ᠣᠷᠳᠣᠰ᠎ᠤᠨ ᠦᠨᠳᠤᠰᠤᠨ ᠲᠦᠷᠪᠡᠨ ᠬᠦᠭᠵᠢᠮ᠎ᠦᠨ ᠵᠢᠮᠰᠡᠭ᠎ᠦᠨ ᠲᠤᠬᠠᠢ
2023-06-12 11:29:24
ᠵᠣᠬᠢᠶᠠᠭ᠍ᠴᠢ᠄
ᠷ·ᠲᠤᠷᠤᠨ᠎ᠠ
ᠣᠩᠱᠢᠭ᠍ᠰᠠᠨ ᠣᠳᠠᠭ᠎ᠠ᠄
★★★☆☆

ᠬᠣᠷᠢᠨ ᠨᠢᠭᠡᠳᠦᠭᠡᠷ ᠵᠠᠭᠤᠨ᠎ᠤ ᠡᠨᠡ ᠴᠠᠭ ᠡᠷᠢᠨ᠎ᠳᠦ ᠤᠤᠭᠠᠯ ᠰᠣᠶᠣᠯ᠎ᠢᠶᠠᠨ ᠲᠡᠭᠡᠳᠦᠯᠡᠨ ᠬᠠᠮᠠᠭᠠᠯᠠᠵᠤ᠂ ᠥᠪᠯᠡᠨ ᠵᠠᠯᠭᠠᠮᠵᠢᠯᠠᠵᠤ᠂ ᠴᠢᠨᠠᠭᠰᠢᠳᠠ ᠬᠥᠭᠵᠢᠭᠦᠯᠬᠦ᠌᠎ᠪᠡᠷ ᠴᠢᠷᠮᠠᠶ᠋ᠢᠬᠤ ᠶᠠᠪᠤᠳᠠᠯ ᠪᠣᠯ ᠨᠢᠳᠤᠨ ᠡᠮᠦᠨ᠎ᠡ ᠪᠢᠳᠡᠨ᠎ᠳᠦ ᠲᠤᠯᠭᠠᠮ᠎ᠠ ᠱᠠᠭᠠᠷᠳᠠᠭᠳᠠᠵᠤ ᠪᠠᠶ᠋ᠢᠭ᠎ᠠ ᠴᠢᠬᠤᠯᠠ ᠠᠰᠠᠭᠤᠳᠠᠯ ᠪᠤᠯᠤᠭᠠᠳ ᠪᠠᠶ᠋ᠢᠨ᠎ᠠ᠃ ᠮᠠᠨ᠎ᠤ ᠣᠷᠳᠣᠰ ᠠᠷᠠᠳ᠎ᠤᠨ ᠲᠠᠭᠤᠤ ᠪᠣᠯ ᠶᠠᠭ ᠡᠨᠡ ᠬᠦ᠌ ᠬᠠᠮᠠᠭᠠᠯᠠᠵᠤ ᠬᠦᠭᠵᠢᠬᠦᠯᠬᠦ᠌ ᠲᠦᠷᠦᠯ᠎ᠦᠨ ᠦᠨᠡᠳᠦ ᠵᠦᠢᠯᠡᠰ ᠮᠦᠨ ᠪᠤᠯᠬᠤᠷ ᠡᠳᠦᠭᠡ ᠤᠷᠳᠣᠰ ᠤᠤᠭᠠᠯ ᠠᠷᠠᠳ᠎ᠤᠨ ᠲᠠᠭᠤᠤ᠎ᠶᠢᠨ ᠲᠤᠬᠠᠢ ᠰᠣᠷᠪᠤᠯᠵᠢᠯᠠᠵᠤ ᠰᠣᠳᠣᠯᠵᠤ ᠪᠠᠶ᠋ᠢᠭ᠎ᠠ ᠬᠦᠮᠦᠰ ᠤᠯᠠᠮ ᠤᠯᠠᠰᠢᠷᠠᠵᠤ ᠢᠷᠡᠪᠡ᠃ ᠲᠤᠤᠷ᠎ᠠ ᠪᠢ ᠣᠷᠳᠤᠰ᠎ᠤᠨ ᠦᠨᠳᠦᠰᠦᠨ ᠲᠥᠷᠪᠡᠨ ᠬᠥᠭᠵᠢᠮ᠎ᠦᠨ ᠵᠢᠮᠰᠡᠭ᠎ᠦᠨ ᠲᠤᠬᠠᠢ ᠰᠤᠷᠪᠤᠯᠵᠢᠯᠠᠵᠤ ᠰᠤᠳᠤᠯᠤᠭᠰᠠᠨ ᠪᠠᠶ᠋ᠢᠳᠠᠯ᠎ᠢᠶᠠᠨ ᠲᠠᠶᠠᠭᠠᠷ ᠲᠠᠢ᠎ᠪᠠᠨ ᠲᠦᠭᠦᠮ ᠬᠤᠪᠢᠶᠠᠯᠴᠠᠶ᠎ᠠ᠃

ᠬᠦᠮᠦᠰ ᠣᠷᠳᠣᠰ ᠠᠷᠠᠳ᠎ᠤᠨ ᠲᠠᠭᠤᠤ᠎ᠶᠢ ᠲᠠᠭᠤᠯᠠᠬᠤ᠎ᠳᠠᠭᠠᠨ ᠭᠤᠤᠯᠳᠠᠭᠤ ᠶᠠᠩᠴᠢᠨ᠂ ᠯᠢᠮᠪᠦ᠌ (ᠪᠢᠰᠬᠢᠭᠦᠷ)᠂ ᠲᠦᠷᠪᠡᠨ ᠤᠳᠠᠰᠤᠳᠤ ᠬᠤᠭᠤᠷ᠂ ᠱᠠᠨᠵᠠ (ᠱᠤᠳᠤᠷᠭᠤ)᠎ᠪᠠᠷ ᠬᠦᠭᠵᠢᠮᠳᠡᠵᠦ᠍ ᠪᠠᠶ᠋ᠢᠵᠠᠢ ᠬᠡᠵᠦ᠍ ᠦᠵᠡᠬᠦ᠌ ᠪᠠ ᠡᠨᠡ ᠲᠦᠷᠪᠡᠨ ᠬᠦᠭᠵᠢᠮ᠎ᠤᠨ ᠵᠢᠮᠰᠡᠭ᠎ᠢ ᠣᠷᠳᠣᠰ ᠠᠷᠠᠳ᠎ᠤᠨ ᠲᠠᠭᠤᠤ ᠵᠢᠨ ᠲᠦᠷᠪᠡᠨ ᠦᠨᠳᠤᠰᠤᠨ ᠬᠦᠭᠵᠢᠮ᠎ᠦᠨ ᠵᠢᠮᠰᠡᠭ ᠬᠡᠵᠦ᠍ ᠦᠵᠡᠵᠡᠬᠡᠵᠦ᠍ ᠪᠠᠶ᠋ᠢᠨ᠎ᠠ᠃ ᠲᠡᠭᠡᠬᠦᠯᠡᠷ ᠡᠨᠡ ᠬᠡᠳᠦᠨ ᠬᠦᠭᠵᠢᠮ᠎ᠦᠨ ᠵᠢᠮᠰᠡᠭ᠎ᠦᠨ᠎ᠢᠶᠡᠨ ᠲᠡᠦᠬᠡᠨ ᠤᠯᠠ ᠮᠥᠷ᠎ᠢ ᠮᠥᠰᠬᠢᠵᠦ᠍ ᠦᠵᠡᠪᠡᠯ ᠲᠡᠳᠡᠭᠡᠷ ᠨᠢ ᠣᠷᠳᠣᠰ ᠠᠷᠠᠳ᠎ᠤᠨ ᠲᠤᠮᠤᠭ ᠶᠠᠷᠢᠶ᠎ᠠ᠎ᠳᠤ ᠶᠠᠷᠢᠭᠳᠠᠨ᠂ ᠤᠷᠳᠤᠰ ᠠᠷᠠᠳ᠎ᠤᠨ ᠲᠠᠭᠤᠤ᠎ᠳᠤ ᠲᠠᠭᠤᠯᠠᠭᠳᠠᠨ ᠦᠯᠡᠳᠡᠭᠰᠡᠨ᠎ᠢ ᠣᠯᠵᠤ ᠬᠠᠷᠠᠯ᠎ᠠ᠃ ᠵᠢᠱ᠌ᠢᠶᠡᠯᠡᠪᠡᠯ᠄ ᠣᠷᠳᠤᠰ ᠲᠣᠮᠣᠭ ᠶᠠᠷᠢᠶᠠᠨ᠎ᠳᠤ᠄ ᠣᠵᠠᠭᠤᠷ᠎ᠲᠤ᠌ ᠪᠤᠷᠬᠠᠨ ᠪᠠᠭᠰᠢ ᠨᠢᠭᠡ ᠰᠢᠶᠡᠨᠽᠡ (ᠱᠠᠨᠵᠠ) ᠵᠤᠬᠢᠶᠠᠭᠠᠳ ᠠᠪᠴᠠᠢ᠂ ᠡᠭᠦᠨ᠎ᠢ ᠨᠢ ᠴᠢᠳᠬᠦᠷ ᠦᠵᠡᠭᠡᠳ ᠪᠠᠰᠠ ᠨᠢᠭᠡ ᠬᠤᠶ᠋ᠢᠴᠢᠩ (ᠬᠤᠭᠤᠷ) ᠵᠠᠰᠠᠭᠠᠳ ᠠᠪᠴᠠᠢ᠃ ᠲᠡᠭᠡᠭᠡᠳ ᠲᠠᠳᠠᠬᠤᠯᠠᠷ ᠲᠡᠷᠡ ᠨᠢ ᠲᠤᠤᠭᠠᠷᠳᠠᠭ ᠦᠭᠡᠢ ᠭᠡᠨ᠎ᠡ᠃ ᠲᠡᠬᠡᠬᠡᠳ ᠴᠢᠳᠬᠦᠷ ᠨᠢ ᠴᠢᠳᠬᠦᠷ ᠭᠠᠷᠭᠠᠵᠤ᠄ 《ᠵᠠ ᠪᠤᠷᠬᠠᠨ ᠪᠠᠭᠰᠢ ᠡ᠂ ᠪᠢ ᠨᠢᠭᠡ ᠬᠤᠶ᠋ᠢᠴᠢᠩ ᠵᠠᠰᠠᠭᠠᠳ ᠠᠪᠤᠯ᠎ᠠ᠃ ᠠᠢ᠂ ᠲᠠᠭᠤᠤ ᠨᠢ ᠶᠠᠭᠠᠬᠢᠭᠰᠠᠨ ᠶᠡᠬᠡ ᠶᠤᠮ ᠪᠢᠯᠡ? 》 ᠬᠡᠬᠦᠯᠡᠷ ᠪᠤᠷᠬᠠᠨ ᠪᠠᠭᠰᠢ᠄ 《ᠥ᠂ ᠲᠡᠭᠡᠪᠡᠯ ᠲᠠᠪᠠᠷᠬᠠᠢ ᠨᠢ ᠶᠡᠬᠡᠳᠡᠴᠢᠬᠡᠭᠰᠡᠨ ᠪᠠᠶ᠋ᠢᠬᠤ ᠶᠤᠮ ᠪᠠᠶ᠋ᠢᠨ᠎ᠠ ᠰᠢᠦ!》 ᠬᠡᠵᠦ᠍ ᠬᠡᠯᠡᠬᠦᠯᠡᠷ ᠴᠢᠳᠬᠦᠷ ᠬᠤᠶ᠋ᠢᠴᠢᠩ᠎ᠳᠤ ᠲᠠᠪᠠᠷᠬᠠᠢ ᠬᠡᠷᠡᠭᠯᠡᠳᠡᠭ᠎ᠢ ᠮᠡᠳᠡᠵᠦ᠍ ᠲᠠᠪᠠᠷᠬᠠᠢ ᠲᠦᠷᠬᠢᠭᠡᠳ ᠬᠤᠶ᠋ᠢᠴᠢᠩ᠎ᠢᠶᠠᠨ ᠲᠤᠤᠭᠠᠷᠭᠠᠭᠰᠠᠨ ᠭᠡᠨ᠎ᠡ ᠭᠡᠳᠡᠭ᠃ ᠢᠩᠬᠢᠭᠰᠡᠨ᠎ᠡᠴᠡ ᠬᠤᠶ᠋ᠢᠰᠢ ᠤᠷᠳᠤᠰ ᠬᠦᠮᠦᠰ ᠦᠨᠡᠨ ᠦᠭᠡ᠎ᠪᠡᠨ ᠬᠡᠯᠡᠬᠦ᠌ ᠦᠭᠡᠢ ᠪᠡᠷ ᠵᠠᠯᠢᠯᠠᠳᠠᠭ ᠬᠥᠮᠦᠨ᠎ᠢ 《ᠴᠢᠳᠬᠦᠷ ᠭᠠᠷᠭᠠᠵᠤ ᠪᠠᠶ᠋ᠢᠨ᠎ᠠ》 ᠭᠡᠳᠡᠭ ᠪᠤᠯᠤᠭᠰᠠᠨ ᠭᠡᠨ᠎ᠡ᠃ 

