ᠭᠡᠬᠦᠦ ᠵᠢᠨ ᠰᠦ᠂ ᠢᠮᠠᠭᠠᠨ ᠰᠦ ᠪᠤᠯ ᠮᠦᠨ ᠴᠸ᠋ ᠮᠠᠨ᠎ᠦ ᠤᠷᠤᠨ᠎ᠦ ᠤᠯᠠᠮᠵᠢᠯᠠᠯᠳᠤ ᠴᠠᠭᠠᠨ ᠢᠳᠡᠭᠡ ᠦᠢᠯᠡᠳᠪᠤᠷᠢᠯᠡᠨ ᠪᠤᠯᠪᠠᠰᠤᠷᠠᠭᠤᠯᠬᠤ ᠴᠢᠬᠤᠯᠠ ᠲᠦᠷᠦᠯ ᠵᠤᠢᠯ ᠪᠤᠯᠤᠨ᠎ᠠ᠃ ᠳᠡᠭᠡᠪᠡᠯ ᠭᠡᠬᠦᠦ ᠰᠠᠭᠠᠵᠦ ᠴᠡᠭᠡ ᠪᠤᠯᠪᠠᠰᠤᠷᠠᠭᠤᠯᠬᠤ᠂ ᠰᠠᠭᠠᠯᠢ ᠵᠢᠨ ᠢᠮᠠᠭ᠎ᠠ ᠳᠡᠵᠢᠭᠡᠵᠦ ᠰᠢᠨ᠎ᠠ ᠪᠦᠳᠦᠭᠡᠭᠳᠡᠬᠦᠨ ᠦᠢᠯᠡᠳᠬᠦ ᠳᠠᠯ᠎ᠠ ᠪᠡᠷ ᠮᠠᠨ᠎ᠦ ᠤᠷᠤᠨ ᠶᠠᠮᠠᠷ ᠳᠠᠪᠠᠭᠤᠯᠢᠭ ᠪᠠ ᠦᠪᠡᠷᠮᠢᠴᠠ ᠤᠨᠴᠠᠯᠢᠭ ᠳᠠᠢ ᠪᠤᠢ? ᠰᠤᠷᠪᠤᠯᠵᠢᠯᠠᠭᠴᠢ ᠠᠪᠠᠭ᠎ᠠ ᠬᠤᠰᠢᠭᠤ ᠪᠤᠯᠤᠨ ᠬᠠᠩᠬᠢᠨ ᠬᠤᠰᠢᠭᠤ ᠪᠡᠷ ᠬᠦᠨᠵᠡᠭᠡᠢᠷᠡᠵᠦ᠂ ᠴᠡᠭᠡ ᠵᠢᠨ ᠦᠢᠯᠡᠰ ᠪᠤᠯᠤᠨ ᠰᠠᠭᠠᠯᠢ ᠵᠢᠨ ᠢᠮᠠᠭ᠎ᠠ ᠳᠡᠵᠢᠭᠡᠬᠦ ᠦᠢᠯᠡᠰ᠎ᠢ ᠰᠤᠷᠪᠤᠯᠵᠢᠯᠠᠭᠰᠠᠨ ᠪᠢᠯᠡ᠃
ᠪᠤᠷᠤ᠎ᠳᠤ ᠵᠢᠨ ᠲᠡᠨᠵᠢᠨ ᠳ᠋ᠡᠬᠢ ᠴᠠᠭᠡ ᠱᠤᠤᠬᠢᠭᠰᠠᠨ ᠠᠢᠯ — ᠠᠬ᠎ᠠ ᠲᠡᠬᠦᠤ ᠭᠤᠷᠪᠠᠭᠤᠯᠠ᠎ᠶᠢᠨ ᠵᠢᠳᠬᠦᠯ ᠬᠢᠭᠡᠳ ᠰᠠᠷ᠎ᠠ᠎ᠵᠢᠨ 1000 ᠵᠢᠡᠭ ᠴᠡᠭᠡ ᠵᠢᠨ ᠪᠤᠷᠤᠯᠠᠭᠤᠯᠭ᠎ᠠ
ᠬᠠᠷ᠎ᠠ ᠡᠬᠦᠯᠡ ᠰᠤᠷᠮᠤᠤᠰᠤ ᠳᠠᠷᠤᠨ ᠨᠡᠳᠦᠢᠵᠦ᠂ ᠤᠷᠤᠢᠳᠠᠭᠰᠠᠨ ᠨᠠᠮᠤᠷ᠎ᠤᠨ ᠪᠤᠷᠤᠭᠠᠨ ᠠᠷᠢᠯᠬᠤ ᠰᠢᠨᠵᠢ ᠦᠬᠡᠢ ᠨᠢ᠂ ᠨᠠᠮᠤᠷ᠎ᠤᠨ ᠡᠬᠢᠨ᠎ᠤ ᠡᠳᠦᠷ ᠪᠢᠳᠡ ᠤᠰᠤ ᠱᠢᠪᠠᠷ ᠲᠠᠢ ᠵᠠᠮ᠎ᠢᠶᠡᠷ ᠬᠠᠭᠠᠰ ᠴᠠᠭ ᠬᠢᠷᠢᠳᠡᠢ ᠰᠠᠵᠢᠯᠠᠭᠤᠯᠤᠭᠰᠠᠭᠠᠷ ᠠᠪᠠᠭ᠎ᠠ ᠬᠤᠰᠢᠭᠤᠨ᠎ᠤ ᠬᠤᠩᠭᠤᠷᠭᠤᠤᠯ ᠪᠠᠯᠭᠠᠰᠤᠨ᠎ᠤ ᠠᠯᠳᠠᠨᠲᠦ᠋ᠬᠦᠷᠢᠭ ᠭᠠᠴᠠᠭᠠᠨ᠎ᠤ ᠪᠡᠷᠢᠴᠡᠴᠡᠭᠤᠨ ᠬᠢᠨ᠎ᠳᠦ ᠬᠦᠷᠦᠯ᠎ᠠ᠃
ᠪᠤᠷᠤ᠎ᠳᠤ ᠵᠢᠨ ᠲᠡᠨᠵᠢ ᠳ᠋ᠤ ᠰᠢᠯᠢ ᠵᠤ ᠳᠠᠭᠠᠵᠦ ᠨᠤᠳᠤᠭᠯᠠᠭᠰᠠᠨ ᠳᠡᠳᠡᠨᠡᠢᠬᠢᠨ ᠪᠡᠯᠴᠢᠭᠡᠷ ᠲᠤᠮᠳᠠ ᠪᠠᠨ ᠰᠠᠭᠤᠷᠢᠰᠢᠵᠦ ᠂ ᠠᠳᠤᠭᠤ ᠦᠬᠡᠷ ᠬᠤᠨᠢᠳ ᠨᠢ ᠢᠷᠠᠢᠨ ᠪᠡᠯᠴᠢᠵᠦ᠂ ᠠᠮᠤᠭᠤᠯᠠᠩ ᠬᠦᠳᠡᠭᠡ᠎ᠶᠢᠨ ᠳᠠᠢᠪᠤᠩ ᠠᠮᠢᠳᠤᠷᠠᠯ᠎ᠤᠨ ᠰᠢᠨᠵᠢ᠎ᠵᠢ ᠪᠦᠷᠢᠨ ᠬᠠᠷᠠᠭᠤᠯᠤᠨ᠎ᠠ᠃
— ᠡᠨᠡ ᠵᠢᠯ ᠵᠤᠨ᠎ᠤ ᠰᠡᠬᠦᠯᠴᠢ᠎ᠶᠢᠨ ᠪᠤᠷᠤᠭᠠᠨ᠎ᠢᠶᠡᠷ ᠨᠤᠲᠤᠭ ᠰᠠᠢᠬᠠᠨ ᠰᠡᠷᠬᠦᠭᠰᠡᠨ ᠡ᠃ ᠬᠤᠷ᠎ᠠ ᠪᠤᠷᠤᠭᠠᠨ ᠳᠡᠭᠰᠢ ᠪᠤᠯᠪᠠᠯ᠂ ᠮᠠᠨ᠎ᠤ ᠮᠠᠯᠴᠢᠳ᠎ᠤᠨ ᠮᠠᠩᠨᠠᠢ ᠲᠡᠨᠢᠢᠴᠢᠬᠡᠨᠠ ᠰᠢᠦ ᠭᠡᠵᠦ ᠪᠡᠷᠢᠴᠡᠴᠡᠭ ᠬᠡᠯᠡᠵᠦ ᠰᠠᠭᠤᠨ᠎ᠠ᠃
ᠬᠡᠬᠦᠦ ᠰᠠᠭᠠᠬᠤ ᠪᠤᠯᠬᠤ᠎ᠳᠦ᠂ ᠠᠭᠤᠵᠢᠮ ᠲᠤᠮᠤᠬᠠᠨ ᠫᠧᠩ᠎ᠳᠤ ᠬᠡᠬᠦᠦ ᠨᠤᠬᠦᠳ ᠰᠤᠷᠮᠠᠭᠠᠢ ᠭᠡᠭᠴᠢ ᠪᠡᠷ ᠤᠷᠤᠪᠠ᠃ ᠪᠡᠷᠢᠴᠡᠴᠡᠭ ᠨᠦᠬᠦᠷ ᠲᠠᠢ ᠪᠠᠨ ᠬᠤᠶᠠᠭᠤᠯᠠ ᠭᠡᠭᠦᠦ ᠰᠠᠭᠠᠬᠤ ᠮᠠᠰᠢᠨ᠎ᠢᠶᠡᠨ ᠨᠡᠭᠡᠭᠡᠵᠦ᠂ ᠤᠳᠠᠵᠦ ᠲᠦᠳᠡᠯᠦᠬᠡᠢ ᠠᠷᠪᠠᠭᠠᠳ ᠬᠡᠬᠦᠦ᠎ᠪᠠᠨ ᠰᠠᠭᠠᠵᠦ ᠳᠠᠭᠤᠰᠬᠠᠪᠠ᠃ 《ᠬᠡᠬᠦᠦ ᠰᠠᠭᠠᠬᠤ ᠠᠵᠢᠯ ᠶᠡᠬᠡᠳᠡᠢ᠂ ᠡᠳᠦᠷ᠎ᠲᠦ 4 -5 ᠤᠳᠠᠭ᠎ᠠ ᠰᠠᠭᠠᠨ᠎ᠠ᠂ ᠴᠡᠬᠡ ᠪᠠᠨ ᠪᠠᠢᠨ ᠳᠠᠬᠢᠨ ᠪᠦᠯᠢᠵᠦ ᠪᠠᠢᠳᠠᠭ ᠶᠤᠮ ᠪᠤᠯᠬᠤᠷ ᠨᠢᠭᠡ ᠵᠤᠨᠵᠢᠨ ᠢᠩᠬᠢᠭᠡᠳ ᠦᠩᠭᠡᠷᠡᠬᠦᠯᠴᠢᠬᠡᠳᠡᠭ》 ᠭᠡᠵᠦ ᠪᠡᠷᠢᠴᠡᠴᠡᠭ ᠴᠡᠭᠡ ᠪᠠᠨ ᠱᠤᠤᠬᠢᠳᠠᠯᠠ ᠪᠦᠯᠢᠬᠦ᠎ᠶᠢᠨ ᠳᠠᠭᠠᠤ ᠶᠠᠷᠢᠨ᠎ᠠ᠃ ᠲᠡᠭᠡᠬᠦ᠎ᠳᠤ ᠬᠦᠮᠦᠨ᠎ᠤ ᠬᠦᠴᠦ ᠬᠦᠷᠦᠯᠴᠡᠭᠡ ᠮᠠᠭᠤᠳᠠᠢ ᠪᠠᠢᠬᠤ᠎ᠳᠦ᠎ᠨᠢ ᠬᠤᠰᠢᠭᠤᠨ ᠡᠴᠡ᠎ᠨᠢ ᠫᠧᠩ ᠬᠤᠷᠤᠭ᠎ᠠ ᠪᠠᠷᠢᠵᠦ᠂ ᠮᠠᠰᠢᠨ ᠲᠦᠬᠦᠭᠡᠷᠦᠮᠵᠢᠠᠪᠴᠤ ᠦᠭᠬᠦᠭᠰᠡᠨ ᠨᠢ ᠦᠨᠡᠬᠡᠷ ᠲᠤᠰᠠ ᠪᠤᠯᠵᠠᠢ᠃
ᠵᠢᠯ᠎ᠤᠨ ᠦᠩᠭᠡ ᠰᠠᠢᠨ᠂ ᠬᠡᠬᠦᠦ ᠨᠢ ᠡᠷᠳᠡ ᠤᠨᠠᠭᠠᠯᠠᠬᠤ ᠪᠡᠷ 6 ᠰᠠᠷ᠎ᠠ᠎ᠶᠢᠨ ᠦᠶ᠎ᠠ ᠪᠡᠷ ᠬᠡᠬᠦᠦ ᠪᠠᠨ ᠪᠠᠷᠢᠵᠦ᠂ ᠨᠠᠮᠤᠷ ᠨᠢ ᠬᠡᠬᠦᠦ ᠪᠤᠯᠤᠨ ᠤᠨᠠᠭ᠎ᠠ᠎ᠶᠢᠨ ᠬᠦᠴᠦ ᠳᠠᠷᠭᠤ᠎ᠵᠢ ᠲᠡᠩᠴᠡᠬᠦᠯᠬᠦ᠎ᠵᠢ ᠪᠤᠳᠤᠵᠦ᠂ 10 ᠰᠠᠷ᠎ᠠ᠎ᠶᠢᠨ ᠡᠬᠢ ᠪᠡᠷ ᠤᠨᠠᠭ᠎ᠠ ᠪᠠᠨ ᠳᠠᠯᠪᠢᠴᠢᠬᠠᠳᠠᠭ᠃ ᠡᠳᠦᠷ᠎ᠤᠨ ᠰᠠᠭᠠᠭᠰᠠᠨ ᠰᠠᠭᠠᠮ᠎ᠠ ᠪᠠᠨ ᠪᠦᠯᠢᠵᠦ ᠴᠡᠭᠡ ᠪᠤᠯᠭᠠᠭᠠᠳ ᠤᠷᠤᠢ ᠨᠢ ᠶᠡᠬᠡ ᠳᠡᠬᠦᠦ ᠢᠳᠡᠷᠬᠦᠦ ᠨᠢ ᠰᠢᠯᠢᠩᠬᠤᠳᠠ᠎ᠳᠦ ᠬᠦᠷᠴᠦ᠂ ᠡᠳ᠋ ᠪᠠᠷᠠᠭᠠᠨ᠎ᠤ ᠬᠦᠢᠯᠭᠡᠭᠡ ᠪᠡᠷ ᠬᠦᠬᠡᠬᠤᠳᠠ ᠵᠦᠭ ᠶᠠᠪᠤᠭᠤᠯᠪᠠᠯ ᠪᠠᠭ᠎ᠠ ᠳᠡᠬᠦᠦ ᠦᠰᠬᠦᠪᠤᠶᠠᠨ ᠨᠢ ᠲᠤᠰᠴᠤ ᠠᠪᠤᠭᠠᠳ ᠬᠡᠷᠡᠭᠯᠡᠭᠴᠢᠳ᠎ᠲᠦ ᠬᠦᠷᠭᠡᠵᠦ ᠦᠭᠳᠡᠭ ᠪᠠᠢᠯ᠎ᠠ᠃
ᠦᠰᠬᠦᠪᠤᠶᠠᠨᠤ ᠬᠢᠨ ᠢᠩᠬᠢᠵᠦ ᠡᠭᠡᠴᠢ ᠪᠡᠷᠢᠴᠡᠴᠡᠭ᠂ ᠠᠬ᠎ᠠ ᠢᠳᠡᠷᠬᠦᠦ ᠲᠠᠢ ᠪᠠᠨ ᠭᠤᠷᠪᠠᠭᠤᠯᠠ ᠬᠤᠷᠰᠢᠶᠠᠵᠢᠯ ᠪᠠᠢᠭᠤᠯᠤᠨ᠂ 6000 ᠭᠠᠷᠤᠢ ᠮᠣ᠌ ᠪᠡᠯᠴᠢᠭᠡᠷ ᠲᠡᠭᠡᠨ 40 ᠭᠠᠷᠤᠢ ᠠᠳᠤᠭᠤ ᠮᠠᠯᠵᠢᠵᠦ᠂ ᠵᠢᠯ᠎ᠳᠡᠭᠡᠨ 10 ᠭᠠᠷᠤᠢ ᠭᠡᠬᠦᠦ ᠰᠠᠭᠠᠵᠦ ᠴᠡᠭᠡ ᠪᠤᠷᠤᠯᠠᠭᠤᠯᠵᠦ᠂ ᠦᠨᠢᠷ ᠦᠳᠬᠡᠨ ᠠᠮᠢᠳᠤᠷᠠᠵᠦ ᠪᠠᠢᠳᠠᠭ᠃
2012 ᠤᠨ ᠡᠴᠡ ᠡᠬᠢᠯᠡᠭᠡᠳ ᠡᠭᠡᠴᠢ ᠲᠡᠬᠦᠦ ᠭᠤᠷᠪᠠᠭᠤᠯᠠ ᠪᠠᠨ ᠮᠠᠯ ᠪᠡᠯᠴᠢᠬᠡᠷ᠎ᠢᠶᠡᠨ ᠳᠡᠩᠴᠡᠬᠦᠷᠢᠳᠡᠢ ᠪᠤᠯᠭᠠᠨ᠂ ᠠᠳᠤᠭᠤ ᠮᠠᠯᠵᠢᠬᠤ ᠪᠡᠷ ᠭᠤᠤᠯᠯᠠᠨ᠂ ᠬᠡᠬᠦᠦ ᠰᠠᠭᠠᠵᠦ ᠴᠡᠭᠡ ᠢᠰᠬᠡᠨ᠂ ᠬᠦᠬᠡᠬᠤᠳᠠ᠎ᠳᠤ ᠴᠡᠭᠡ ᠪᠤᠷᠤᠯᠠᠭᠤᠯᠵᠦ ᠡᠬᠢᠯᠡᠵᠡᠢ᠃ ᠳᠡᠭᠡᠬᠦ᠎ᠳᠦ ᠬᠡᠷᠡᠭᠯᠡᠭᠴᠢᠳ ᠠᠭᠠᠵᠢᠮ᠎ᠢᠶᠡᠷ ᠴᠡᠭᠡ᠎ᠶᠢᠨ ᠡᠮᠴᠢᠯᠡᠬᠡᠨ᠎ᠤ ᠠᠴᠢ ᠲᠤᠰᠠ᠎ᠵᠢ ᠮᠡᠳᠡᠷᠡᠨ᠂ ᠴᠡᠭᠡ ᠤᠤᠭᠤᠬᠤ ᠬᠦᠮᠦᠨ ᠤᠯᠠᠰᠢᠷᠠᠵᠦ ᠳᠡᠳᠡᠨ᠎ᠤ ᠪᠤᠷᠤᠯᠠᠭᠤᠯᠭ᠎ᠠ ᠰᠠᠢᠵᠢᠷᠠᠵᠠᠢ᠃ 2020 ᠤᠨ ᠪᠤᠯᠬᠤ᠎ᠳᠦ ᠦᠪᠡᠷ᠎ᠤᠨ ᠲᠠᠧᠠᠷ᠎ᠤᠨ ᠳᠡᠮᠳᠡᠭ᠎ᠢᠶᠡᠨ ᠳᠠᠩᠰᠠᠯᠠᠭᠤᠯᠵᠦ᠂ ᠬᠡᠷ ᠪᠦᠯᠢ᠎ᠶᠢᠨ ᠮᠠᠯᠵᠢᠯ᠎ᠤᠨ ᠳᠠᠯᠠᠪᠠᠢ ᠪᠠᠨ ᠪᠠᠢᠭᠤᠯᠤᠨ᠂ ᠵᠠᠬ᠎ᠠ ᠳᠡᠯᠬᠡᠬᠦᠷ᠎ᠲᠦ ᠦᠪᠡᠷ᠎ᠤᠨ ᠱᠤᠰᠢᠭ᠎ᠠ ᠳᠡᠮᠳᠡᠭ ᠲᠠᠢ ᠪᠤᠷᠤᠯᠠᠭᠤᠯᠵᠦ ᠡᠬᠢᠯᠡᠵᠡᠢ᠃
ᠵᠤᠨ᠎ᠤ ᠢᠳᠡ ᠤᠯᠠᠷᠢᠯ᠎ᠳᠤ ᠲᠡᠳᠡ ᠬᠦᠬᠡᠬᠤᠳᠠ᠎ᠳᠤ ᠡᠳᠦᠷ᠎ᠲᠦ 200 ᠰᠢᠬᠠᠮ ᠵᠢᠩ ᠴᠡᠭᠡ ᠪᠤᠷᠤᠯᠠᠭᠤᠯᠵᠦ᠂ ᠰᠠᠷ᠎ᠠ᠎ᠳᠠᠭᠠᠨ ᠲᠡᠭᠰᠢᠳᠭᠡᠭᠡᠳ 1000 ᠵᠢᠡᠭ᠂ᠪᠦᠬᠦ ᠵᠢᠯ᠎ᠳᠡᠭᠡᠨ 6 ᠲᠤᠨ ᠴᠡᠭᠡ ᠵᠠᠷᠤᠳᠠᠭ᠃ ᠤᠳᠤ ᠳᠡᠳᠡᠨ᠎ᠤ ᠬᠢᠨ ᠬᠦᠬᠡᠬᠤᠳᠠ ᠵᠢᠨ 30 ᠭᠠᠷᠤᠢ ᠴᠠᠭᠠᠨ ᠢᠳᠡᠭᠡᠨ᠎ᠤ ᠳᠡᠯᠭᠡᠬᠦᠷ᠂ 20 ᠭᠠᠷᠤᠢ ᠬᠤᠭᠤᠯᠠᠨ ᠭᠡᠷ᠎ᠲᠠᠢ ᠬᠠᠮᠳᠤᠷᠠᠯᠴᠠᠨ᠂ ᠤᠷᠤᠨ᠎ᠤ ᠭᠠᠳᠠᠨᠠᠬᠢ ᠬᠡᠳᠦᠨ ᠡᠮᠴᠢᠯᠡᠬᠡᠨ᠎ᠤ ᠪᠠᠢᠭᠤᠯᠤᠮᠵᠢ᠎ᠶᠢᠨ ᠴᠡᠭᠡ ᠵᠠᠰᠠᠯ᠎ᠳᠦ ᠬᠡᠷᠡᠭᠯᠡᠬᠦ ᠴᠡᠭᠡᠵᠢ ᠲᠤᠭᠳᠠᠮᠠᠯ ᠬᠠᠩᠭᠠᠳᠠᠭᠢᠶᠡᠷᠢᠶᠡᠨ ᠳᠡᠳᠡᠨ᠎ᠤ ᠴᠡᠭᠡ᠎ᠶᠢᠨ ᠪᠤᠷᠤᠯᠠᠭᠤᠯᠭ᠎ᠠ ᠲᠤᠭᠳᠠᠪᠤᠷᠢᠳᠠᠢ ᠪᠤᠯᠵᠠᠢ᠃ ᠢᠯᠠᠩᠭᠤᠶ᠎ᠠ ᠬᠦᠬᠡᠨᠠᠭᠤᠷ᠂ ᠲᠦᠪᠡᠳ᠂ ᠰᠢᠨᠵᠢᠶᠠᠩ᠎ᠤᠨ ᠬᠡᠷᠡᠭᠯᠡᠭᠴᠢᠳ 2020 ᠤᠨ ᠡᠴᠡ ᠡᠬᠢᠯᠡᠭᠡᠳ ᠠᠪᠠᠭ᠎ᠠ ᠴᠠᠭᠡᠵᠢ ᠶᠡᠬᠡᠪᠡᠷ ᠮᠡᠳᠡᠷᠡᠵᠦ᠂ ᠵᠠᠬᠢᠶᠠᠯᠠᠭ᠎ᠠ ᠤᠯᠠᠰᠢᠷᠠᠭᠰᠠᠨ᠎ᠢᠶᠡᠷ᠂ ᠬᠤᠯᠠ ᠵᠠᠮ᠎ᠤᠨ ᠵᠦᠭᠡᠭᠡᠪᠦᠷᠢ᠎ᠶᠢᠨ ᠠᠰᠠᠭᠤᠳᠠᠯ ᠤᠯᠠᠮ ᠲᠤᠪᠤᠢᠮ᠎ᠠ ᠪᠤᠯᠵᠠᠢ᠃
— ᠴᠡᠭᠡ ᠵᠠᠷᠤᠬᠤ᠎ᠳᠦ ᠬᠦᠴᠢᠷᠳᠡᠯ ᠤᠯᠠᠨ ᠪᠠᠢᠳᠠᠭ᠃ ᠬᠠᠮᠤᠭ᠎ᠤᠨ ᠭᠤᠤᠯ ᠨᠢ ᠵᠦᠭᠡᠭᠡᠪᠦᠷᠢ᠎ᠶᠢᠨ ᠠᠰᠠᠭᠤᠳᠠᠯ᠃ ᠴᠡᠭᠡ᠎ᠶᠢᠨ ᠬᠠᠳᠠᠭᠠᠯᠠᠬᠤ ᠬᠤᠭᠤᠴᠠᠭ᠎ᠠ ᠤᠬᠤᠷ᠂ ᠬᠠᠮᠤᠭ᠎ᠤᠨ ᠤᠳᠠᠭᠠᠨ᠎ᠳᠠᠭᠠᠨ ᠨᠢᠭᠡᠯᠡ ᠰᠠᠷ᠎ᠠ ᠬᠠᠳᠠᠭᠠᠯᠠᠵᠦ ᠪᠤᠯᠳᠠᠭ᠃ ᠭᠠᠳᠠᠷ ᠤᠷᠤᠨ᠎ᠳᠦ ᠢᠯᠡᠭᠡᠬᠦ᠎ᠳᠤ ᠪᠤᠭᠤᠳᠠᠯ ᠪᠠᠭᠯᠠᠭ᠎ᠠ᠎ᠶᠢᠨ ᠱᠠᠭᠠᠷᠳᠠᠯᠭ᠎ᠠ ᠦᠨᠳᠦᠷ᠂ ᠴᠡᠭᠡ᠎ᠶᠢᠨ ᠢᠰᠦᠯᠳᠡ ᠲᠦᠷᠭᠡᠨ ᠪᠤᠯᠬᠤᠷ ᠰᠠᠪᠠ ᠳᠡᠯᠡᠬᠦ ᠠᠰᠠᠭᠤᠳᠠᠯ ᠤᠷᠤᠰᠢᠳᠠᠭ᠃ ᠳᠡᠬᠡᠬᠦᠯᠡᠷ ᠨᠢ ᠵᠠᠪᠠᠯ ᠰᠠᠢᠨ ᠬᠦᠯᠳᠡᠭᠡᠵᠦ᠂ ᠲᠦᠷᠭᠡᠨ ᠭᠤᠪᠢᠭᠤᠯᠭ᠎ᠠ ᠪᠡᠷ ᠢᠯᠡᠬᠡᠨᠠ᠂ ᠲᠦᠷᠭᠡᠨ ᠭᠤᠪᠢᠭᠤᠯᠭ᠎ᠠ᠎ᠶᠢᠨ ᠵᠠᠷᠤᠳᠠᠯ ᠶᠡᠬᠡ ᠂ ᠬᠡᠨ ᠠᠯᠢᠨ᠎ᠳᠠᠭᠠᠨ ᠳᠠᠷᠤᠭᠠᠰᠤ ᠲᠠᠢ ᠪᠤᠯᠴᠢᠬᠠᠳᠠᠭ᠃ ᠬᠠᠷᠢᠨ ᠤᠳᠤ ᠲᠠᠯᠬᠠᠨ ᠴᠡᠭᠡ᠂ ᠴᠡᠭᠡ᠎ᠶᠢᠨ ᠪᠢᠰᠢᠯᠠᠭ᠂ ᠴᠡᠭᠡ᠎ᠶᠢᠨ ᠰᠠᠪᠤᠩ᠂ ᠴᠡᠭᠡ᠎ᠶᠢᠨ ᠵᠠᠢᠷᠮᠠᠭ ᠬᠢᠵᠦ᠂ ᠴᠡᠭᠡᠵᠢ ᠬᠠᠳᠠᠭᠤ ᠪᠡᠶᠡᠳᠦ ᠪᠤᠯᠭᠠᠨ ᠭᠠᠳᠠᠭᠰᠢ ᠪᠤᠷᠤᠯᠠᠭᠤᠯᠬᠤ᠂ ᠪᠠᠰᠠ ᠨᠢᠭᠡ ᠨᠢ ᠤᠮᠳᠠᠭᠠᠨ ᠬᠤᠳᠠᠯᠳᠤᠳᠠᠭ ᠮᠠᠰᠢᠨ ᠲᠤᠳᠤᠷ᠎ᠠ ᠳᠠᠯᠪᠢᠬᠤ ᠨᠢ ᠶᠡᠬᠡ ᠪᠤᠯᠤᠮᠵᠢ᠎ᠶᠢᠨ ᠠᠷᠭ᠎ᠠ ᠭᠡᠵᠦ ᠪᠤᠳᠤᠵᠦ ᠪᠠᠢᠨ᠎ᠠ ᠭᠡᠵᠦ ᠦᠰᠬᠦᠪᠤᠶᠠᠨ ᠪᠤᠷᠤᠯᠠᠭᠤᠯᠭ᠎ᠠ᠎ᠶᠢᠨ ᠬᠦᠴᠢᠷᠳᠡᠯ᠎ᠢ ᠰᠢᠢᠳᠪᠦᠷᠢᠯᠡᠬᠦ ᠰᠡᠳᠬᠢᠴᠡ ᠪᠠᠨ ᠶᠠᠷᠢᠵᠠᠢ᠃
ᠵᠡᠭᠦᠯᠳᠡ᠄
