ᠤᠢᠷ᠎ᠠ ᠳ᠋ᠸ᠋᠂ ᠬᠦᠬᠡᠬᠤᠳᠠ ᠵᠢᠨ ᠢᠦᠢᠴᠢᠤᠸᠠᠨ ᠲᠤᠭᠤᠷᠢᠬ ᠤ᠋ᠨ ᠲᠤᠳᠤᠭᠠᠳᠤ ᠵᠢ ᠬᠠᠮᠠᠭᠠᠯᠠᠬᠤ ᠬᠤᠪᠢᠶᠠᠷᠢ ᠲᠤᠪᠴᠢᠶ᠎ᠠ ᠵᠢᠨ 110 ᠬᠡᠷᠡᠭ ᠤ᠋ᠨ ᠮᠡᠳᠡᠬᠦᠯᠦᠯᠳᠡ ᠵᠢᠨ ᠲᠦᠪ ᠤ᠋ᠨ ᠬᠢᠨ ᠰᠠᠭᠤᠭᠠᠯᠢ ᠠᠷᠠᠳ ᠳ᠋ᠢᠩ ᠤᠪᠤᠬᠳᠤ ᠵᠢᠨ ᠬᠤᠭᠤᠰᠤᠨ ᠵᠠᠬᠢᠶᠠᠯᠠᠭ᠎ᠠ ᠨᠡᠮᠡᠭᠳᠡᠬᠦᠯᠬᠦ ᠨᠡᠷ᠎ᠡ ᠪᠡᠷ 54 ᠲᠦᠮᠡᠨ ᠲᠦᠬᠦᠷᠢᠭ ᠮᠡᠬᠡᠯᠡᠭᠳᠡᠵᠡᠢ ᠭᠡᠰᠡᠨ ᠬᠡᠷᠡᠭ ᠤ᠋ᠨ ᠮᠡᠳᠡᠬᠦᠯᠦᠯᠳᠡ ᠵᠢ ᠲᠤᠰᠪᠠ᠃ ᠴᠠᠬᠳᠠᠭ᠎ᠠ ᠨᠠᠷ ᠬᠦᠯᠢᠶᠡᠨ ᠠᠪᠴᠤ ᠬᠡᠷᠡᠭ ᠪᠤᠯᠭᠠᠨ ᠲᠠᠩᠰᠠᠯᠠᠵᠤ᠂ ᠴᠠᠬ ᠮᠢᠨᠦ᠋ᠲᠢ ᠠᠯᠳᠠᠯ ᠦᠬᠡᠢ ᠪᠠᠢᠴᠠᠭᠠᠯᠳᠠ ᠬᠢᠪᠡ᠃ ᠰᠦᠪᠡᠭᠴᠢ ᠪᠤᠯᠭᠠᠨᠢ ᠬᠦᠨ ᠠᠭᠤᠳᠠᠯᠤᠨ ᠨᠠᠷᠢᠯᠢᠬ ᠪᠠᠢᠴᠠᠭᠠᠬᠰᠠᠨ ᠵᠢᠡᠷ ᠶᠠᠯ᠎ᠠ ᠵᠢᠨ ᠰᠡᠵᠢᠭᠳᠡᠨ ᠯᠢ ᠤᠪᠤᠬᠳᠤ ᠵᠢᠨ ᠪᠡᠶ᠎ᠡ ᠬᠡᠮ ᠤ᠋ᠨ ᠮᠡᠳᠡᠬᠡ ᠵᠠᠩᠬᠢ ᠵᠢ ᠲᠤᠬᠳᠠᠭᠠᠪᠠ᠃ ᠤᠯᠠᠮ ᠴᠢᠨᠠᠬᠰᠢᠳᠠ ᠪᠠᠢᠴᠠᠭᠠᠬᠤ ᠪᠡᠷ ᠲᠠᠮᠵᠢᠨ᠂ ᠯᠢ ᠤᠪᠤᠬᠳᠤ ᠵᠢᠨ ᠨᠡᠷ᠎ᠡ ᠲᠡᠭᠡᠷᠡᠬᠢ ᠲᠠᠩᠰᠠᠨ ᠤ᠋ ᠴᠤᠪᠤᠷᠠᠯ ᠨᠢ 500 ᠭᠠᠷᠤᠢ ᠲᠦᠮᠡᠨ ᠲᠦᠬᠦᠷᠢᠭ ᠲᠦ᠍ ᠬᠦᠷᠦᠭᠰᠡᠨᠢ ᠤᠯᠵᠤ ᠮᠡᠳᠡᠪᠡ᠃