ᠤᠷᠳᠣᠰ ᠠᠷᠠᠳ᠎ᠤᠨ ᠲᠠᠭᠤᠤ᠎ᠳᠤ ᠡᠨᠡ ᠲᠦᠷᠪᠡᠨ ᠬᠦᠭᠵᠢᠮ᠎ᠦᠨ ᠵᠢᠮᠰᠡᠭ᠎ᠦᠨ ᠲᠤᠬᠠᠢ ᠦᠯᠡᠳᠡᠭᠰᠡᠨ ᠤᠯᠠ ᠮᠦᠷ ᠭᠡᠪᠡᠯ᠂ 《ᠠᠯᠳᠠᠨ ᠬᠤᠨᠳᠠᠭ᠎ᠠ》 ᠪᠤᠶᠤ 《ᠥᠨᠳᠦᠷ ᠮᠠᠩᠬᠠᠨ ᠰᠢᠯᠢ》 ᠬᠡᠵᠦ᠍ ᠨᠡᠷᠡᠯᠡᠳᠡᠭ ᠲᠠᠭᠤᠤ᠎ᠳᠤ 《ᠬᠤᠭᠤᠷ ᠶᠤ᠌ ᠬᠤᠶ᠋ᠢᠴᠢᠩ᠎ᠢᠶᠠᠨ ᠲᠠᠳᠠᠮᠠᠨᠵᠢᠨ ᠰᠠᠢ \ ᠰᠠᠶ᠋ᠢᠯᠣᠷ ᠪᠠᠶ᠋ᠢᠳᠤᠩ ᠰᠠᠢ \ ᠬᠤᠳᠠ ᠶᠤ᠌ ᠲᠠ ᠨᠠᠷ ᠲᠠᠢ᠎ᠪᠠᠨ ᠨᠠᠶ᠋ᠢᠷᠯᠠᠨ ᠰᠠᠭᠤᠶ᠎ᠠ ᠳ᠋ᠤᠤ \ ᠶᠠᠩᠴᠢᠨ ᠶᠤ᠌ ᠶᠠᠳᠤᠭ᠎ᠠ᠎ᠶᠢ᠎ᠪᠡᠨ ᠳᠡᠯᠡᠳᠦᠮᠡᠨᠵᠢᠨ ᠰᠠᠢ \ ᠰᠠᠶ᠋ᠢᠯᠣᠷ ᠪᠠᠶ᠋ᠢᠳᠤᠩ ᠰᠠᠢ \ ᠶᠠᠮᠤᠳᠠᠨ ᠲᠠ ᠨᠠᠷ ᠲᠠᠢ ᠪᠠᠨ ᠨᠠᠶ᠋ᠢᠷᠯᠠᠨ ᠰᠠᠭᠤᠶ᠎ᠠ ᠳ᠋ᠤᠤ》 ᠭᠡᠵᠦ᠍ ᠳᠠᠭᠤᠯᠠᠳᠠᠭ᠃ ᠣᠷᠳᠣᠰ ᠠᠷᠠᠳ᠎ᠤᠨ ᠲᠠᠭᠤᠤ 《ᠰᠠᠨᠵᠢᠳᠮ᠎ᠠ》 ᠳ᠋ᠤ 《ᠰᠢᠶᠠᠨᠽᠡ (ᠱᠠᠨᠵᠠ)᠎ᠶᠢᠨ ᠴᠢᠨᠢ ᠦᠵᠦᠭᠦᠷ᠎ᠡᠴᠡ ᠠᠶᠠᠯᠭᠤ ᠭᠠᠷᠳᠠᠭ ᠶᠤᠮ ᠡ ᠳ᠋ᠤᠤ ᠰᠡᠳᠬᠢᠯ᠎ᠦᠨ ᠴᠢᠨᠢ ᠦᠵᠦᠭᠦᠷ᠎ᠡᠴᠡ ᠰᠠᠨᠵᠢᠳᠮ᠎ᠠ ᠭᠠᠷᠳᠠᠭ ᠶᠤᠮ ᠡ ᠳ᠋ᠤᠤ》 ᠬᠡᠵᠦ᠍ ᠲᠠᠭᠤᠯᠠᠵᠤ ᠪᠠᠶ᠋ᠢᠨ᠎ᠠ᠃ ᠤᠷᠳᠤᠰ ᠠᠷᠠᠳ᠎ᠤᠨ ᠲᠠᠭᠤᠤ᠎ᠶᠢᠨ ᠲᠤᠳᠤᠷ᠎ᠠ ᠯᠢᠮᠪᠦ᠌ (ᠪᠢᠰᠬᠢᠭᠦᠷ)᠎ᠶᠢᠨ ᠲᠤᠬᠠᠢ ᠪᠠᠰᠠ ᠲᠠᠭᠤᠤ ᠪᠠᠶ᠋ᠢᠳᠠᠭ᠃ ᠵᠢᠱ᠌ᠢᠶᠡᠯᠡᠪᠡᠯ᠄ 《ᠬᠢᠰᠬᠢᠷᠡᠬᠦ᠌ (ᠢᠰᠬᠢᠷᠡᠬᠦ᠌) ᠬᠤᠷᠢᠨ ᠰᠢᠳᠦ》 ᠭᠡᠬᠦ᠌ ᠲᠠᠭᠤᠤ᠎ᠳᠤ 《ᠬᠢᠰᠬᠢᠷᠡᠬᠦ᠌ ᠬᠤᠷᠢᠨ ᠰᠢᠳᠦ ᠨᠢ ᠯᠢᠮᠪᠦ᠌ ᠠᠳᠠᠯᠢᠬᠠᠨ \ ᠬᠡᠯᠡᠯᠴᠡᠭᠰᠡᠨ ᠬᠤᠶᠠᠷ ᠦᠭᠡ ᠨᠢ ᠳᠠᠩᠰᠠ ᠠᠳᠠᠯᠢᠬᠠᠨ \ ᠮᠠᠩᠬᠠᠨ ᠲᠡᠭᠡᠷ᠎ᠡ ᠪᠡᠨ ᠭᠠᠷᠴᠤ᠌ ᠢᠷᠡᠭᠡᠳ ᠴᠢᠩᠨᠠᠨ ᠰᠠᠭᠤᠬᠤᠯᠠᠷ \ ᠮᠠᠯ᠎ᠳᠠᠭᠠᠨ ᠶᠠᠪᠤᠭᠠᠳ ᠬᠢᠰᠬᠢᠷᠡᠬᠦ᠌ ᠨᠢ ᠯᠢᠮᠪᠦ᠌ ᠠᠳᠠᠯᠢᠬᠠᠨ》 ᠬᠡᠵᠦ᠍ ᠲᠠᠭᠤᠯᠠᠵᠤ ᠪᠠᠶ᠋ᠢᠭᠰᠠᠨ᠎ᠢᠶᠠᠷ ᠦᠵᠡᠪᠡᠯ᠂ ᠯᠢᠮᠪᠦ᠌ ᠨᠢ ᠴᠤ᠌ ᠣᠷᠳᠣᠰ᠎ᠲᠤ᠌ ᠦᠷᠭᠡᠨ᠎ᠢᠶᠡᠷ ᠬᠡᠷᠡᠭᠯᠡᠭᠳᠡᠵᠦ᠍ ᠪᠠᠶ᠋ᠢᠭᠰᠠᠨ᠎ᠢ ᠮᠡᠳᠡᠵᠦ᠍ ᠪᠤᠯᠤᠨ᠎ᠠ᠃ ᠯᠢᠮᠪᠦ᠌ ᠪᠣᠯ ᠦᠯᠢᠶᠡᠭᠦᠷ ᠬᠥᠭᠵᠢᠮ᠎ᠦᠨ ᠵᠢᠮᠰᠡᠭ ᠪᠤᠯᠬᠤᠷ ᠣᠷᠳᠣᠰᠴᠤᠤᠳ ᠯᠢᠮᠪᠦ ᠪᠡᠨ ᠪᠢᠰᠬᠢᠭᠦᠷ ᠬᠡᠵᠦ᠍ ᠴᠤ᠌ ᠨᠡᠷᠡᠯᠡᠳᠡᠭ ᠪᠠᠶ᠋ᠢᠭᠰᠠᠨ ᠶᠤᠮ᠃ ᠤᠷᠳᠤᠰ ᠲᠸ᠋ ᠮᠤᠷᠢᠨ ᠬᠤᠭᠤᠷ ᠪᠠᠢᠭᠰᠠᠨ ᠡᠰᠡᠬᠦ ᠵᠢᠨ ᠳᠤᠬᠠᠢ ᠳᠤᠷᠠᠳᠪᠠᠯ᠂ ᠨᠢᠭᠡ ᠨᠣᠮ ᠲᠡᠭᠡᠷ᠎ᠡ ᠬᠠᠩᠬᠢᠨ ᠬᠤᠰᠢᠭᠤᠨ᠎ᠤ ᠠᠯᠳᠠᠨᠸᠠᠴᠢᠷ ᠸᠠᠩ ᠨᠣᠶᠠᠨ᠎ᠤ ᠭᠡᠷ᠎ᠦᠨ ᠲᠠᠩᠰᠠᠨ ᠲᠡᠭᠡᠷ᠎ᠡ 《ᠬᠢᠬᠢᠯᠢ》 ᠭᠡᠰᠡᠨ ᠨᠢᠭᠡ ᠬᠦᠭᠵᠢᠮ᠎ᠦᠨ ᠵᠢᠮᠰᠡᠭ᠎ᠦᠨ ᠲᠤᠬᠠᠢ ᠲᠡᠮᠳᠡᠭᠯᠡᠯ ᠪᠠᠶ᠋ᠢᠭᠰᠠᠨ᠎ᠢᠶᠠᠷ ᠦᠵᠡᠪᠡᠯ᠂ ᠲᠡᠷᠡ ᠦᠶᠡᠰ᠎ᠲᠦ᠍ ᠮᠣᠷᠢᠨ ᠬᠤᠭᠤᠷ᠎ᠢ 《ᠬᠢᠬᠢᠯᠢ》 ᠬᠡᠵᠦ᠍ ᠨᠡᠷᠡᠯᠡᠵᠦ᠍ ᠪᠠᠶ᠋ᠢᠭᠰᠠᠨ ᠪᠦᠭᠡᠳ ᠸᠠᠩ ᠨᠣᠶᠠᠨ᠎ᠤ ᠭᠡᠷ᠎ᠲᠦ᠍ ᠭᠠᠭᠴᠠᠬᠠᠨ ᠪᠠᠶ᠋ᠢᠭᠰᠠᠨ᠎ᠢ ᠯᠠ ᠭᠡᠷᠡᠴᠢᠯᠡᠵᠦ᠍ ᠪᠠᠶ᠋ᠢᠨ᠎ᠠ᠃ ᠪᠠᠰᠠ ᠨᠢᠭᠡ ᠨᠢ ᠬᠤᠭᠤᠷ᠎ᠢ ᠲᠡᠷᠡ ᠦᠶ᠎ᠡ᠎ᠳᠦ ᠬᠤᠶ᠋ᠢᠴᠢᠩ ᠭᠡᠵᠦ᠍ ᠨᠡᠷᠡᠯᠡᠵᠦ᠍ ᠪᠠᠶ᠋ᠢᠭᠰᠠᠨ᠎ᠢ ᠬᠠᠯᠬ᠎ᠠ᠎ᠶᠢᠨ ᠬᠢᠨ ᠬᠡᠯᠡᠳᠡᠭ 《ᠬᠤᠤᠴᠠᠷ》 ᠭᠡᠰᠡᠨ ᠲᠠᠢ ᠠᠳᠠᠯᠢᠰᠢᠶᠠᠵᠤ᠂ ᠱᠠᠨᠵᠠ᠎ᠶᠢ ᠰᠢᠶᠡᠨᠽᠡ (线子)  ᠭᠡᠵᠦ᠍ ᠨᠡᠷᠡᠯᠡᠵᠦ᠍ ᠪᠠᠶ᠋ᠢᠭᠰᠠᠨ ᠨᠢ ᠲᠤᠳᠤᠷᠬᠠᠢ ᠪᠠᠶ᠋ᠢᠨ᠎ᠠ᠃

ᠪᠠᠰᠠ 《ᠶᠠᠩᠴᠢᠨ (ᠶᠤ᠌) ᠶᠠᠳᠤᠭ᠎ᠠ》 ᠭᠡᠰᠡᠨ᠎ᠢᠶᠡᠷ ᠨᠢ ᠣᠷᠳᠣᠰᠴᠤᠤᠳ ᠲᠡᠭᠡᠷ᠎ᠡ ᠦᠶ᠎ᠡ᠎ᠳᠦ ᠶᠠᠳᠤᠭ᠎ᠠ᠎ᠶᠢ ᠪᠠᠰᠠ ᠬᠡᠷᠡᠭᠯᠡᠵᠦ᠍ ᠪᠠᠶ᠋ᠢᠭᠰᠠᠨ᠎ᠢ ᠲᠤᠳᠤᠷᠠᠭᠤᠯᠤᠭᠰᠠᠨ ᠪᠦᠭᠡᠳ ᠮᠥᠷᠳᠡᠵᠦ᠍ ᠦᠵᠡᠪᠡᠯ᠂ ᠣᠷᠳᠣᠰ᠎ᠲᠤ᠌ ᠦᠨᠡᠬᠡᠷ ᠶᠤᠩᠬᠤᠷ᠎ᠢᠶᠠᠷ ᠤᠲᠠᠰᠤ ᠬᠢᠭᠰᠡᠨ᠂ ᠬᠠᠳᠤᠭᠤᠷ (ᠮᠣᠷᠣᠢ) ᠮᠣᠳᠣ ᠪᠠᠷ ᠬᠢᠭᠰᠡᠨ ᠶᠠᠲᠤᠭ᠎ᠠ ᠨᠡᠯᠢᠶᠡᠳ ᠤᠷᠤᠶ᠋ᠢᠬᠠᠨ ᠪᠤᠯᠳᠠᠯ᠎ᠠ ᠪᠠᠶᠠᠨ ᠪᠤᠶᠤ ᠶᠡᠬᠡ ᠰᠢᠭ ᠠᠶ᠋ᠢᠯ᠎ᠤᠳ᠎ᠢᠶᠠᠷ ᠬᠠᠳᠠᠭᠠᠯᠠᠭᠳᠠᠵᠤ ᠪᠠᠶ᠋ᠢᠭᠰᠠᠨ ᠶᠤᠮ ᠪᠠᠶ᠋ᠢᠨ᠎ᠠ᠃ ᠰᠤᠷᠪᠤᠯᠵᠢᠯᠭ᠎ᠠ᠎ᠪᠠᠷ ᠲᠠᠮᠵᠢᠭᠠᠳ ᠨᠡᠯᠢᠶᠡᠳ ᠡᠷᠲᠡᠨ᠎ᠦ ᠲᠦᠷᠪᠡᠨ ᠤᠲᠠᠰᠤᠳᠤ ᠬᠤᠭᠤᠷ ᠪᠣᠯᠣᠨ ᠱᠠᠨᠵᠠ ᠨᠢ ᠴᠤ᠌ ᠤᠳᠣ᠎ᠶᠢᠨ ᠬᠢ ᠰᠢᠭ ᠪᠣᠯᠣᠳ ᠤᠲᠠᠰᠣ ᠲᠠᠢ ᠪᠢᠰᠢ᠂ ᠬᠠᠷᠢᠨ ᠪᠦᠷ ᠶᠣᠩᠬᠤᠷ ᠤᠲᠠᠰᠤ ᠲᠠᠢ ᠪᠠᠶ᠋ᠢᠵᠠᠢ᠃ ᠨᠠᠷᠢᠨ᠂ ᠪᠦᠳᠦᠭᠦᠨ᠂ ᠲᠤᠮᠳᠠᠴᠢ ᠭᠡᠬᠦ ᠭᠤᠷᠪᠠᠨ ᠶᠠᠩᠵᠤ᠎ᠶᠢᠨ ᠤᠲᠠᠰᠤ ᠬᠢᠵᠦ᠍᠂ ᠬᠥᠭ᠎ᠢ ᠨᠢ ᠲᠠᠭᠠᠷᠠᠭᠤᠯᠵᠤ ᠪᠠᠶ᠋ᠢᠭᠰᠠᠨ ᠪᠠᠶ᠋ᠢᠨ᠎ᠠ᠃ ᠲᠡᠭᠡᠷ᠎ᠡ ᠬᠡᠯᠡᠭᠰᠡᠨ ᠰᠢᠭ᠎ᠢᠶᠡᠷ ᠶᠠᠲᠤᠭ᠎ᠠ ᠨᠢ ᠴᠤ᠌ ᠶᠤᠩᠬᠤᠷ ᠤᠲᠠᠰᠤ ᠲᠠᠢ᠂ ᠳᠡᠯᠡᠳᠡᠭᠦᠷ ᠨᠢ ᠰᠠᠭᠠᠷᠢ ᠪᠠᠷ ᠬᠤᠷᠤᠭᠤᠪᠴᠢ ᠬᠢᠵᠦ᠍᠂ ᠦᠵᠦᠭᠦᠷ ᠲᠤᠨᠢ ᠬᠢᠮᠦᠰᠦ ᠲᠠᠭᠠᠷᠠᠭᠤᠯᠤᠭᠰᠠᠨ ᠪᠠᠶ᠋ᠢᠳᠠᠭ ᠪᠠᠶ᠋ᠢᠨ᠎ᠠ᠃ ᠲᠤᠬᠠᠢ᠎ᠶᠢᠨ ᠦᠶ᠎ᠡ᠎ᠳᠦ ᠪᠣᠯᠤᠳ ᠤᠳᠠᠰᠣ ᠪᠠᠢᠭᠰᠠᠨ ᠦᠭᠡᠢ ᠪᠢᠰᠢ᠂ ᠪᠡᠭᠡᠵᠢᠩ ᠰᠢ᠎ᠶᠢᠨ ᠬᠤᠶᠠᠷ ᠤᠳᠠᠰᠣᠳᠣ ᠬᠤᠭᠤᠷ᠎ᠤᠨ ᠤᠳᠠᠰᠤ ᠨᠢ ᠪᠣᠯᠤᠳ ᠤᠳᠠᠰᠤ ᠪᠠᠶ᠋ᠢᠭᠰᠠᠨ᠎ᠢᠶᠠᠷ ᠦᠵᠡᠪᠡᠯ᠂ ᠲᠤᠬᠠᠢ᠎ᠶᠢᠨ ᠦᠶ᠎ᠡ᠎ᠳᠦ ᠪᠣᠯᠤᠳ ᠤᠳᠠᠰᠤ᠎ᠶᠢ ᠬᠡᠷᠡᠭᠯᠡᠬᠦ᠌ ᠨᠥᠬᠦᠴᠡᠯ ᠪᠤᠯᠤᠮᠵᠢ ᠲᠠᠢ ᠪᠠᠶ᠋ᠢᠵᠠᠢ᠃ ᠲᠡᠭᠡᠬᠦᠯᠡᠷ ᠨᠢ ᠮᠤᠩᠭᠤᠯᠴᠤᠤᠳ ᠪᠣᠯᠣᠳ ᠤᠳᠠᠰᠤ ᠬᠡᠷᠡᠭᠯᠡᠬᠦ᠌ ᠦᠭᠡᠢ ᠶᠤᠩᠬᠤᠷ ᠤᠳᠠᠰᠣ᠎ᠶᠢ ᠬᠡᠷᠡᠭᠯᠡᠵᠦ᠍ ᠪᠠᠶ᠋ᠢᠭᠰᠠᠨ᠎ᠤ ᠰᠢᠯᠳᠠᠭᠠᠨ ᠨᠢ ᠭᠡᠪᠡᠯ ᠮᠤᠩᠭᠤᠯᠴᠤᠳ 《ᠴᠢᠰ ᠴᠢᠰ》 