
ᠬᠠᠪᠤᠷ
ᠤ᠋ᠨ ᠠᠭᠤᠷ ᠤᠷᠤᠵᠤ ᠂ ᠳᠦᠮᠡᠨ ᠪᠤᠳᠠᠰ ᠰᠡᠷᠬᠦᠨ ᠠᠮᠢᠯᠠᠵᠦ᠂ ᠰᠢᠨ᠎ᠠ ᠨᠢᠬᠡᠨ ᠵᠢᠯ ᠤ᠋ᠨ ᠤᠷᠴᠢᠯ ᠡᠬᠢᠯᠡᠳᠡᠭ᠃
ᠡᠷᠳᠡᠨ ᠤ᠋ ᠬᠦᠮᠦᠰ ᠡᠨᠡ
ᠡᠳᠦᠷ ᠰᠤᠨᠢᠷᠬᠠᠯᠳᠠᠢ ᠨᠢᠬᠡᠨ ᠵᠠᠩ ᠦᠢᠯᠡ ︱ 《ᠠᠷᠠᠯ ᠤ᠋ᠨ ᠱᠠᠷ ᠳᠠᠰᠢᠭᠤᠷᠳᠠᠬᠤ》 ᠠᠵᠢᠯᠯᠠᠭ᠎ᠠ ᠶᠠᠪᠤᠭᠳᠠᠭᠤᠯᠵᠦ
ᠤᠷᠢᠨ ᠬᠠᠪᠤᠷ ᠶ᠋ᠢᠡᠨ ᠤᠭᠳᠤᠳᠠᠭ᠂ ᠡᠨᠡ ᠳ᠋ᠤᠭᠠᠷ ᠶ᠋ᠢᠡᠷ ᠪᠢᠳᠡ ᠲᠠ ᠪᠦᠬᠦᠨ ᠳ᠋ᠦ ᠪᠡᠨ ᠲᠠᠨᠢᠯᠴᠠᠭᠤᠯᠤᠶ᠎ᠠ︕
ᠲᠠᠷᠢᠶᠠᠯᠠᠬᠤ ᠰᠤᠶᠤᠯ
ᠶ᠋ᠢᠡᠷ ᠭᠤᠤᠯᠳᠠᠵᠦ ᠪᠠᠢᠭᠰᠠᠨ ᠡᠷᠳᠡᠨ ᠤ᠋ ᠳᠤᠮᠳᠠᠳᠤ ᠤᠯᠤᠰ ᠲᠥ᠍ ᠬᠠᠪᠤᠷ ᠤ᠋ᠨ ᠠᠭᠤᠷ ᠤᠷᠤᠬᠤ ᠡᠳᠦᠷ
ᠬᠦᠮᠦᠰ ᠰᠢᠪᠡᠷ ᠶ᠋ᠢᠡᠷ ᠠᠷᠠᠯ ᠤ᠋ᠨ ᠱᠠᠷ ᠬᠢᠵᠦ᠂ ᠲᠠᠰᠢᠭᠤᠷᠳᠠᠨ ᠴᠤᠬᠢᠬᠤ ᠪᠡᠷ ᠳᠡᠮᠵᠢᠭᠤᠯᠤᠨ ᠬᠠᠪᠤᠷ ᠴᠠᠭ
ᠢ᠋ ᠨᠠᠨᠳᠢᠩᠨᠠᠵᠦ ᠲᠠᠷᠢᠶᠠᠯᠠᠬᠤ ᠠᠵᠢᠯ ᠶ᠋ᠢᠡᠨ ᠡᠬᠢᠯᠡᠬᠦᠯᠬᠦ ᠶ᠋ᠢ ᠰᠠᠨᠠᠭᠤᠯᠤᠨ ᠤᠷᠢᠶᠠᠯᠠᠳᠠᠭ᠃ ᠡᠨᠡᠬᠦ