ᠬᠦᠬᠡᠬᠤᠳᠠ ᠵᠢᠨ ᠴᠠᠬᠳᠠᠭ᠎ᠠ ᠵᠢᠨ ᠬᠢᠨ ᠡᠯ᠎ᠡ ᠭᠠᠵᠠᠷ ᠤ᠋ᠨ ᠴᠠᠬᠳᠠᠭ᠎ᠠ ᠲᠠᠢ ᠬᠠᠮᠵᠢᠯᠴᠠᠨ ᠯᠢ ᠤᠪᠤᠬᠳᠤ ᠵᠢ ᠪᠠᠷᠢᠪᠴᠢᠯᠠᠬᠤ ᠪᠡᠷ ᠨᠡᠬᠡᠮᠵᠢᠯᠡᠪᠡ᠃ ᠭᠠᠨᠰᠤ ᠮᠤᠵᠢ ᠵᠢᠨ ᠴᠠᠬᠳᠠᠭ᠎ᠠ ᠨᠠᠷ ᠤ᠋ᠨ ᠬᠠᠮᠵᠢᠯᠴᠠᠭ᠎ᠠ ᠳᠤᠤᠷ᠎ᠠ ᠰᠢᠷᠭᠠᠭᠤ ᠬᠠᠳᠠᠭᠤᠵᠢᠯᠳᠠᠢ ᠪᠦᠭᠬᠦᠨ ᠬᠦᠯᠢᠶᠡᠬᠦ ᠪᠤᠯᠤᠨ ᠨᠠᠷᠢᠨ ᠨᠢᠬᠳᠠ ᠪᠠᠢᠷᠢᠯᠠᠭᠤᠯᠬᠤ ᠪᠡᠷ ᠲᠠᠮᠵᠢᠨ᠂ ᠡᠴᠦᠰ ᠲᠡᠭᠡᠨ ᠶᠠᠯ᠎ᠠ ᠵᠢᠨ ᠰᠡᠵᠢᠭᠳᠡᠨ ᠯᠢ ᠤᠪᠤᠬᠳᠤ ᠵᠢ ᠪᠠᠷᠢᠪᠴᠢᠯᠠᠪᠠ᠃
ᠬᠡᠳᠡᠯ᠎ᠡ ᠯᠢ ᠤᠪᠤᠬᠳᠤ ᠬᠡᠷᠡᠭ ᠵᠢᠡᠨ ᠦᠴᠢᠭᠯᠡᠵᠦ ᠶᠠᠯ᠎ᠠ ᠪᠡᠨ ᠮᠡᠳᠡᠷᠡᠭᠰᠡᠨ ᠦᠬᠡᠢ᠃ ᠲᠡᠷᠡ ᠪᠤᠰᠤᠳ ᠬᠦᠮᠦᠨ ᠲᠠᠢ ᠬᠠᠮᠵᠢᠯᠴᠠᠨ ᠺᠤᠮᠫᠠᠨᠢ ᠪᠠᠢᠭᠤᠯᠤᠬᠰᠠᠨ ᠶᠠᠪᠤᠳᠠᠯ ᠵᠢᠡᠷ ᠬᠠᠯᠬᠠᠪᠴᠢ ᠪᠤᠯᠭᠠᠨ ᠶᠠᠯᠠᠳᠤ ᠠᠵᠢᠯᠯᠠᠭ᠎ᠠ ᠪᠡᠨ ᠨᠢᠭᠤᠨ ᠲᠠᠯᠳᠠᠯᠠᠬᠤ ᠪᠡᠷ ᠤᠷᠤᠯᠳᠤᠪᠠ᠃ ᠬᠡᠪᠡᠴᠦ ᠨᠢᠭᠤᠪᠠᠴᠤ ᠨᠢᠷᠤᠭᠤ ᠨᠢ ᠢᠯᠡ᠂ ᠲᠠᠯᠳᠠᠯᠠᠪᠠᠴᠤ ᠲᠠᠯᠤ ᠨᠢ ᠢᠯᠡ᠃ ᠪᠠᠳᠤᠳᠠᠢ ᠬᠡᠷᠡᠴᠢ ᠪᠠᠷᠢᠮᠳᠠ ᠨᠤᠭᠤᠳ ᠯᠢ ᠤᠪᠤᠬᠳᠤ ᠵᠢᠨ ᠡᠮᠦᠨ᠎ᠡ ᠲᠡᠯᠭᠡᠭᠳᠡᠬᠦ ᠳ᠋ᠸ᠋ ᠲᠡᠬᠦᠨ ᠤ᠋ ᠰᠡᠳᠬᠢᠴᠡ ᠵᠢᠨ ᠬᠤᠷᠢᠬᠯᠠᠯᠳᠠ ᠵᠢᠨ ᠱᠤᠭᠤᠮ ᠨᠢ ᠰᠦᠢᠷᠡᠵᠦ᠂ ᠦᠪᠡᠷ ᠤ᠋ᠨ ᠦᠨᠳᠦᠷ ᠬᠦᠯᠦᠰᠦ ᠬᠠᠷᠢᠭᠤ ᠤᠯᠬᠤ ᠵᠢᠨ ᠲᠦᠯᠦᠬᠡ ᠺᠠᠷᠲ ᠲᠡᠬᠢ ᠪᠡᠯᠡ ᠮᠦᠩᠬᠦ ᠨᠢ ᠬᠠᠤᠯᠢ ᠡᠴᠨ ᠵᠦᠷᠢᠴᠡᠭᠰᠡᠨ ᠶᠠᠯᠠᠳᠤ ᠠᠵᠢᠯᠯᠠᠭ᠎ᠠ ᠵᠢᠨ ᠪᠡᠯᠡ ᠮᠦᠩᠬᠦ ᠬᠡᠳᠡᠭᠢ ᠲᠤᠳᠤᠷᠬᠠᠢ ᠮᠡᠳᠡᠵᠦ ᠪᠠᠢᠭᠠᠳ ᠮᠦᠨ ᠯᠡ ᠪᠤᠰᠤᠳ ᠤ᠋ᠨ ᠵᠢᠯᠤᠭᠤᠳᠤᠯᠭ᠎ᠠ ᠪᠡᠷ ᠠᠯᠪᠠᠨ ᠤ᠋ ᠲᠠᠩᠰᠠᠨ ᠳ᠋ᠤᠭᠠᠷᠢ ᠪᠤᠰᠤᠳ ᠬᠦᠮᠦᠨ ᠳ᠋ᠸ᠋ ᠬᠡᠷᠡᠭᠯᠡᠬᠦᠯᠦᠭᠰᠡᠨ ᠬᠠᠤᠯᠢ ᠡᠴᠨ ᠵᠦᠷᠢᠴᠡᠭᠰᠡᠨ ᠶᠠᠯᠠᠳᠤ ᠠᠵᠢᠯᠯᠠᠭ᠎ᠠ ᠪᠡᠨ ᠦᠴᠢᠭᠯᠡᠨ ᠲᠤᠰᠢᠶᠠᠪᠠ᠃ ᠤᠳᠤᠬᠠᠨ ᠳ᠋ᠸ᠋᠂ ᠳᠤᠰ ᠬᠡᠷᠡᠭᠢ ᠤᠯᠠᠮ ᠴᠢᠨᠠᠬᠰᠢᠳᠠ ᠰᠢᠢᠳᠪᠦᠷᠢᠯᠡᠵᠦ ᠪᠤᠢ᠃