ᠭᠡᠰᠡᠨ ᠲᠤᠭᠰᠢᠨ ᠲᠠᠭᠤᠨ᠎ᠳᠤ ᠳᠤᠷ᠎ᠠ ᠦᠭᠡᠢ᠂ ᠬᠠᠷᠢᠨ ᠤᠶᠠᠬᠠᠨ ᠨᠠᠮᠤᠭᠤᠬᠠᠨ ᠲᠠᠭᠤ᠎ᠳᠤ ᠲᠠᠭᠠᠳᠠᠢ ᠪᠠᠶ᠋ᠢᠭᠰᠠᠨ᠎ᠠᠴᠠ ᠰᠢᠯᠳᠠᠭᠠᠯᠠᠭᠰᠠᠨ ᠪᠠᠶ᠋ᠢᠵᠤ ᠮᠠᠭᠠᠳ ᠦᠭᠡᠢ᠃ ᠪᠠᠰᠠ ᠨᠢᠭᠡᠨ ᠤᠴᠢᠷ᠎ᠢ ᠶᠠᠷᠢᠪᠠᠯ᠂ ᠤᠷᠳᠤᠰᠴᠤᠤᠳ ᠦᠪᠡᠷ᠎ᠦᠨ ᠠᠷᠠᠳ᠎ᠤᠨ ᠲᠠᠭᠤᠤ ᠎ᠳᠠᠭᠠᠨ ᠬᠤᠭᠤᠷ᠂ ᠱᠠᠨᠵᠠ᠂ ᠶᠠᠩᠴᠢᠨ᠂ ᠯᠢᠮᠪᠦ᠎ᠶᠢ ᠬᠡᠷᠡᠭᠯᠡᠳᠡᠭ᠎ᠦᠨ ᠤᠴᠢᠷ ᠭᠡᠪᠡᠯ᠂ ᠨᠢᠭᠡ᠎ᠳᠦ ᠤᠷᠳᠤᠰ ᠲᠠᠭᠤᠤ᠎ᠶᠢᠨ ᠦᠪᠡᠷᠮᠢᠴᠡ ᠤᠨᠴᠠᠯᠢᠭ᠎ᠠᠴᠠ ᠰᠢᠯᠳᠠᠭᠠᠯᠠᠭᠳᠠᠭᠰᠠᠨ ᠨᠢ ᠢᠯᠡᠷᠬᠡᠢ ᠪᠤᠢ᠃ ᠤᠴᠢᠷ ᠨᠢ ᠤᠷᠳᠣᠰ ᠲᠠᠭᠤᠤ᠎ᠶᠢᠨ ᠤᠯᠠᠩᠬᠢ ᠨᠢ ᠪᠤᠭᠤᠨᠢ ᠲᠠᠭᠤᠤ ᠮᠥᠷᠳᠡᠭᠡᠨ ᠠᠶᠠᠯᠭᠤ᠎ᠶᠢᠨ ᠬᠢᠨᠢ ᠡᠷᠭᠢᠭᠦᠯᠭᠡ ᠨᠤᠭᠤᠯᠤᠭ᠎ᠠ ᠨᠢ ᠠᠷᠪᠢᠨ ᠪᠠᠶ᠋ᠢᠳᠠᠭ ᠪᠤᠯᠬᠤᠷ ᠬᠤᠭᠤᠷ᠂ ᠱᠠᠨᠵᠠ᠂ ᠶᠠᠩᠴᠢᠨ᠂ ᠯᠢᠮᠪᠦ᠌ ᠵᠡᠷᠭᠡ ᠬᠥᠭᠵᠢᠮ ᠨᠢ ᠭᠠᠶ᠋ᠢᠬᠠᠯᠳᠠᠢ ᠵᠤᠬᠢᠴᠠᠳᠠᠭ ᠪᠠᠶ᠋ᠢᠨ᠎ᠠ᠃ ᠬᠤᠷᠢᠮ ᠨᠠᠶ᠋ᠢᠷ ᠲᠡᠭᠡᠷ᠎ᠡ ᠤᠷᠳᠤ᠎ᠶᠢᠨ ᠲᠠᠭᠤᠤ ᠲᠠᠭᠤᠯᠠᠬᠤ᠎ᠳᠤ ᠵᠥᠪᠬᠡᠨ ᠯᠢᠮᠪᠦ᠌ ᠯᠠ ᠲᠠᠭᠠᠯᠳᠤᠵᠤ᠂ ᠪᠣᠰᠣᠳ ᠬᠦᠭᠵᠢᠮ᠎ᠦᠨ ᠵᠢᠮᠰᠡᠭ᠎ᠤᠳ ᠨᠢ ᠠᠮᠠᠷᠠᠵᠤ ᠪᠠᠶ᠋ᠢᠳᠠᠭ ᠦᠵᠡᠭᠳᠡᠯ ᠳᠠᠩᠲᠠ ᠬᠠᠷᠠᠭᠳᠠᠳᠠᠭ᠃ ᠡᠨᠡ ᠨᠢ ᠭᠡᠷᠡᠴᠢ ᠪᠤᠶᠤ᠃ ᠪᠠᠰᠠ ᠨᠢᠭᠡ ᠨᠢ ᠭᠡᠪᠡᠯ ᠬᠤᠭᠤᠷ᠂ ᠱᠠᠨᠵᠠ᠂ ᠶᠠᠩᠴᠢᠨ᠂ ᠯᠢᠮᠪᠦ᠎ᠶᠢᠨ ᠲᠤᠰ ᠲᠤᠰ᠎ᠤᠨ ᠬᠢᠨᠢ ᠤᠨᠴᠠᠯᠢᠭ᠎ᠢᠶᠠᠷ ᠦᠵᠡᠪᠡᠯ᠂ ᠯᠢᠮᠪᠦ᠌ ᠨᠢ ᠨᠠᠷᠢᠨ ᠴᠤᠤᠷᠠᠢ ᠲᠠᠭᠤ᠎ᠪᠠᠷ᠎ᠢᠶᠠᠨ ᠠᠯᠢᠪᠠ ᠲᠠᠭᠤᠤ ᠬᠦᠭᠵᠢᠮ᠎ᠳᠦ ᠲᠠᠷᠤᠭᠳᠠᠰᠢ ᠦᠭᠡᠢ ᠪᠠᠶ᠋ᠢᠳᠠᠭ ᠪᠤᠯᠬᠤᠷ ᠲᠠᠭᠤᠤ ᠡᠬᠢᠯᠡᠬᠦ᠌᠎ᠳᠦ ᠲᠠᠭᠠᠭᠤᠯᠬᠤ ᠦᠢᠯᠡᠳᠦᠯ ᠭᠠᠷᠭᠠᠵᠤ ᠬᠤᠭᠤᠷ᠂ ᠶᠠᠩᠴᠢᠨ ᠨᠢ ᠬᠦᠭᠵᠢᠮ᠎ᠦᠨ ᠠᠶᠠᠯᠭᠤ᠎ᠶᠢ ᠨᠠᠶ᠋ᠢᠷᠠᠭᠤᠯᠤᠨ ᠨᠡᠶ᠋ᠢᠯᠡᠭᠦᠯᠵᠦ᠍᠂ ᠱᠠᠨᠵᠠ ᠨᠢ ᠨᠠᠮᠬᠠᠨ ᠬᠦᠩᠭᠢᠨᠡᠭᠰᠡᠨ ᠠᠶ᠋ᠢᠵᠠᠮ ᠴᠣᠬᠢᠯᠭᠠᠳᠤ ᠲᠠᠭᠤ᠎ᠪᠠᠷ᠎ᠢᠶᠠᠨ ᠪᠤᠰᠤᠳ ᠬᠦᠭᠵᠢᠮ᠎ᠦᠨ ᠵᠢᠮᠰᠡᠭ᠎ᠤᠨ ᠵᠢᠡᠨ ᠠᠶᠠᠰ᠎ᠤᠨ ᠴᠣᠬᠢᠯᠭ᠎ᠠ᠎ᠶᠢ ᠲᠡᠩᠴᠡᠭᠦᠯᠦᠨ ᠵᠤᠬᠢᠴᠠᠳᠠᠭ ᠪᠠᠶ᠋ᠢᠨ᠎ᠠ᠃ ᠡᠳᠡᠭᠡᠷ ᠣᠨᠴᠠᠯᠢᠭ᠎ᠢᠶᠠᠷ᠎ᠢᠶᠠᠨ ᠲᠤᠰ ᠲᠦᠷᠪᠡᠨ ᠬᠥᠭᠵᠢᠮ᠎ᠦᠨ ᠵᠢᠮᠰᠡᠭ᠎ᠦᠳ ᠨᠢ ᠵᠣᠬᠢᠴᠠᠯ ᠰᠠᠶ᠋ᠢᠲᠠᠢ ᠪᠠᠶ᠋ᠢᠳᠠᠭ ᠠᠵᠢ᠃ ᠣᠷᠴᠢᠮ ᠪᠤᠯᠵᠤ ᠢᠷᠡᠭᠡᠳ ᠳ᠋ᠠᠴᠢᠩ ᠭᠡᠰᠡᠨ ᠨᠢᠭᠡ ᠬᠦᠭᠵᠢᠮ᠎ᠦᠨ ᠵᠢᠮᠰᠡᠭ ᠨᠢ ᠣᠷᠳᠣᠰ ᠠᠷᠠᠳ᠎ᠤᠨ ᠲᠠᠭᠤᠤ᠎ᠶᠢ ᠬᠥᠭᠵᠢᠮᠳᠡᠬᠦ᠌᠎ᠳᠦ ᠲᠠᠭᠠᠯᠳᠤᠵᠤ ᠤᠷᠤᠵᠤ ᠢᠷᠡᠪᠡ᠃ ᠳ᠋ᠠᠴᠢᠩ᠎ᠤᠨ ᠣᠨᠴᠠᠯᠢᠭ ᠭᠡᠪᠡᠯ ᠬᠥᠭᠰᠢᠨ᠂ ᠵᠠᠯᠠᠭᠤ ᠡᠴᠡ ᠪᠠᠭᠠᠴᠤᠤᠯ ᠬᠦᠷᠲᠡᠯ᠎ᠡ ᠰᠤᠷᠴᠤ᠌ ᠡᠵᠡᠮᠰᠢᠬᠦ᠌᠎ᠳᠦ ᠲᠦᠭᠦᠮ ᠲᠦᠲᠡ᠂ ᠲᠣᠭ᠎ᠠ ᠲᠣᠪᠴᠢᠯᠠᠭᠤᠷ ᠲᠠᠢ ᠪᠠᠶ᠋ᠢᠳᠠᠭ ᠪᠦᠭᠡᠳ ᠪᠤᠭᠤᠨᠢ ᠠᠶᠠᠯᠭᠤ᠎ᠶᠢ ᠬᠥᠭᠵᠢᠮᠳᠡᠬᠦ᠌᠎ᠳᠦ ᠵᠣᠬᠢᠴᠠᠳᠠᠭ ᠪᠤᠯᠬᠤᠷ᠎ᠢᠶᠠᠨ ᠪᠠᠷᠤᠭ ᠨᠥᠭᠦᠬᠡ ᠲᠦᠷᠪᠡᠨ ᠬᠥᠭᠵᠢᠮ᠎ᠦᠨ ᠵᠢᠮᠰᠡᠭ ᠲᠠᠢ ᠪᠠᠨ ᠡᠪᠳᠡᠶ᠋ᠢᠭᠡᠨ ᠵᠤᠬᠢᠴᠠᠯᠳᠤᠳᠠᠭ ᠪᠠᠶ᠋ᠢᠨ᠎ᠠ᠃ ᠡᠨᠡ ᠵᠢᠮᠰᠡᠭ ᠪᠠᠷᠤᠭ ᠲᠡᠭᠡᠷ᠎ᠡ ᠵᠠᠭᠤᠨ᠎ᠤ ᠳᠥᠴᠢ ᠲᠠᠪᠢᠭᠠᠳ ᠣᠨ᠎ᠳᠤ ᠲᠡᠯᠭᠡᠷᠡᠵᠤ᠂ ᠨᠢᠭᠡ ᠦᠶ᠎ᠡ ᠬᠠᠶᠠᠭᠳᠠᠭᠰᠠᠨ ᠪᠣᠯᠪᠠᠴᠤ᠌ ᠲᠠᠬᠢᠭᠠᠳ ᠲᠤᠰ ᠵᠠᠭᠤᠨ᠎ᠤ ᠡᠬᠢᠨ᠎ᠢᠶᠡᠷ ᠰᠡᠷᠭᠦᠭᠳᠡᠭᠰᠡᠨ ᠬᠥᠭᠵᠢᠮ᠎ᠦᠨ ᠵᠢᠮᠰᠡᠭ ᠪᠤᠯᠤᠨ᠎ᠠ᠃

ᠣᠳᠣ ᠪᠣᠯᠬᠣ᠎ᠳᠤ ᠬᠥᠭᠵᠢᠮ᠎ᠦᠨ ᠵᠢᠮᠰᠡᠭ᠎ᠦᠨ ᠲᠥᠷᠦᠯ ᠵᠦᠢᠯ᠎ᠦᠨ ᠣᠯᠠᠰᠢᠷᠠᠯ ᠪᠠ ᠬᠥᠭᠵᠢᠮᠴᠢᠳ᠎ᠦᠨ ᠤᠷ᠎ᠠ ᠮᠡᠷᠬᠡᠵᠢᠯ᠎ᠦᠨ ᠲᠡᠭᠡᠭᠰᠢᠯᠡᠭᠳᠡᠬᠦ᠌᠎ᠶᠢ ᠲᠠᠭᠠᠯᠳᠤᠭᠠᠳ ᠪᠠᠶᠠᠨ ᠬᠤᠭᠤᠷ (手风琴)᠂ ᠴᠠᠬᠢᠯᠭᠠᠨ ᠡᠯᠧᠺᠲᠷᠣᠨ ᠵᠢᠮᠰᠡᠭ (电子琴)᠂ ᠮᠣᠷᠢᠨ ᠬᠤᠭᠤᠷ ᠴᠤ᠌ ᠣᠷᠳᠣᠰ ᠠᠷᠠᠳ᠎ᠤᠨ ᠲᠠᠭᠣᠣ᠎ᠶᠢᠨ ᠠᠶᠠᠯᠭᠤ᠎ᠶᠢ ᠬᠥᠭᠵᠢᠮᠳᠡᠬᠦ᠌᠎ᠳᠦ ᠨᠡᠶ᠋ᠢᠯᠡᠨ ᠤᠷᠤᠵᠤ ᠢᠷᠡᠵᠡᠢ᠃ ᠡᠳᠡᠭᠡᠷ ᠣᠯᠠᠨ ᠭᠥᠭᠵᠢᠮ᠎ᠦᠨ ᠵᠢᠮᠰᠡᠭ ᠨᠢ ᠬᠡᠳᠦᠶ᠋ᠢᠪᠡᠷ ᠥᠪᠡᠷ ᠥᠪᠡᠷ᠎ᠦᠨ᠎ᠢᠶᠡᠨ ᠥᠪᠡᠷᠮᠢᠴᠡ ᠣᠨᠴᠠᠯᠢᠭ᠎ᠢᠶᠠᠷ ᠣᠷᠳᠣᠰ ᠠᠷᠠᠳ᠎ᠤᠨ ᠲᠠᠭᠤᠤ᠎ᠶᠢ ᠬᠥᠭᠵᠢᠮᠳᠡᠬᠦ᠌᠎ᠳᠦ ᠵᠤᠬᠢᠬᠤ ᠨᠥᠬᠦᠪᠦᠷᠢᠯᠡᠬᠦ᠌ ᠦᠢᠯᠡᠳᠦᠯ ᠦᠵᠡᠭᠦᠯᠵᠦ᠍ ᠪᠠᠶ᠋ᠢᠪᠠᠴᠤ᠌ ᠪᠠᠰᠠ ᠨᠢᠭᠡ ᠲᠠᠯ᠎ᠠ᠎ᠪᠠᠷ᠎ᠢᠶᠠᠨ ᠣᠷᠳᠣᠰ ᠠᠷᠠᠳ᠎ᠤᠨ ᠲᠠᠭᠤᠤ᠎ᠶᠢᠨ ᠤᠤᠭᠠᠯ ᠴᠢᠨᠠᠷ᠂ ᠤᠤᠯ᠎ᠤᠨ ᠥᠨᠥᠷ ᠠᠮᠲᠠ᠎ᠶᠢ ᠡᠪᠳᠡᠨ᠂ ᠠᠷᠠᠳ᠎ᠤᠨ ᠲᠠᠭᠤᠤ᠎ᠶᠢᠨ ᠥᠪᠡᠷᠮᠢᠴᠡ ᠣᠨᠴᠠᠯᠢᠭ᠎ᠢ ᠤᠷᠬᠢᠭᠳᠠᠭᠤᠯᠵᠤ ᠪᠠᠶ᠋ᠢᠬᠤ ᠨᠢ ᠪᠠᠰᠠ ᠬᠠᠷᠠᠮᠰᠠᠯᠳᠠᠢ ᠰᠢᠭ᠋ ᠰᠠᠨᠠᠭᠳᠠᠭᠠᠳ ᠪᠠᠶ᠋ᠢᠬᠤ ᠶᠤᠮ᠃ ᠲᠡᠭᠡᠭᠰᠡᠨ᠎ᠢᠶᠡᠷ᠎ᠢᠶᠡᠨ ᠪᠢᠵᠡ᠂ ᠣᠳᠣ ᠵᠠᠷᠢᠮ ᠭᠠᠵᠠᠷ ᠤᠷᠳᠣᠰ ᠠᠷᠠᠳ᠎ᠤᠨ ᠲᠠᠭᠤᠤ᠎ᠶᠢᠨ ᠤᠷᠤᠯᠳᠤᠭᠠᠨ ᠮᠥᠷᠦᠶ᠋ᠢᠴᠡᠭᠡᠨ ᠪᠣᠯᠬᠣ᠎ᠳᠤ ᠣᠷᠳᠣᠰ ᠠᠷᠠᠳ᠎ᠤᠨ ᠲᠠᠭᠤᠤ᠎ᠶᠢᠨ ᠦᠨᠳᠦᠰᠦᠨ ᠲᠥᠷᠪᠡᠨ ᠬᠥᠭᠵᠢᠮ᠎ᠦᠨ ᠵᠢᠮᠰᠡᠭ — ᠲᠥᠷᠪᠡᠨ ᠤᠳᠠᠰᠣᠳᠣ ᠬᠤᠭᠤᠷ᠂ ᠱᠠᠨᠵᠠ᠂ ᠶᠠᠩᠴᠢᠨ᠂ ᠯᠢᠮᠪᠦ ᠪᠡᠷ ᠬᠥᠭᠵᠢᠮᠳᠡᠬᠦ᠌᠎ᠶᠢ ᠱᠠᠭᠠᠷᠳᠠᠵᠤ᠂ ᠪᠤᠰᠤᠳ ᠬᠥᠭᠵᠢᠮ᠎ᠦᠨ ᠵᠢᠮᠰᠡᠭ᠎ᠢ ᠣᠷᠣᠯᠴᠠᠭᠤᠯᠵᠤ ᠪᠣᠯᠬᠤ ᠦᠭᠡᠢ ᠭᠡᠵᠦ᠍ ᠲᠤᠭᠳᠠᠭᠠᠵᠤ ᠪᠠᠶ᠋ᠢᠳᠠᠭ ᠨᠢ ᠵᠥᠪ ᠴᠤ᠌ ᠶᠤᠮ ᠦᠦ?



ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号