ᠴᠡᠭᠡ ᠵᠢ ᠬᠦᠮᠤᠰ ᠠᠮᠢ ᠨᠠᠰᠤ ᠵᠢ ᠤᠷᠳᠤᠳᠬᠠᠵᠤ᠂ ᠪᠡᠶ᠎ᠠ ᠵᠢ ᠡᠷᠡᠬᠦᠯᠵᠢᠬᠦᠯᠬᠦ ᠤᠮᠳᠠᠭᠠᠨ ᠬᠡᠵᠤ ᠶᠠᠷᠢᠳᠠᠭ᠂ ᠲᠡᠬᠦᠨ᠎ᠳᠤ ᠤᠭᠤᠷᠠᠭ᠂ ᠦᠬᠡᠬᠦᠯᠢᠭ ᠡᠳ᠋᠂ ᠰᠢᠬᠢᠷ᠂ ᠸᠢᠲ᠋ᠠᠮᠢᠨ᠂ ᠰᠦᠨ ᠬᠦᠴᠢᠯ᠂ ᠪᠠᠭ᠎ᠠ ᠬᠡᠮᠵᠢᠶᠠᠨ᠎ᠤ ᠰᠫᠢᠷᠲ ᠠᠭᠤᠯᠤᠬᠳᠠᠬᠤ ᠡᠴᠡ ᠭᠠᠳᠠᠨ᠎ᠠ ᠮᠠᠬᠨᠢ᠂ ᠺᠠᠯᠢ᠂ ᠺᠠᠯᠼ᠂ ᠨᠠᠲᠷᠢ ᠵᠡᠷᠭᠡ ᠤᠯᠠᠨ ᠵᠦᠢᠯ᠎ᠤᠨ ᠡᠷᠤᠳᠡᠰᠤ ᠡᠯᠸᠮᠸᠨ᠋ᠲ ᠠᠭᠤᠯᠤᠬᠳᠠᠵᠤ ᠪᠠᠢᠳᠠᠭ᠃
ᠬᠤᠯᠪᠤᠭᠠᠰᠤ᠄
★ 2017 ᠣᠨ᠎ᠳᠤ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠠᠴᠠ 《ᠣᠲᠣ ᠦᠶ᠎ᠡ᠎ᠶ᠋ᠢᠨ ᠠᠳᠤᠭᠤᠨ᠎ᠤ ᠠᠵᠤ ᠦᠶ᠋ᠯᠡᠰ᠎ᠦᠨ ᠬᠥᠭ᠌ᠵᠢᠯᠲᠡ᠎ᠶ᠋ᠢ ᠠᠬᠢᠭᠤᠯᠬᠤ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠰᠠᠨᠠᠯ᠎ᠤᠳ》 ᠢ᠋ ᠨᠡᠢᠲᠡᠯᠡᠪᠡ᠃
★ 2018 ᠣᠨ᠎ᠳᠤ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠶ ᠪᠠ ᠬᠥᠳᠡᠭᠡ ᠲᠣᠰᠭᠣᠨ ᠮᠠᠯᠵᠢᠬᠤ ᠣᠷᠣᠨ᠎ᠤ ᠲᠢᠩᠬᠢᠮ᠎ᠤᠨ ᠬᠢᠨ ᠰᠣᠶᠣᠯ ᠵᠢᠭᠤᠯᠴᠢᠯᠠᠯ᠎ᠤᠨ ᠲᠢᠩᠬᠢᠮ᠂ ᠪᠡᠶ᠎ᠡ᠎ᠶ᠋ᠢᠨ ᠲᠠᠮᠢᠷ᠎ᠤᠨ ᠲᠣᠪᠴᠢᠶ᠎ᠠ ᠵᠡᠷᠭᠡ ᠲᠢᠩᠬᠢᠮ ᠲᠣᠪᠴᠢᠶ᠎ᠠ᠎ᠲᠠᠶ ᠬᠠᠮᠲᠤᠷᠠᠨ 《ᠣᠲᠣ ᠦᠶ᠎ᠡ᠎ᠶ᠋ᠢᠨ ᠠᠳᠤᠭᠤᠨ᠎ᠤ ᠠᠵᠤ ᠦᠶ᠋ᠯᠡᠰ᠎ᠦᠨ ᠬᠥᠭ᠌ᠵᠢᠯᠲᠡ᠎ᠶ᠋ᠢᠨ ᠭᠤᠤᠯᠳᠠᠯᠭ᠎ᠠ᠎ᠲᠠᠶ ᠲᠥᠷᠥᠯ ᠵᠦᠶ᠋ᠯ᠎ᠦᠨ ᠬᠡᠷᠡᠭ᠌ᠵᠢᠭᠦᠯᠬᠦ᠌ ᠲᠥᠰᠦᠯ》 ᠢ᠋ ᠲᠤᠬᠳᠠᠭᠠᠪᠠ᠃
★ 《ᠲᠤᠮᠳᠠᠳᠤ ᠤᠯᠤᠰ᠎ᠤᠨ ᠴᠡᠭᠡ ᠵᠢᠨ ᠨᠤᠳᠤᠭ 》 ᠬᠡᠮᠡᠭᠳᠡᠭᠰᠡᠨ ᠠᠪᠠᠭ᠎ᠠ ᠬᠤᠱᠢᠭᠤᠨ᠎ᠳᠤ ᠤᠳᠤ 857 ᠡᠷᠦᠭᠡ ᠠᠳᠤᠭᠤ ᠮᠠᠯᠵᠢᠵᠦ᠍᠂ ᠠᠳᠤᠭᠤᠨ᠎ᠤ ᠲᠤᠭ᠎ᠠ ᠲᠤᠯᠤᠭᠠᠢ᠎ᠨᠢ 2.66 ᠲᠦᠮᠡ᠎ᠳᠤ ᠬᠦᠷᠴᠤ᠂ 2023 ᠣᠨ᠎ᠤ ᠵᠢᠯ᠎ᠤᠨ ᠰᠠᠭᠠᠮ᠎ᠠ᠎ᠶ᠋ᠢᠨ ᠬᠡᠮᠵᠢᠶ᠎ᠡ 480 ᠲᠣᠨ᠎ᠢ ᠳᠠᠪᠠᠵᠤ᠂ ᠵᠢᠯ᠎ᠤᠨ ᠦᠢᠯᠡᠳᠬᠦᠨ᠎ᠤ ᠥᠷᠲᠡᠭ᠎ᠨᠢ 1440 ᠲᠦᠮᠡᠨ ᠲᠥᠭᠦᠷᠢᠭ᠎ᠲᠤ ᠬᠦᠷᠴᠡᠢ᠃

ᠠᠪᠠᠭ᠎ᠠ ᠵᠢᠨ ᠰᠡᠡᠭᠰᠡᠨ ᠬᠠᠷ᠎ᠠ ᠠᠳᠤᠭᠤ

ᠢᠮᠠᠭ᠎ᠠ ᠪᠡᠨ ᠮᠠᠰᠢᠨ ᠵᠢᠠᠷ ᠰᠠᠭᠠᠨ᠎ᠠ

ᠰᠠᠭᠠᠮ᠎ᠠ ᠪᠤᠯᠤᠨ ᠢᠮᠠᠭᠠᠨ ᠰᠦ ᠵᠢᠨ ᠪᠦᠳᠦᠭᠡᠭᠳᠡᠬᠦᠨ
ᠮᠠᠨ᠎ᠤ ᠤᠷᠤᠨ᠎ᠳᠤ ᠲᠣᠮᠣ ᠬᠡᠯᠪᠡᠷᠢ᠎ᠶ᠋ᠢᠨ ᠴᠡᠭᠡ ᠪᠣᠯᠪᠠᠰᠤᠷᠠᠭᠤᠯᠬᠤ 71ᠠᠵᠤ ᠠᠬᠤᠢᠯᠠᠯ ᠪᠠᠢᠵᠤ᠂ ᠵᠢᠯ᠎ᠳᠦ 2500 ᠲᠣᠨ ᠴᠡᠭᠡ ᠪᠣᠯᠪᠠᠰᠤᠷᠠᠭᠤᠯᠵᠤ᠂ ᠵᠢᠯ᠎ᠦᠨ ᠦᠶ᠋ᠯᠡᠳᠬᠦᠨ᠎ᠦ ᠥᠷᠲᠡᠭ ᠨᠢ 3.5 ᠳ᠋ᠦᠩᠱᠢᠭᠤᠷ ᠲᠥᠭᠥᠷᠢᠭ ᠲᠦ ᠬᠦᠷᠴᠤ ᠪᠤᠢ

ᠮᠠᠭᠤ ᠪᠤᠯᠠᠭ᠎ᠤᠨ ᠬᠦᠨᠳᠡᠢ᠎ᠳᠡᠬᠢ ᠤᠳᠤᠬᠢᠴᠢᠯᠠᠭᠰᠠᠨ ᠮᠠᠯᠵᠢᠯ — 《ᠨᠠᠮ᠎ᠤᠨ ᠡᠭᠦᠷ + ᠠᠵᠤ ᠠᠬᠤᠢᠯᠠᠯ + ᠮᠠᠯᠵᠢᠬᠤ ᠲᠠᠷᠢᠶᠠᠯᠠᠬᠤ ᠡᠷᠦᠬᠡ》 ᠶ᠋ᠢᠨ ᠵᠠᠭᠪᠤᠷ ᠬᠢᠭᠡᠳ 1000 ᠰᠠᠭᠠᠯᠢ ᠵᠢᠨ ᠢᠮᠠᠭ᠎ᠠ ᠳᠡᠵᠢᠭᠡᠬᠦ ᠰᠠᠭᠤᠷᠢᠨ
《ᠨᠠᠰᠢ ᠲᠠᠢ ᠶᠠᠪᠤᠳᠠᠯ ᠨᠠᠷᠠ ᠲᠠᠢ ᠰᠠᠭᠠᠳᠠᠵᠤ᠂ ᠬᠤᠪᠢ ᠲᠠᠢ ᠬᠦᠮᠤᠨ ᠬᠤᠷ᠎ᠠ ᠲᠠᠢ ᠪᠠᠭᠤᠳᠠᠭ》 ᠬᠡᠳᠡᠭ ᠵᠢᠡᠷ᠂ 9 ᠰᠠᠷ᠎ᠠ ᠵᠢᠨ 7᠎ᠤ᠋ ᠡᠳᠤᠷ ᠲᠡᠭᠷᠢ ᠴᠡᠯᠮᠡᠭᠰᠢᠨ ᠲᠤᠡᠭᠭᠠᠯᠠᠬᠰᠢᠵᠤ᠂ ᠮᠠᠭᠤ ᠪᠤᠯᠠᠭ᠎ᠤᠨ ᠬᠦᠨᠳᠡᠢ ᠵᠢᠨ ᠤᠰᠤ ᠨᠠᠮᠵᠢᠭᠤᠨ ᠲᠦᠯᠭᠡᠭᠡᠨ ᠮᠢᠷᠠᠯᠵᠠᠵᠦ᠂ ᠬᠦᠳᠡᠭᠡ ᠨᠤᠳᠤᠭ ᠵᠢᠡᠨ ᠴᠢᠮᠡᠭᠯᠡᠭᠰᠡᠨ ᠮᠦᠡᠭᠭᠦᠨ ᠴᠠᠭᠠᠨ ᠬᠡ ᠤᠭᠠᠯᠵᠠ ᠬᠡᠮᠡᠷ ᠬᠠᠷᠠᠬᠳᠠᠨ᠎ᠠ᠃ ᠮᠠᠭᠤ ᠪᠤᠯᠠᠭ᠎ᠤᠨ ᠬᠦᠨᠳᠡᠢ ᠵᠢᠨ ᠬᠤᠢᠳᠤ ᠵᠠᠬ᠎ᠠ᠎ᠳᠤ ᠪᠠᠢᠷᠢᠰᠢᠬᠰᠠᠨ ᠬᠠᠡᠭᠭᠢᠨ ᠬᠤᠰᠢᠭᠤᠨ᠎ᠤ ᠲᠤᠭᠤᠢᠳᠠᠯᠠ ᠪᠠᠯᠭᠠᠰᠤ ᠵᠢᠨ ᠪᠠᠶᠠᠨᠪᠤᠯᠠᠭ ᠭᠠᠴᠠᠭ᠎ᠠ ᠵᠢᠨ ᠰᠠᠭᠠᠯᠢ ᠵᠢᠨ ᠢᠮᠠᠭ᠎ᠠ ᠲᠡᠵᠢᠭᠡᠬᠦ ᠵᠢᠱ᠌ᠢᠶ᠎ᠠ ᠦᠵᠡᠬᠦᠯᠬᠦ ᠰᠠᠭᠤᠷᠢᠨ ᠨᠢ ᠦᠷᠨᠢᠬᠦᠨ ᠬᠦᠭᠵᠢᠯ᠎ᠳᠤ ᠪᠠᠢᠳᠠᠯ᠂ ᠦᠵᠡᠮᠵᠢ ᠲᠡᠬᠦᠰ ᠤᠨᠴᠠᠯᠢᠭ ᠵᠢᠡᠷ ᠵᠢᠡᠨ ᠪᠢᠳᠡᠨ᠎ᠤ ᠠᠡᠭᠬᠠᠷᠤᠯ᠎ᠳᠤ ᠪᠠᠭᠤᠵᠤ ᠪᠢᠯᠡ᠃
ᠮᠠᠨ᠎ᠦ ᠰᠤᠷᠪᠤᠯᠵᠢᠯᠠᠬᠤ ᠲᠤᠭᠤᠢᠯᠠᠡᠭ᠎ᠤᠨ ᠬᠢᠨ ᠪᠠᠶᠠᠨᠪᠤᠯᠠᠭ ᠭᠠᠴᠠᠭ᠎ᠠ ᠵᠢᠨ ᠰᠠᠭᠠᠯᠢ ᠵᠢᠨ ᠢᠮᠠᠭ᠎ᠠ ᠲᠡᠵᠢᠭᠡᠬᠦ ᠵᠢᠱ᠌ᠢᠶ᠎ᠠ ᠦᠵᠡᠬᠦᠯᠬᠦ ᠰᠠᠭᠤᠷᠢᠨ ᠳ᠋ᠤ ᠬᠦᠷᠬᠦ᠎ᠳᠤ ᠶᠠᠭ ᠢᠮᠠᠭ᠎ᠠ ᠪᠡᠨ ᠰᠠᠭᠠᠵᠤ ᠪᠠᠢᠬᠤ ᠲᠠᠢ ᠨᠢ ᠲᠠᠭᠠᠷᠠᠯᠳᠤᠯ᠎ᠠ᠃ ᠰᠦ ᠰᠠᠭᠠᠬᠤ ᠦᠷᠳᠡᠭᠡᠨ᠎ᠳᠤ ᠤᠳᠤᠬᠢᠴᠢᠯᠠᠬᠰᠠᠨ ᠰᠢᠨ᠎ᠠ ᠮᠠᠶᠢᠭ᠎ᠤᠨ ᠰᠦ ᠰᠠᠭᠠᠬᠤ ᠮᠠᠰᠢᠨ ᠵᠢᠡᠷ 40 ᠢᠮᠠᠭ᠎ᠠ ᠵᠢ ᠵᠡᠷᠭᠡ ᠪᠡᠷ ᠰᠠᠭᠠᠵᠤ᠂ ᠭᠤᠷᠪᠡᠨ ᠠᠵᠢᠯᠴᠢᠨ ᠨᠢᠳᠤ ᠰᠠᠯᠭᠠᠯ ᠦᠭᠡᠢ ᠰᠦ ᠵᠢᠨ ᠬᠦᠨᠦᠭ᠎ᠤᠨ ᠵᠢᠡᠨ ᠲᠦᠬᠦᠷᠦᠭᠰᠡᠨ ᠡᠰᠡᠬᠦ ᠵᠢ ᠪᠠᠢᠴᠠᠭᠠᠵᠤ ᠶᠠᠭᠠᠷᠠᠨ᠎ᠠ᠃
— ᠢᠮᠠᠭ᠎ᠠ ᠪᠡᠨ ᠮᠠᠰᠢᠨ ᠵᠢᠠᠷ ᠰᠠᠭᠠᠬᠰᠠᠨ ᠡᠴᠡ ᠨᠢᠭᠡ ᠢᠮᠠᠭ᠎ᠠ ᠵᠢ ᠰᠠᠭᠠᠵᠤ ᠪᠠᠷᠠᠳᠠᠯ᠎ᠠ ᠪᠠᠷᠤᠭ 2 — 5 ᠮᠢᠨᠦ᠋ᠲ ᠯᠡ ᠬᠡᠷᠡᠭᠰᠡᠳᠡᠭ᠂ ᠬᠦᠮᠤᠨ᠎ᠤ ᠬᠦᠴᠤᠨᠳ᠋ᠤ ᠠᠷᠪᠢᠳᠠᠢ ᠪᠤᠯᠤᠬᠰᠠᠨ ᠪᠦᠭᠡᠳ ᠠᠷᠢᠭᠤᠨ ᠴᠡᠪᠡᠷ᠎ᠤᠨ ᠲᠠᠯ᠎ᠠ ᠪᠡᠷ ᠴᠸ᠋ ᠪᠠᠳᠤᠯᠠᠭ᠎ᠠ ᠲᠠᠢ ᠪᠤᠯᠵᠠᠢ᠃ ᠳᠡᠢᠮᠤ ᠮᠦᠷᠳᠡᠭᠡᠨ ᠢᠮᠠᠭᠠᠨ ᠰᠦ᠋ ᠵᠢᠨ ᠬᠠᠳᠠᠭᠠᠯᠠᠯᠳᠠ᠎ᠳᠤ ᠮᠡᠷᠭᠡᠵᠢᠯ᠎ᠤᠨ ᠴᠢᠡᠭᠭ᠎ᠠ ᠱᠠᠭᠠᠷᠳᠠᠯᠭ᠎ᠠ ᠲᠠᠢ ᠪᠤᠯᠬᠤᠷ ᠰᠠᠭᠠᠵᠤ ᠪᠠᠷᠠᠮᠠᠬᠴᠠ 0 —3 ᠭᠷᠠᠳᠦ᠋ᠰ ᠪᠤᠯᠭᠠᠨ ᠬᠦᠷᠤᠭᠡᠵᠤ᠂ ᠳᠡᠷᠡ ᠲᠠᠷᠤᠢ᠎ᠳᠤ᠎ᠨᠢ ᠭᠤᠤᠷᠰᠤ ᠪᠡᠷ ᠲᠠᠮᠵᠢᠭᠤᠯᠤᠨ ᠰᠦ᠋ ᠵᠢᠨ ᠬᠦᠮᠤᠷᠭᠡ᠎ᠳᠤ ᠬᠦᠷᠭᠡᠨ ᠬᠠᠳᠠᠭᠠᠯᠠᠵᠤ ᠲᠠᠯᠪᠢᠳᠠᠭ᠃ ᠪᠦᠬᠦᠨ᠎ᠢ ᠰᠠᠭᠠᠵᠤ ᠪᠠᠷᠠᠮᠠᠬᠴᠠ ᠲᠤᠰᠬᠠᠢ ᠲᠡᠷᠭᠡ ᠪᠡᠷ ᠲᠡᠭᠡᠭᠡᠪᠤᠷᠢᠯᠡᠨ ᠦᠢᠯᠡᠳᠪᠤᠷᠢ ᠵᠢᠨ ᠲᠠᠰᠤᠭ ᠲᠠᠭᠠᠨ ᠬᠦᠷᠬᠡᠳᠡᠭ ᠬᠡᠵᠤ ᠪᠠᠶᠠᠨᠪᠤᠯᠠᠭ ᠭᠠᠴᠠᠭ᠎ᠠ ᠵᠢᠨ ᠰᠠᠭᠠᠯᠢ ᠵᠢᠨ ᠢᠮᠠᠭ᠎ᠠ ᠲᠡᠵᠢᠭᠡᠬᠦ ᠵᠢᠱ᠌ᠢᠶ᠎ᠠ ᠦᠵᠡᠬᠦᠯᠬᠦ ᠰᠠᠭᠤᠷᠢᠨ᠎ᠤ ᠬᠠᠷᠢᠭᠤᠴᠠᠯᠭᠠᠳᠠᠨ ᠵᠠᠡᠭ ᠢᠤᠢ ᠲᠠᠨᠢᠯᠴᠠᠭᠤᠯᠤᠨ᠎ᠠ᠃
ᠤᠢᠯᠠᠭᠠᠭᠰᠠᠨ ᠵᠢᠠᠷ᠂ ᠳᠤᠰ ᠰᠠᠭᠤᠷᠢᠨ᠎ᠨᠢ 2023 ᠤᠨ᠎ᠤ 6 ᠰᠠᠷ᠎ᠠ ᠳ᠋ᠤ ᠠᠰᠢᠬᠯᠠᠯᠳᠠ ᠤᠷᠤᠬᠰᠠᠨ ᠡᠴᠡ ᠨᠠᠭᠠᠰᠢ 23 ᠮᠠᠯᠴᠢᠨ ᠡᠷᠤᠭᠡ ᠵᠢᠨ 1000 ᠭᠠᠷᠤᠢ ᠰᠠᠭᠠᠯᠢ ᠵᠢᠨ ᠢᠮᠠᠭ᠎ᠠ ᠵᠢ 3 ᠵᠢᠯ᠎ᠤᠨ ᠬᠤᠭᠤᠴᠠᠭ᠎ᠠ ᠲᠠᠢ ᠲᠦᠷᠢᠶᠡᠰᠤᠯᠡᠨ ᠲᠡᠵᠢᠭᠡᠵᠤ᠂ ᠡᠳᠤᠷᠲᠸ᠋ 1.5 ᠲᠤᠨ ᠰᠠᠭᠠᠯᠢ ᠬᠤᠷᠢᠶᠠᠵᠤ᠂ ᠰᠦᠨ ᠲᠠᠯᠬ᠎ᠠ᠂ ᠰᠢᠬᠢᠷ᠂ ᠰᠠᠭᠠᠯᠢ ᠵᠢᠨ ᠠᠷᠢᠬᠢ᠂ ᠪᠤᠭᠤᠷᠰᠤᠭ ᠵᠡᠷᠭᠡ ᠠᠷᠪᠠ ᠭᠠᠷᠤᠢ ᠲᠦᠷᠤᠯ᠎ᠤᠨ ᠢᠮᠠᠭᠠᠨ ᠰᠦ ᠵᠢᠨ ᠪᠦᠳᠤᠭᠡᠭᠳᠡᠬᠦᠨᠢ ᠦᠢᠯᠡᠳᠪᠤᠷᠢᠯᠡᠨ᠂ ᠪᠦᠬᠦ ᠤᠷᠤᠨ᠎ᠤ ᠬᠡᠪᠴᠢᠶᠠᠨ᠎ᠳᠤ ᠪᠤᠷᠤᠯᠠᠭᠤᠯᠵᠤ᠂ ᠪᠠᠭ᠎ᠠ ᠪᠤᠰᠤ ᠤᠷᠤᠯᠭ᠎ᠠ ᠡᠬᠦᠳᠴᠠᠢ᠃
— ᠵᠠᠮ ᠬᠠᠷᠢᠯᠴᠠᠭ᠎ᠠ ᠲᠦᠬᠦᠮ ᠦᠬᠡᠢ ᠪᠤᠯᠬᠤᠷ ᠪᠢᠳᠠ ᠰᠠᠭᠠᠬᠰᠠᠨ ᠰᠠᠭᠠᠯᠢ ᠪᠡᠨ ᠪᠦᠬᠦᠨ᠎ᠢ ᠦᠪᠡᠷ ᠲᠡᠭᠡᠨ ᠦᠢᠯᠡᠳᠪᠤᠷᠢᠯᠡᠳᠡᠭ᠃ ᠲᠡᠭᠡᠭᠡᠳ ᠦᠪᠡᠷ᠎ᠤᠨ ᠬᠡᠰᠡᠨ ᠲᠦᠷᠤᠯ ᠲᠡᠮᠳᠡᠭ ᠵᠢᠡᠨ ᠡᠬᠦᠳᠬᠦ ᠵᠢᠨ ᠲᠤᠰᠠᠳᠠ ᠡᠳᠡᠭᠡᠷ ᠢᠮᠠᠭᠠᠨ ᠰᠦ ᠵᠢᠨ ᠪᠦᠳᠤᠭᠡᠭᠳᠡᠬᠦᠨ ᠵᠢᠡᠨ《ᠤᠷᠳᠤ》 ᠬᠡᠬᠦ ᠲᠠᠸᠠᠷ᠎ᠤᠨ ᠲᠡᠮᠳᠡᠭ ᠲᠠᠡᠭᠰᠠᠯᠠᠭᠤᠯᠤᠨ ᠭᠠᠳᠠᠬᠰᠢ ᠪᠤᠷᠤᠯᠠᠭᠤᠯᠳᠠᠭ᠂ ᠮᠠᠨ᠎ᠦ ᠢᠮᠠᠭᠠᠨ ᠰᠦ ᠵᠢᠨ ᠲᠠᠯᠬ᠎ᠠ ᠵᠢᠨ ᠪᠤᠷᠤᠯᠠᠭᠤᠯᠭ᠎ᠠ ᠶᠡᠬᠡ ᠵᠦᠭᠡᠷ ᠪᠠᠢᠳᠠᠭ ᠬᠡᠵᠤ ᠪᠠᠶᠠᠨᠪᠤᠯᠠᠭ ᠭᠠᠴᠠᠭ᠎ᠠ ᠵᠢᠨ ᠨᠠᠮ᠎ᠤᠨ ᠡᠭᠦᠷ᠎ᠦᠨ ᠱᠦᠵᠢ ᠰᠦᠯᠳᠡ ᠶᠡᠷᠢᠨ᠎ᠠ᠃
ᠣᠢᠷ᠎ᠠ᠎ᠶ᠋ᠢᠨ ᠵᠢᠯ᠎ᠡᠴᠡ ᠨᠠᠰᠢ᠂ ᠪᠠᠶᠠᠨᠪᠤᠯᠠᠭ ᠭᠠᠴᠠᠭ᠎ᠠ 《ᠨᠠᠮ᠎ᠤᠨ ᠡᠭᠦᠷ + ᠠᠵᠤ ᠠᠬᠤᠢᠯᠠᠯ + ᠮᠠᠯᠵᠢᠬᠤ ᠲᠠᠷᠢᠶᠠᠯᠠᠬᠤ ᠡᠷᠦᠬᠡ》 ᠶ᠋ᠢᠨ ᠵᠠᠬᠪᠤᠷ᠎ᠤᠨ ᠬᠠᠮᠲᠤᠷᠠᠯᠴᠠᠬᠤ ᠬᠡᠯᠪᠡᠷᠢ ᠪᠡᠷ ᠳᠠᠮᠵᠢᠭᠤᠯᠤᠨ᠂ ᠮᠡᠷᠭᠡᠵᠢᠯ᠎ᠢ ᠲᠥᠪᠯᠡᠷᠡᠭᠦᠯᠬᠦ᠌ ᠪᠠ ᠵᠢᠱ᠌ᠢᠶ᠎ᠡ ᠦᠵᠡᠭᠦᠯᠦᠨ ᠳᠡᠯᠭᠡᠷᠡᠭᠦᠯᠬᠦ᠌᠎ᠲᠡᠶ ᠤᠶᠠᠯᠳᠤᠭᠤᠯᠵᠤ᠂ ᠴᠢᠨᠠᠷ ᠰᠠᠢᠲᠠᠶ ᠰᠠᠭᠠᠯᠢ᠎ᠶ᠋ᠢᠨ ᠢᠮᠠᠭ᠎ᠠ᠎ᠶ᠋ᠢᠨ ᠵᠣᠬᠢᠴᠠᠬᠤ ᠴᠢᠨᠠᠷᠲᠠᠶ ᠰᠣᠩᠭᠣᠨ ᠪᠣᠢᠵᠢᠭᠤᠯᠬᠤ ᠬᠢᠷᠢ ᠬᠡᠮᠵᠢᠶ᠎ᠡ ᠪᠠ ᠲᠥᠯᠯᠡᠬᠦ᠌ ᠨᠣᠷᠮ᠎ᠠ᠎ᠶ᠋ᠢ ᠳᠡᠭᠡᠭ᠌ᠰᠢᠯᠡᠭᠦᠯᠦᠨ᠂ ᠲᠤᠬᠠᠶ᠎ᠶ᠋ᠢᠨ ᠭᠠᠵᠠᠷ᠎ᠤᠨ ᠰᠠᠭᠠᠯᠢ᠎ᠶ᠋ᠢᠨ ᠢᠮᠠᠭ᠎ᠠ ᠵᠢᠨ ᠲᠡᠵᠢᠭᠡᠨ ᠦᠷᠡᠵᠢᠭᠦᠯᠬᠦ᠌ ᠮᠡᠷᠭᠡᠵᠢᠯ᠎ᠦᠨ ᠬᠢᠷᠢ ᠲᠦᠪᠰᠢᠨ᠎ᠢ ᠳᠡᠭᠡᠭ᠌ᠰᠢᠯᠡᠭᠦᠯᠵᠦ᠍᠂ ᠰᠠᠭᠠᠯᠢ᠎ᠶ᠋ᠢᠨ ᠢᠮᠠᠭ᠎ᠠ ᠲᠡᠵᠢᠭᠡᠨ ᠦᠷᠡᠵᠢᠭᠦᠯᠬᠦ᠌ ᠡᠷᠦᠬᠡ᠎ᠶ᠋ᠢ ᠳᠠᠢᠴᠢᠯᠠᠨ ᠣᠷᠣᠯᠭ᠎ᠠ᠎ᠶ᠋ᠢ᠎ᠨᠢ ᠨᠡᠮᠡᠭ᠌ᠳᠡᠭᠦᠯᠦᠭᠰᠡᠨ ᠪᠠᠢᠨ᠎ᠠ᠃