ᠦᠢᠯᠡ ᠠᠵᠢᠯᠯᠠᠭ᠎ᠠ ᠳ᠋ᠦ ᠬᠠᠭᠠᠨ ᠡᠷᠬᠢᠮᠳᠡᠨ᠂ ᠨᠤᠶᠠᠳ ᠪᠠᠶᠠᠳ᠂ ᠬᠠᠷᠠᠴᠦ ᠠᠷᠠᠳ ᠭᠡᠰᠡᠨ ᠦᠬᠡᠢ ᠪᠦᠷ
ᠤᠷᠤᠯᠴᠠᠳᠠᠬ ᠪᠦᠭᠡᠳ ᠬᠡᠳᠦᠨ ᠮᠢᠩᠭᠠᠨ ᠵᠢᠯ ᠶ᠋ᠢᠡᠷ ᠤᠯᠠᠮᠵᠢᠯᠠᠵᠦ ᠢᠷᠡᠭᠰᠡᠨ ᠭᠡᠨ᠎ᠠ᠃

ᠮᠢᠩ ᠤᠯᠤᠰ ᠤ᠋ᠨ ᠦᠶ᠎ᠠ
ᠵᠢᠨ ᠨᠢᠬᠡ ᠵᠢᠷᠤᠭ ᠲᠦ᠍ ᠡᠨᠡᠬᠦ ᠵᠠᠩ ᠦᠢᠯᠡ ᠶ᠋ᠢ ᠵᠢᠷᠤᠭᠯᠠᠭᠰᠠᠨ ᠪᠠᠢᠳᠠᠭ ᠪᠦᠭᠡᠳ ᠪᠡᠭᠡᠵᠢᠩ ᠬᠤᠳᠠ ᠵᠢᠨ
ᠠᠷᠠᠳ ᠳᠦᠮᠡᠨ ᠤ᠋ ᠬᠤᠳᠠ ᠵᠢᠨ ᠭᠡᠷᠡᠮ ᠤ᠋ᠨ ᠬᠠᠪᠢ ᠳ᠋ᠦ ᠴᠤᠭᠯᠠᠷᠠᠵᠦ 《ᠠᠷᠠᠯ ᠤ᠋ᠨ ᠱᠠᠷ
ᠳᠠᠰᠢᠭᠤᠷᠳᠠᠵᠦ》 ᠪᠠᠢᠭ᠎ᠠ ᠶ᠋ᠢ ᠬᠠᠷᠠᠭᠤᠯᠤᠭᠰᠠᠨ ᠪᠠᠢᠳᠠᠭ᠃
ᠮᠢᠩ ᠴᠢᠩ ᠬᠦᠷᠦᠨ ᠤ᠋
ᠦᠶᠡᠰ ᠡᠨᠡᠬᠦ ᠵᠠᠩ ᠦᠢᠯᠡ ᠨᠢ ᠳᠤᠩ ᠬᠦᠭᠵᠢᠶᠡᠨᠳᠡᠢ ᠶᠠᠪᠤᠭᠳᠠᠵᠦ ᠪᠠᠢᠭᠰᠠᠨ ᠪᠤᠯ 1911 ᠤᠨ ᠬᠦᠷᠦᠭᠡᠳ
ᠳᠠᠬᠢᠵᠦ ᠳᠡᠮᠳᠡᠭᠯᠡᠭᠳᠡᠬᠦ ᠨᠢ ᠴᠦᠬᠡᠨ ᠪᠤᠯᠵᠠᠢ᠃ 2008 ᠤᠨ ᠤ᠋ 2 ᠰᠠᠷ᠎ᠠ ᠵᠢᠨ 5 ᠤ᠋ ᠡᠳᠦᠷ᠂ ᠤᠰᠠᠳᠤᠭᠠᠳ
