠨᠡᠨᠴᠢ ᠢᠲᠡᠭᠡᠮᠵᠢ ᠢ᠋ᠢᠨ ᠪᠠᠢᠭᠤᠯᠤᠯᠲᠠ ᠢ᠋ᠢᠨ ᠭᠦᠨᠵᠡᠭᠡᠶ ᠠᠭᠤᠰᠤᠯᠴᠠᠯ ᠢ᠋ ᠦᠷᠭᠦᠯᠵᠢᠯᠡᠨ ᠠᠬᠢᠭᠤᠯᠪᠠ᠃
ᠶᠠᠭ᠍ᠰᠢ ᠬᠤᠳᠠ ᠳ᠋ᠤ᠌᠂ ᠠᠷᠠᠳ ᠤ᠋ᠨ ᠪᠠᠢᠴᠠᠭᠠᠬᠤ ᠬᠤᠷᠢᠶᠡ ᠠᠵᠢᠯᠴᠢᠨ ᠤ᠋ ᠶᠡᠷᠦᠩᠬᠡᠢ ᠡᠪᠯᠡᠯ ᠲᠠᠢ ᠬᠠᠮᠵᠢᠯᠴᠠᠨ 《ᠨᠢᠭᠡ ᠵᠠᠬᠢᠳᠠᠯ ᠬᠣᠶᠠᠷ ᠪᠢᠴᠢᠭ》 ᠤ᠋ᠨ ᠲᠦᠷᠢᠮ ᠢ᠋ ᠬᠡᠷᠡᠭ᠌ᠯᠡᠵᠦ᠍᠂ 《ᠪᠠᠢᠴᠠᠭᠠᠯᠳᠠ + ᠠᠵᠢᠯᠴᠢᠨ ᠤ᠋ ᠡᠪᠯᠡᠯ》 ᠤ᠋ᠨ ᠬᠠᠮᠵᠢᠯᠴᠠᠭᠠᠨᠤ ᠲᠣᠭ᠍ᠲᠠᠴᠠ ᠢ᠋ᠢᠨ ᠲᠠᠯᠠ ᠪᠡᠷ ᠱᠢᠨᠡ ᠢ᠋ᠢ ᠡᠭᠦᠳᠴᠦ᠍᠂ 《ᠪᠠᠢᠴᠠᠭᠠᠯᠳᠡ ᠪᠡᠷ ᠦᠨᠡᠨᠴᠢ ᠢᠳᠡᠬᠡᠮᠵᠢ ᠢ᠋ᠢ ᠬᠠᠮᠠᠭᠠᠯᠠᠬᠤ》 ᠪᠠ 《ᠪᠠᠢᠴᠠᠭᠠᠯᠳᠡ ᠪᠡᠷ ᠠᠵᠤ ᠠᠬᠤᠢᠯᠠᠯ ᠢ᠋ ᠬᠠᠮᠠᠭᠠᠯᠠᠬᠤ》 ᠲᠤᠰᠭᠠᠢ ᠠᠵᠢᠯᠯᠠᠭᠠ ᠥᠷᠨᠢᠭᠦᠯᠵᠦ᠍᠂ ᠤᠯᠠᠨ ᠠᠵᠤ ᠠᠬᠤᠢᠯᠠᠯ ᠳ᠋ᠤ᠌ ᠠᠵᠢᠯᠴᠢᠨ ᠤ᠋ ᠡᠪᠯᠡᠯᠦᠨ ᠬᠠᠤᠯᠢ᠂ ᠬᠥᠳᠡᠯᠮᠦᠷᠢ ᠢ᠋ᠢᠨ ᠬᠠᠤᠯᠢ᠂ ᠨᠡᠢᠭᠡᠮᠦᠨ ᠳᠠᠭᠠᠳᠭᠠᠯ ᠤ᠋ᠨ ᠬᠠᠤᠯᠢ ᠵᠡᠷᠭᠡ ᠬᠠᠤᠯᠢ ᠴᠠᠭᠠᠵᠠ ᠲᠦᠷᠢᠮ ᠲᠣᠭ᠍ᠲᠠᠭᠠᠯ ᠢ᠋ ᠲᠤᠭᠤᠱᠢᠯᠠᠭᠤᠯᠤᠨ ᠬᠡᠷᠡᠭ᠌ᠵᠢᠭᠦᠯᠵᠦ᠍᠂ ᠪᠦᠬᠦ ᠲᠠᠯᠠ ᠪᠡᠷ 《ᠪᠡᠶᠡ ᠢ᠋ᠢᠨ ᠪᠠᠢᠴᠠᠭᠠᠯᠳᠡ》 ᠬᠢᠵᠤ᠂ ᠬᠥᠳᠡᠯᠮᠦᠷᠢᠴᠢᠨᠦ ᠬᠠᠤᠯᠢ ᠶᠣᠰᠣᠨ ᠤ᠋ ᠡᠷᠬᠡ ᠠᠱᠢᠭ ᠢ᠋ ᠬᠠᠮᠠᠭᠠᠯᠠᠪᠠ᠃
《ᠬᠠᠤᠯᠢ ᠶᠤᠰᠦᠭᠠᠷ ᠵᠠᠰᠠᠬᠤ ᠪᠤᠯ ᠬᠤᠳᠠᠯᠳᠤᠭᠠ ᠡᠷᠬᠢᠯᠡᠬᠦ ᠬᠠᠮᠤᠭ ᠤ᠋ᠨ ᠰᠠᠢ᠌ᠨ ᠣᠷᠴᠢᠨ ᠨᠥᠬᠥᠴᠡᠯ ᠮᠥᠨ》᠃ ᠡᠸᠡᠩᠬᠢ ᠦᠨᠳᠦᠰᠦᠲᠡᠨᠦ ᠥᠪᠡᠷᠲᠡᠭᠡᠨ ᠵᠠᠰᠠᠬᠤ ᠬᠣᠱᠢᠭᠤᠨ ᠤ᠋ ᠪᠠᠶᠠᠨᠲᠣᠬᠣᠢ ᠪᠠᠯᠭᠠᠰᠤᠨ ᠤ᠋ ᠰᠠᠢ ᠺᠧ ᠨᠡᠢᠭᠡᠮ ᠲᠣᠭᠣᠷᠢᠭ᠂ ᠬᠠᠢᠯᠠᠷ ᠲᠣᠭᠣᠷᠢᠭ ᠤ᠋ᠨ ᠱᠧᠩ ᠯᠢ ᠵᠡᠭᠡᠯᠢ ᠭᠤᠳᠤᠮᠵᠢ ᠢ᠋ᠢᠨ ᠱᠢᠨ ᠴᠦᠨ ᠨᠡᠢᠭᠡᠮ ᠲᠣᠭᠣᠷᠢᠭᠲᠤ ᠱᠢᠭᠦᠬᠦ᠌ ᠲᠤᠱᠢᠶᠠᠯᠲᠠᠨ ᠤ᠋ ᠠᠵᠢᠯ ᠤ᠋ᠨ ᠥᠷᠲᠡᠭᠡ ᠪᠠᠢᠭᠤᠯᠵᠤ᠂ ᠮᠡᠳᠡᠯᠭᠡ ᠢ᠋ᠢᠨ ᠥᠮᠴᠢᠯᠡᠯᠦᠨ ᠡᠷᠬᠡ ᠢ᠋ᠢᠨ ᠬᠠᠤᠯᠢᠵᠢᠯ ᠢ᠋ ᠪᠠᠳᠤᠯᠠᠬᠤ᠂ ᠠᠵᠤ ᠠᠬᠤᠢᠯᠠᠯ ᠤ᠋ᠨ 《ᠬᠤᠤᠰ ᠨᠡᠭᠦᠷᠡᠰᠦᠲᠥ᠋ᠷᠥᠭ᠌ᠴᠢ》 ᠢ᠋ᠢᠨ ᠬᠠᠷᠠᠯᠲᠠ ᠢ᠋ᠢ ᠠᠳᠭᠤᠬᠤ ᠳ᠋ᠤ᠌ ᠬᠦᠴᠦᠨ ᠨᠡᠮᠡᠷᠢᠯᠡᠬᠦ᠌᠂ ᠠᠵᠤ ᠠᠬᠤᠢᠯᠠᠯ ᠤ᠋ᠨ ᠵᠠᠷᠭᠤ ᠢ᠋ᠢᠨ ᠡᠷᠬᠡ ᠢ᠋ᠢ ᠬᠠᠮᠠᠭᠠᠯᠠᠬᠤ ᠵᠠᠮ ᠢ᠋ ᠱᠢᠯᠤᠭᠤᠳᠭᠠᠬᠤ ᠵᠡᠷᠭᠡ ᠲᠠᠯᠠ ᠪᠡᠷ ᠶᠡᠷᠦᠩᠬᠡᠢᠯᠡᠭ᠌ᠰᠡᠨ ᠠᠷᠭᠠ ᠪᠣᠳᠣᠯᠭᠠ ᠬᠡᠷᠡᠭ᠌ᠵᠢᠭᠦᠯᠵᠦ᠍᠂ ᠮᠡᠬᠡᠯᠡᠯ ᠥᠬᠡᠶ ᠨᠡᠢᠭᠡᠮ ᠲᠣᠭᠣᠷᠢᠭ ᠢ᠋ ᠬᠦᠴᠦᠯᠡᠨ ᠪᠠᠢᠭᠤᠯᠵᠤ᠂ ᠠᠷᠠᠳ ᠣᠯᠠᠨ ᠤ᠋ ᠡᠷᠭᠡ ᠠᠰᠢᠭᠢ ᠰᠠᠢᠳᠤᠷ ᠬᠠᠮᠠᠭᠠᠯᠠᠵᠤ ᠪᠠᠢᠨᠠ᠃
《ᠦᠨᠡᠨᠴᠢ ᠢᠲᠡᠭᠡᠮᠵᠢᠲᠡᠢ ᠪᠠᠢᠬᠤ ᠪᠣᠯ ᠬᠠᠤᠯᠢ ᠪᠠᠷᠢᠬᠤ ᠵᠠᠰᠠᠭ ᠵᠠᠬᠢᠷᠭᠠᠨ ᠤ᠋ ᠠᠵᠢᠯᠳᠠᠨ ᠤ᠋ ᠦᠨᠳᠦᠰᠦᠨ ᠬᠡᠪ ᠪᠣᠯᠪᠠᠰᠤᠷᠠᠯ ᠮᠥᠨ᠂ ᠲᠡᠷᠡ ᠨᠢ ᠬᠠᠤᠯᠢ ᠴᠠᠭᠠᠵᠠ ᠢ᠋ᠢᠨ ᠡᠷᠬᠡ ᠰᠦᠷ ᠪᠠ ᠢᠲᠡᠭᠡᠭᠦᠯᠬᠦ᠌ ᠬᠦᠴᠦᠨ ᠲᠠᠢ ᠬᠣᠯᠪᠣᠭ᠍ᠳᠠᠵᠤ᠂ ᠬᠠᠤᠯᠢ ᠴᠠᠭᠠᠵᠠ ᠢ᠋ᠢᠨ ᠦᠨᠡᠨᠴᠢ ᠱᠢᠳᠤᠷᠭᠤ ᠪᠠᠢᠬᠤ ᠢ᠋ᠢ ᠡᠷᠬᠢᠮᠯᠡᠨ ᠳᠡᠭᠡᠳᠦᠯᠡᠭ᠌ᠴᠢ᠂ ᠤᠬᠠᠮᠰᠠᠷᠠᠴᠠᠪᠠᠨ ᠵᠢᠷᠤᠮᠯᠠᠨ ᠰᠠᠬᠢᠭ᠍ᠴᠢ ᠪᠠ ᠡᠷᠡᠰ ᠪᠠᠲᠤ ᠬᠠᠮᠠᠭᠠᠯᠠᠭ᠍ᠴᠢ ᠪᠣᠯᠤᠭ᠍ᠰᠠᠨ ᠤ᠋ ᠬᠤᠪᠢ ᠳ᠋ᠤ᠌᠂ ᠭᠠᠭ᠍ᠴᠠ ᠬᠦ᠌ ᠦᠨᠡᠨᠴᠢ ᠢᠲᠡᠭᠡᠮᠵᠢᠲᠡᠢ ᠪᠠᠢᠬᠤ ᠢ᠋ᠢ ᠪᠠᠷᠢᠮᠲᠠᠯᠠᠪᠠᠯ ᠰᠠᠶᠢ ᠤᠯᠠᠨ ᠨᠡᠢᠲᠡ ᠢ᠋ᠢᠨ ᠢᠲᠡᠭᠡᠯ ᠪᠠ ᠬᠦᠨᠳᠦᠳᠭᠡᠯ ᠢ᠋ ᠣᠯᠵᠤ᠂ ᠰᠠᠶᠢ ᠬᠠᠤᠯᠢ ᠪᠠᠷᠢᠬᠤ ᠵᠠᠰᠠᠭ ᠵᠠᠬᠢᠷᠭᠠᠨ ᠤ᠋ ᠲᠤᠱᠢᠶᠠᠯ ᠬᠠᠷᠢᠭᠤᠴᠠᠯᠭᠠᠪᠠᠨ ᠪᠦᠲᠦᠮᠵᠢᠲᠡᠢ ᠭᠦᠢᠴᠡᠳᠭᠡᠵᠦ᠍ ᠴᠢᠳᠠᠨᠠ》 ᠬᠡᠵᠤ ᠬᠥᠯᠥᠨ ᠪᠤᠢ᠌ᠷ ᠬᠤᠳᠠ ᠢ᠋ᠢᠨ ᠬᠠᠤᠯᠢ ᠴᠠᠭᠠᠵᠠ ᠢ᠋ᠢᠨ ᠲᠤᠪᠴᠢᠶᠡ ᠶ᠋ᠢᠨ ᠵᠢᠶᠠᠩ ᠢᠦᠢ ᠱᠠᠨ ᠲᠥᠪ ᠭᠣᠣᠯᠴᠢ ᠪᠡᠷ ᠬᠠᠤᠯᠢ ᠪᠠᠷᠢᠬᠤ ᠢ᠋ᠢ ᠪᠠᠲᠤᠯᠠᠵᠤ᠂ ᠬᠠᠤᠯᠢ ᠴᠠᠭᠠᠵᠠ ᠢ᠋ᠢᠨ ᠢᠲᠡᠭᠡᠭᠦᠯᠬᠦ᠌ ᠬᠦᠴᠦᠨ ᠢ᠋ ᠬᠡᠷᠬᠢᠨ ᠳᠡᠭᠡᠭ᠌ᠰᠢᠯᠡᠭᠦᠯᠬᠦ᠌ ᠲᠤᠬᠠᠢ ᠥᠪᠡᠷᠦᠨ ᠦᠵᠡᠯᠲᠡᠪᠡᠨ ᠬᠤᠪᠢᠶᠠᠯᠴᠠᠨᠡ᠃
ᠬᠠᠤᠯᠢ ᠴᠠᠭᠠᠵᠠ ᠵᠢᠨ ᠢᠲᠡᠭᠡᠭᠦᠯᠬᠦ᠌ ᠬᠦᠴᠦᠨ ᠨᠢ ᠠᠷᠠᠳ ᠤ᠋ᠨ ᠠᠮᠢᠳᠤᠷᠠᠯ ᠤ᠋ᠨ ᠠᠵᠠ ᠵᠢᠷᠭᠠᠯ ᠪᠠ ᠨᠡᠢᠭᠡᠮᠦᠨ ᠲᠥᠪ ᠭᠣᠣᠯᠴᠢ ᠱᠢᠳᠤᠷᠭᠤ ᠶᠣᠰᠣ ᠳᠤ ᠬᠣᠯᠪᠣᠭ᠍ᠳᠠᠵᠤ ᠪᠠᠢᠳᠠᠭ᠃ ᠲᠡᠭᠡᠷᠠ ᠬᠠᠭᠠᠰ ᠵᠢᠯᠳᠦ᠂ ᠬᠥᠯᠥᠨ ᠪᠣᠢᠷ ᠬᠣᠲᠠ ᠬᠠᠤᠯᠢ ᠴᠠᠭᠠᠵᠠ ᠵᠢᠨ ᠢᠳᠡᠬᠡᠬᠦᠯᠬᠦ ᠬᠦᠴᠦᠨ ᠢ᠋ ᠳᠡᠭᠡᠭ᠌ᠰᠢᠯᠡᠭᠦᠯᠬᠦ᠌ ᠣᠨ ᠤ᠋ 《ᠲᠠᠪᠤᠨ ᠨᠢᠭᠡ》 ᠠᠵᠢᠯᠯᠠᠭᠠ ᠢ᠋ᠢ ᠥᠷᠨᠢᠭᠦᠯᠵᠦ᠍᠂ 300 ᠭᠠᠷᠤᠶ ᠬᠡᠷᠡᠭᠦᠨ ᠵᠢᠱ᠌ᠢᠶᠡ ᠢ᠋ᠢ ᠵᠣᠬᠢᠶᠠᠨ ᠪᠠᠢᠭᠤᠯᠤᠨ ᠮᠡᠳᠡᠭᠦᠯᠦᠨ ᠬᠦᠷᠭᠡᠵᠦ᠍᠂ 28 ᠬᠤᠪᠢ ᠬᠠᠤᠯᠢ ᠴᠠᠭᠠᠵᠠ ᠢ᠋ᠢᠨ ᠰᠠᠨᠠᠭᠤᠯᠭᠠ ᠬᠤᠷᠢᠶᠠᠪᠠ᠃ ᠤᠳᠤᠬᠠᠨᠳᠤ ᠬᠠᠤᠯᠢ ᠴᠠᠭᠠᠵᠠ ᠢ᠋ᠢᠨ ᠦᠢᠯᠡᠴᠢᠯᠡᠭᠡᠨᠦ ᠠᠵᠢᠯᠲᠠᠳ ᠤ᠋ᠨ ᠶᠠᠭᠠᠷᠠᠯᠲᠠᠢ ᠠᠵᠢᠯᠯᠠᠵᠤ᠂ ᠵᠠᠷᠢᠮ ᠨᠢ ᠬᠠᠯᠠᠮᠱᠢᠯ ᠤᠲᠠᠰᠤ ᠪᠡᠷ ᠬᠠᠤᠯᠢ ᠴᠠᠭᠠᠵᠠ ᠢ᠋ᠢᠨ ᠯᠠᠪᠯᠠᠭᠠ ᠥᠷᠨᠢᠭᠦᠯᠵᠦ᠍᠂ ᠵᠠᠷᠢᠮ ᠨᠢ ᠰᠦᠯᠵᠢᠶᠡᠨᠦ ᠮᠡᠷᠭᠡᠵᠢᠯ ᠢ᠋ ᠠᠱᠢᠭ᠍ᠯᠠᠨ ᠤᠯᠠᠨ ᠲᠦᠮᠡᠨᠳᠦ ᠠᠯᠤᠰ ᠡᠵᠡᠮᠱᠢᠯᠳᠤ ᠸᠢᠳᠢᠣ᠋ ᠪᠡᠷ ᠠᠯᠪᠠᠨ ᠭᠡᠷᠡᠴᠢᠯᠡᠭᠡ ᠬᠢᠵᠦ᠍᠂ ᠵᠠᠷᠢᠮ ᠨᠢ ᠲᠠᠷᠢᠶᠠᠨ ᠭᠠᠵᠠᠷᠲᠤ ᠬᠦᠷᠴᠦ᠍ ᠤᠯᠠᠨ ᠲᠦᠮᠡᠨ ᠢ᠋ ᠬᠠᠪᠰᠤᠷᠤᠨ ᠵᠥᠷᠢᠴᠡᠯ ᠵᠠᠭᠤᠷᠠᠯᠳᠤᠭᠠᠨ ᠢ᠋ ᠱᠢᠢᠳᠪᠦᠷᠢᠯᠡᠨᠡ ᠁ ᠳᠥᠭᠥᠮ ᠳᠥᠲᠡ ᠥᠨᠳᠥᠷ ᠪᠦᠲᠦᠮᠵᠢᠲᠡᠢ᠂ ᠠᠳᠠᠯᠢ ᠲᠡᠭ᠌ᠰᠢ ᠲᠦᠬᠡᠮᠡᠯ ᠠᠱᠢᠭ ᠬᠦᠷᠲᠡᠭᠡᠬᠦ᠌ ᠤᠯᠠᠨ ᠨᠡᠢᠲᠡ ᠢ᠋ᠢᠨ ᠬᠠᠤᠯᠢ ᠴᠠᠭᠠᠵᠠ ᠢ᠋ᠢᠨ ᠦᠢᠯᠡᠴᠢᠯᠡᠭᠡ ᠨᠢ ᠤᠯᠠᠨ ᠲᠦᠮᠡᠨᠳᠦ ᠬᠠᠤᠯᠢᠵᠢᠯ ᠤ᠋ᠨ ᠬᠠᠢᠷᠠ ᠬᠠᠯᠠᠮᠵᠢ ᠢ᠋ᠢ ᠦᠨᠡᠨ ᠬᠦ᠌ ᠮᠡᠳᠡᠷᠡᠬᠦᠯᠤᠨᠠ᠃