— 2021 ᠣᠨ᠎ᠳᠤ ᠥᠪᠡᠷᠲᠡᠭᠡᠨ ᠵᠠᠰᠠᠬᠤ ᠣᠷᠣᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠲᠢᠩᠬᠢᠮ ᠡᠴᠡ 700 ᠲᠦᠮᠡᠨ ᠲᠥᠭᠥᠷᠢᠭ᠎ᠦᠨ ᠲᠥᠷᠥᠯ ᠵᠦᠶ᠋ᠯ᠎ᠦᠨ ᠪᠠᠯᠠ ᠮᠥᠩᠭᠥ᠌ ᠵᠢᠨ ᠳᠡᠮᠵᠢᠯᠭᠡ ᠦᠵᠡᠬᠦᠯᠵᠦ᠂ ᠰᠠᠭᠠᠯᠢ᠎ᠶ᠋ᠢᠨ ᠢᠮᠠᠭ᠎ᠠ ᠲᠡᠵᠢᠭᠡᠨ ᠦᠷᠡᠵᠢᠭᠦᠯᠬᠦ᠌ ᠵᠢᠱ᠌ᠢᠶ᠎ᠡ ᠦᠵᠡᠭᠦᠯᠬᠦ᠌ ᠰᠠᠭᠤᠷᠢᠨ᠎ᠢ ᠪᠥᠲᠥᠭᠡᠨ ᠪᠠᠢᠭᠤᠯᠤᠭᠰᠠᠨ ᠡᠴᠡ ᠮᠠᠨ᠎ᠤ ᠭᠠᠴᠠᠭᠠᠨ᠎ᠤ ᠰᠠᠭᠠᠯᠢ ᠵᠢᠨ ᠢᠮᠠᠭᠠᠨ᠎ᠤ ᠦᠢᠯᠡᠰ ᠤᠤᠯ᠎ᠤᠨ ᠲᠠᠷᠠᠬᠠᠢ ᠪᠤᠳᠠᠷᠬᠠᠢ ᠪᠡᠷ ᠲᠠᠵᠢᠭᠡᠵᠤ ᠪᠠᠢᠬᠰᠠᠨ ᠡᠴᠡ ᠪᠡᠨ ᠤᠳᠤ ᠬᠡᠪᠴᠢᠶᠡᠵᠢᠭᠰᠡᠨ᠂ ᠪᠠᠷᠢᠮᠵᠢᠶᠠᠵᠢᠬᠰᠠᠨ᠂ ᠡᠷᠴᠢᠮᠵᠢᠭᠰᠡᠨ ᠵᠢᠱ᠌ᠢᠶ᠎ᠠ ᠦᠵᠡᠬᠦᠯᠬᠦ ᠰᠠᠭᠤᠷᠢᠨ ᠪᠤᠯᠵᠦ ᠬᠦᠭᠵᠢᠭᠰᠡᠨ ᠪᠠᠢᠨ᠎ᠠ ᠬᠡᠵᠤ ᠰᠦᠯᠳᠡ ᠱᠦᠵᠢ ᠪᠠᠶᠠᠷᠳᠠᠢᠬᠠᠨ ᠶᠠᠷᠢᠨ᠎ᠠ᠃
ᠴᠤᠢᠳᠠᠷ ᠪᠤᠯ ᠪᠠᠶᠠᠨᠪᠤᠯᠠᠭ ᠭᠠᠴᠠᠭᠠᠨ᠎ᠤ ᠮᠠᠯᠴᠢᠨ᠃ ᠲᠡᠳᠡᠨᠠᠢᠬᠢᠨ ᠤᠤᠯ ᠳ᠋ᠠᠭᠠᠨᠵᠢᠯᠤᠨ ᠲᠦᠷᠪᠡᠨ ᠤᠯᠠᠷᠢᠯ ᠵᠢᠠᠷ ᠭᠠᠳᠠᠭ᠍ᠰᠢ ᠬᠥᠯᠥᠰᠥᠨ ᠠᠵᠢᠯ ᠬᠢᠵᠦ᠍᠂ ᠭᠤᠷᠪᠠᠨ ᠬᠡᠦᠬᠡᠳ᠎ᠦᠨ᠎ᠢᠶᠡᠨ ᠰᠤᠷᠭᠠᠭᠤᠯᠢ᠎ᠳᠤ ᠰᠠᠭᠤᠬᠤ ᠵᠠᠷᠤᠳᠠᠯ ᠮᠦᠡᠭᠭᠦ ᠵᠢ ᠠᠷᠭᠠᠴᠠᠭᠠᠵᠤ ᠪᠠᠢᠵᠠᠶ᠃ ᠤᠳᠤ ᠲᠡᠷᠡ ᠪᠡᠷ ᠬᠡᠳᠤᠨ ᠰᠠᠭᠠᠯᠢ ᠵᠢᠨ ᠢᠮᠠᠭ᠎ᠠ ᠪᠡᠨ ᠲᠤᠰ ᠰᠠᠭᠤᠷᠢᠨ ᠳ᠋ᠤ ᠢᠮᠠᠭ᠎ᠠ ᠪᠦᠷᠢ ᠵᠢ ᠵᠢᠯ᠎ᠤᠨ 600 ᠲᠦᠬᠦᠷᠢᠭ ᠵᠢᠡᠷ 3 ᠵᠢᠯ᠎ᠤᠨ ᠬᠤᠭᠤᠴᠠᠭ᠎ᠠ ᠲᠠᠢ ᠪᠡᠷ ᠲᠦᠷᠢᠶᠡᠰᠤᠯᠡᠬᠦᠯᠤᠨ ᠲᠡᠵᠢᠭᠡᠯᠭᠡᠭᠰᠡᠨ ᠵᠢᠠᠷ ᠪᠠᠷᠠᠬᠤ ᠦᠭᠡᠢ᠂ ᠬᠡᠷᠭᠡᠢ ᠲᠠᠢ ᠪᠡᠨ ᠬᠤᠶᠠᠭᠤᠯᠠ ᠰᠠᠭᠤᠷᠢᠨ᠎ᠳᠤ ᠢᠮᠠᠭ᠎ᠠ ᠰᠠᠭᠠᠬᠤ᠂ ᠠᠷᠠᠴᠢᠯᠠᠬᠤ ᠠᠵᠢᠯ ᠬᠢᠵᠤ ᠰᠠᠷ᠎ᠠ᠎ᠳᠠᠭᠠᠨ ᠬᠦᠮᠤᠨᠪᠦᠷᠢ 5000 ᠲᠦᠬᠦᠷᠢᠭ᠎ᠤᠨ ᠦᠨᠳᠤᠷ ᠴᠠᠯᠢᠡᠭ ᠲᠠᠢ 《ᠬᠤᠤᠰ ᠠᠰᠢᠭ》 ᠬᠦᠷᠳᠡᠵᠦ ᠪᠠᠢᠭ᠎ᠠ ᠡᠷᠤᠬᠡ ᠪᠤᠯᠵᠠᠢ᠃
ᠪᠠᠶᠠᠨᠪᠤᠯᠠᠭ ᠭᠠᠴᠠᠭ᠎ᠠ ᠣᠲᠣ ᠦᠶ᠎ᠡ᠎ᠶ᠋ᠢᠨ ᠬᠠᠮᠢᠶᠠᠷᠤᠯᠲᠠ᠎ᠶ᠋ᠢᠨ ᠮᠡᠷᠭᠡᠵᠢᠯ᠂ ᠦᠷᠡᠵᠢᠭᠦᠯᠦᠨ ᠪᠣᠢᠵᠢᠭᠤᠯᠬᠤ ᠮᠡᠷᠭᠡᠵᠢᠯ᠂ ᠱᠢᠮ᠎ᠡ ᠲᠡᠵᠢᠭᠡᠯ᠎ᠦᠨ ᠮᠡᠷᠭᠡᠵᠢᠯ᠂ ᠬᠢᠵᠢᠭ ᠡᠪᠡᠳᠴᠢᠨ᠎ᠢ ᠰᠡᠷᠭᠡᠢᠯᠡᠬᠦ ᠮᠡᠷᠭᠡᠵᠢᠯ᠎ᠢ ᠨᠢᠭᠡ ᠴᠣᠭ᠍ᠴᠠᠵᠢᠭᠤᠯᠤᠭ᠍ᠰᠠᠨ ᠣᠳᠣᠬᠢᠴᠢᠯᠠᠭ᠍ᠰᠠᠨ ᠰᠠᠭᠠᠯᠢ᠎ᠶ᠋ᠢᠨ ᠢᠮᠠᠭ᠎ᠠ ᠲᠡᠵᠢᠭᠡᠨ ᠦᠷᠡᠵᠢᠭᠦᠯᠬᠦ᠌ ᠬᠠᠮ ᠬᠡᠯᠪᠡᠷᠢ᠎ᠶ᠋ᠢᠨ ᠵᠢᠱ᠌ᠢᠶ᠎ᠡ ᠦᠵᠡᠭᠦᠯᠬᠦ᠌ ᠰᠠᠭᠤᠷᠢᠨ᠎ᠢ ᠠᠯᠬᠤᠮ ᠠᠯᠬᠤᠮ᠎ᠢᠶᠠᠷ ᠪᠠᠢᠭᠤᠯᠵᠤ᠂ ᠡᠷᠬᠢᠨ ᠲᠣᠭᠣᠷᠢᠨ᠎ᠤ ᠰᠠᠭᠠᠯᠢ᠎ᠶ᠋ᠢᠨ ᠢᠮᠠᠭ᠎ᠠ ᠲᠡᠵᠢᠭᠡᠨ ᠦᠷᠡᠵᠢᠭᠦᠯᠬᠦ᠌ 10 — 25 ᠮᠠᠯᠵᠢᠬᠤ ᠲᠠᠷᠢᠶᠠᠯᠠᠬᠤ ᠡᠷᠦᠬᠡ᠎ᠶ᠋ᠢ ᠳᠠᠢᠴᠢᠯᠠᠨ᠂ ᠡᠷᠦᠬᠡ ᠳᠤᠮᠳᠠᠴᠢᠳ᠋ᠤ 10 ᠲᠦᠮᠡᠨ ᠲᠥᠭᠥᠷᠢᠭ᠎ᠦᠨ ᠣᠷᠣᠯᠭ᠎ᠠ ᠡᠬᠦᠳᠴᠤ ᠦᠭᠬᠦᠭᠰᠡᠨ ᠪᠠᠢᠨ᠎ᠠ᠃