ᠪᠠᠷᠤᠭ ᠵᠠᠭᠤ ᠭᠠᠷᠤᠢ ᠵᠢᠯ ᠪᠤᠯᠤᠭᠰᠠᠨ 《ᠠᠷᠠᠯ ᠤ᠋ᠨ ᠱᠠᠷ ᠳᠠᠰᠢᠭᠤᠷᠳᠠᠬᠤ》 ᠠᠵᠢᠯᠯᠠᠭ᠎ᠠ ᠪᠡᠭᠡᠵᠢᠩ ᠬᠤᠳᠠ
ᠳ᠋ᠦ ᠳᠠᠬᠢᠨ ᠰᠡᠷᠭᠦᠵᠠᠢ᠃ ᠳᠤᠰ ᠡᠳᠦᠷ᠂ ᠬᠦᠮᠦᠰ ᠤᠯᠢᠶᠠᠰᠦᠨ ᠮᠦᠴᠢᠷ ᠶ᠋ᠢᠡᠷ ᠬᠢᠭᠰᠡᠨ ᠳᠠᠰᠢᠭᠤᠷ ᠶ᠋ᠢᠡᠷ ᠰᠢᠪᠡᠷ
ᠦᠬᠡᠷ ᠢ᠋ ᠳᠠᠰᠢᠭᠤᠷᠳᠠᠵᠦ᠂ ᠦᠬᠡᠷᠴᠢᠨ ᠵᠢᠭᠠᠯ ᠰᠢᠪᠡᠷ ᠦᠬᠡᠷ ᠤ᠋ᠨ ᠭᠡᠳᠡᠰᠦᠨ ᠡᠴᠡ ᠲᠠᠪᠤᠨ ᠲᠠᠷᠢᠶᠠᠨ ᠤ᠋
ᠦᠷ᠎ᠠ ᠵᠡᠷᠭᠡ ᠶ᠋ᠢ ᠭᠠᠷᠭᠠᠵᠦ᠂ ᠬᠦᠮᠦᠰ ᠲᠦ᠍ ᠬᠤᠪᠢᠶᠠᠨ ᠦᠭᠬᠦᠯ᠎ᠠ᠃

15 ᠵᠢᠯ ᠦᠩᠭᠡᠷᠡᠭᠰᠡᠨ
ᠪᠤᠯᠪᠠᠴᠤ ᠪᠡᠭᠡᠵᠢᠩ ᠬᠤᠳᠠ ᠳ᠋ᠦ ᠶᠠᠪᠤᠭᠳᠠᠳᠠᠭ ᠡᠨᠡᠬᠦ ᠦᠢᠯᠡ ᠠᠵᠢᠯᠯᠠᠭ᠎ᠠ ᠦᠷᠬᠦᠯᠵᠢᠯᠡᠭᠰᠡᠭᠡᠷ ᠪᠠᠢᠵᠦ᠂
ᠬᠦᠮᠦᠰ ᠲᠦ᠍ ᠬᠠᠪᠤᠷ ᠢᠷᠡᠵᠦ ᠬᠠᠮᠤᠭ ᠠᠵᠢᠯ ᠡᠬᠢᠯᠡᠬᠦ ᠪᠤᠯᠤᠭᠰᠠᠨ ᠢ ᠮᠡᠳᠡᠭᠳᠡᠵᠦ ᠪᠠᠢᠳᠠᠭ ᠁
ᠠᠭᠤᠳᠠᠮ ᠤᠷᠴᠢᠯᠠᠩ ᠳ᠋ᠦ
ᠭᠡᠷᠡᠯ ᠭᠡᠭᠡ ᠳᠠᠳᠠᠵᠦ
ᠤᠷᠢᠬᠠᠨ ᠬᠠᠪᠤᠷ ᠡᠬᠡ
ᠳᠡᠯᠡᠬᠡᠢ ᠳ᠋ᠦ ᠰᠠᠭᠠᠳᠠᠯ᠎ᠠ᠃



( ᠢᠷᠡᠯᠳᠡ
᠄ ᠪᠡᠭᠡᠵᠢᠩ ᠤ᠋ᠨ ᠡᠳᠦᠷ ᠤ᠋ᠨ ᠰᠤᠨᠢᠨ)