ᠵᠡᠭᠦᠯᠳᠡ᠄
ᠢᠮᠠᠭᠠᠨ ᠰᠦ ᠪᠤᠯ ᠡᠭᠡ ᠵᠢᠨ ᠰᠦ ᠲᠠᠢ ᠬᠠᠮᠤᠭ᠎ᠤᠨ ᠦᠢᠷᠠᠯᠴᠠᠭ᠎ᠠ ᠰᠦ ᠵᠢᠨ ᠪᠦᠳᠦᠭᠡᠭᠳᠡᠬᠦᠨ ᠮᠦᠨ᠂ ᠲᠡᠬᠦᠨ᠎ᠳᠤ 200 ᠭᠠᠷᠤᠢ ᠵᠦᠢᠯ᠎ᠤᠨ ᠰᠢᠮ᠎ᠠ ᠲᠡᠵᠢᠭᠡᠯᠳᠤ ᠪᠤᠳᠠᠰ ᠪᠠ ᠠᠮᠢᠳᠤ ᠪᠤᠳᠠᠰ᠎ᠤᠨ ᠢᠳᠡᠪᠬᠢ ᠪᠤᠳᠠᠰ ᠠᠭᠤᠯᠤᠭᠳᠠᠵᠤ᠂ ᠲᠤᠳᠤᠷ᠎ᠠ ᠨᠢ ᠤᠯᠠᠨ ᠵᠦᠢᠯ᠎ᠤᠨ ᠰᠦᠨ ᠬᠦᠴᠢᠯ᠂ 20 ᠭᠠᠷᠤᠢ ᠵᠦᠢᠯ᠎ᠤᠨ ᠰᠢᠪᠳᠤᠷᠳᠤ ᠬᠦᠴᠢᠯ ᠪᠠ ᠸᠢᠲ᠋ᠠᠮᠢᠨ᠂ 25 ᠵᠦᠢᠯ᠎ᠤᠨ ᠡᠷᠤᠳᠡᠰᠤ ᠪᠤᠳᠠᠰ᠂ ᠬᠡᠳᠤᠨ ᠠᠷᠪᠠᠨ ᠵᠦᠢᠯ᠎ᠤᠨ ᠢᠰᠭᠡᠬᠦᠷ ᠪᠠ ᠤᠯᠠᠨ ᠵᠦᠢᠯ᠎ᠤᠨ ᠰᠦᠨ ᠰᠢᠬᠢᠷ ᠠᠭᠤᠯᠤᠭᠳᠠᠳᠠᠭ᠃
ᠬᠤᠯᠪᠤᠭᠠᠰᠤ᠄
ᠥᠪᠡᠷᠲᠡᠭᠡᠨ ᠵᠠᠰᠠᠬᠤ ᠣᠷᠣᠨ᠎ᠡᠴᠡ ᠳᠤᠮᠳᠠ ᠪᠠᠷᠠᠭᠤᠨ ᠬᠡᠰᠡᠭ᠎ᠦᠨ ᠭᠠᠵᠠᠷ ᠣᠷᠣᠨ ᠢ᠋ ᠰᠠ ᠨᠧᠩ (ᠰᠠᠭᠠᠯᠢ ᠵᠢᠨ ᠢᠮᠠᠭᠠᠨ᠎ᠤ ᠡᠭᠦᠯᠳᠡᠷ)᠂ ᠳ᠋ᠦᠩ ᠹᠦ᠋ ᠯᠢ ᠱᠧᠩ (ᠰᠠᠭᠠᠯᠢ᠎ᠶ᠋ᠢᠨ ᠬᠣᠨᠢᠨ᠎ᠤ ᠡᠭᠦᠯᠳᠡᠷ)ᠵᠡᠷᠭᠡ ᠰᠠᠭᠠᠯᠢ᠎ᠶ᠋ᠢᠨ ᠬᠤᠨᠢ ᠢᠮᠠᠭᠠᠨ᠎ᠤ ᠡᠭᠦᠯᠳᠡᠷ ᠲᠡᠵᠢᠭᠡᠨ ᠦᠷᠡᠵᠢᠭᠦᠯᠬᠦ᠌᠎ᠪᠡᠷ ᠭᠤᠤᠯ ᠪᠣᠯᠭᠠᠭ᠍ᠰᠠᠨ ᠴᠢᠨᠠᠷ ᠰᠠᠢᠲᠠᠶ ᠣᠨᠴᠠᠯᠢᠭ᠍ᠲᠤ ᠬᠤᠨᠢ ᠢᠮᠠᠭᠠᠨ ᠰᠦ ᠶ᠋ᠢᠨ ᠢᠷᠡᠯᠲᠡ᠎ᠶ᠋ᠢᠨ ᠰᠠᠭᠤᠷᠢᠨ ᠪᠣᠯᠭᠠᠨ ᠪᠠᠢᠭᠤᠯᠵᠦ ᠪᠤᠢ᠃ ᠡᠨᠡ ᠨᠢ ᠮᠠᠨ᠎ᠤ ᠤᠷᠤᠨ᠎ᠤ ᠳᠤᠮᠳᠠ ᠪᠠᠷᠠᠭᠤᠨ ᠬᠡᠰᠡᠭ᠎ᠦᠨ ᠭᠠᠵᠠᠷ ᠣᠷᠣᠨ ᠪᠣᠯ ᠥᠪᠥᠷ ᠮᠣᠩᠭᠣᠯ᠎ᠤᠨ ᠴᠣᠷ᠎ᠤᠨ ᠭᠠᠭ᠍ᠴᠠ ᠴᠢᠨᠠᠷ ᠰᠠᠢᠲᠠᠶ ᠬᠤᠨᠢ ᠢᠮᠠᠭᠠᠨ ᠰᠦ ᠶ᠋ᠢᠨ ᠢᠷᠡᠯᠲᠡ᠎ᠶ᠋ᠢᠨ ᠰᠠᠭᠤᠷᠢᠨ ᠭᠠᠵᠠᠷ ᠪᠣᠯᠬᠤ᠎ᠶ᠋ᠢ ᠬᠠᠷᠠᠭᠤᠯᠵᠤ ᠪᠠᠢᠨ᠎ᠠ᠃ ᠡᠬᠦᠨ᠎ᠳᠤ ᠬᠦᠬᠡᠬᠤᠳᠠ᠂ ᠤᠯᠠᠭᠠᠨᠴᠠᠪ᠂ ᠰᠢᠯᠢ ᠵᠢᠨ ᠭᠤᠤᠯ᠂ ᠪᠤᠭᠤᠳᠤ᠂ ᠤᠷᠳᠤᠰ᠂ ᠦᠬᠠᠢ᠂ ᠪᠠᠶᠠᠠᠨᠠᠭᠤᠷ᠂ ᠠᠯᠠᠱᠠ ᠵᠡᠷᠭᠡ ᠭᠠᠵᠠᠷ ᠤᠷᠤᠨ ᠪᠠᠭᠳᠠᠨ᠎ᠠ᠃ ᠣᠷᠳᠣᠰ ᠬᠣᠲᠠ᠎ᠶ᠋ᠢᠨ ᠥᠪᠡᠷᠮᠢᠴᠡ ᠣᠯᠠᠨ ᠡᠱᠢᠲᠦ ᠠᠮᠢ ᠠᠬᠤᠶ᠎ᠶ᠋ᠢᠨ ᠱᠢᠰᠲ᠋ᠧᠮ ᠨᠢ ᠰᠠᠭᠠᠯᠢ᠎ᠶ᠋ᠢᠨ ᠢᠮᠠᠭᠠᠨ᠎ᠤ ᠥᠰᠥᠯᠲᠡ ᠪᠣᠢᠵᠢᠯᠲᠠ᠎ᠳᠤ ᠱᠢᠯᠢᠳᠡᠭ ᠣᠷᠴᠢᠨ ᠲᠣᠭᠣᠷᠢᠨ ᠪᠠ ᠱᠢᠮ᠎ᠡ ᠲᠡᠵᠢᠭᠡᠯ ᠬᠠᠩᠭᠠᠵᠤ᠂ ᠳᠤᠮᠳᠠ ᠪᠠᠷᠠᠭᠤᠨ ᠬᠡᠰᠡᠭ᠎ᠦᠨ ᠰᠠᠭᠠᠯᠢ᠎ᠶ᠋ᠢᠨ ᠢᠮᠠᠭ᠎ᠠ ᠲᠡᠵᠢᠭᠡᠨ ᠦᠷᠡᠵᠢᠭᠦᠯᠬᠦ᠌᠎ᠳᠦ ᠲᠣᠬᠢᠷᠠᠮᠵᠢᠲᠠᠶ ᠭᠤᠤᠯ ᠣᠷᠣᠨ᠎ᠤ ᠨᠢᠭᠡ ᠪᠤᠯᠪᠠ᠃