《ᠨᠠᠮᠤᠨ ᠬᠡᠰᠢᠭᠦᠨ ᠺᠠᠳ᠋ᠷᠴᠤᠳ ᠢᠮᠬᠠᠲᠠ ᠤᠯᠠᠨ ᠲᠦᠮᠡᠨ ᠲᠠᠢ ᠴᠢᠰᠤ ᠮᠢᠬᠠᠨᠤ ᠬᠠᠷᠢᠴᠠᠭ᠎ᠠ ᠲᠠᠢ ᠪᠠᠢᠬᠤ ᠬᠡᠷᠡᠭᠲᠡᠢ》 ᠬᠡᠵᠦ ᠨᠠᠮᠤᠨ ᠵᠠᠭᠤ ᠭᠠᠷᠤᠢ ᠵᠢᠯᠤᠨ ᠲᠡᠮᠡᠴᠡᠯᠤᠨ ᠴᠢᠬᠤᠯᠠ ᠶᠡᠬᠡ ᠠᠮᠵᠢᠯᠲᠠ ᠪᠠ ᠲᠡᠦᠬᠡᠨ ᠲᠤᠷᠰᠢᠯᠭ᠎ᠠ ᠡᠴᠡ ᠪᠢᠲᠡᠨᠳᠤ ᠬᠡᠯᠡᠵᠦ ᠦᠭᠭᠦᠭᠰᠡᠨ ᠮᠦᠷᠲᠡᠭᠡᠨ ᠡᠢᠮᠦᠷᠬᠦᠦ ᠱᠠᠭᠠᠷᠲᠠᠯᠭ᠎ᠠ ᠲᠠᠯᠪᠢᠬᠰᠠᠨ ᠪᠢᠯᠡ᠃ ᠲᠦᠩᠯᠢᠶᠤᠤ ᠬᠤᠲᠠ ᠢ᠋ᠢᠨ ᠬᠤᠷᠴᠢᠨ ᠵᠡᠭᠦᠨ ᠭᠠᠷᠤᠨ ᠲᠤᠮᠲᠠᠲᠤ ᠬᠤᠰᠢᠭᠤᠨᠤ ᠵᠠᠮᠲᠦ ᠪᠠᠯᠭᠠᠰᠤᠨᠤ ᠰᠤᠭᠤ ᠢ᠋ᠢᠨ ᠬᠤᠯᠪᠤᠭ᠎ᠠ ᠭᠠᠴᠠᠭᠠᠨᠳᠤ ᠺᠠᠳ᠋ᠷ ᠠᠷᠠᠳᠤᠨ ᠨᠦᠬᠦᠷᠰᠡᠭ ᠬᠠᠷᠢᠴᠠᠭ᠎ᠠ ᠭᠠᠵᠠᠷ ᠰᠠᠢ ᠦᠭᠡᠢ ᠢᠯᠡᠷᠡᠵᠦ᠂ ᠭᠠᠴᠠᠭᠠᠨᠤ ᠦᠭᠡᠲᠡᠯᠡᠯ ᠲᠡᠭᠵᠢᠷᠡᠯᠤᠨ ᠪᠠᠢᠲᠠᠯ ᠺᠠᠳ᠋ᠷᠴᠤᠳᠤᠨ ᠨᠢᠲᠦᠨᠳᠤ ᠦᠵᠡᠭᠲᠡᠨ ᠠᠷᠠᠳᠤᠨ ᠰᠡᠳᠬᠢᠯᠳᠤ ᠮᠡᠲᠡᠷᠡᠭᠲᠡᠭᠰᠡᠭᠡᠷ᠃
ᠨᠦᠬᠦᠷᠯᠡᠯᠤᠨ ᠴᠡᠴᠡᠭᠡᠰ ᠢ᠋ ᠤᠮᠲᠠᠯᠠᠨᠠ
2000 ᠤᠨᠳᠤ ᠯᠢ ᠵᠢᠶᠸ ᠹᠸᠢ ᠰᠤᠭᠤ ᠢ᠋ᠢᠨ ᠬᠤᠯᠪᠤᠭ᠎ᠠ ᠭᠠᠴᠠᠭᠠᠨᠳᠤ ᠮᠤᠷᠲᠡᠨ ᠢᠷᠡᠵᠦ᠂ ᠠᠵᠢᠯᠳᠠᠭᠠᠨ ᠭᠠᠷᠮᠠᠭᠠᠢ ᠮᠦᠷᠲᠡᠭᠡᠨ ᠬᠤᠷᠴᠠ ᠰᠡᠷᠭᠦᠯᠡᠩ ᠪᠠᠢᠲᠠᠭ ᠢ᠋ᠢᠡᠷ ᠢ᠋ᠢᠡᠨ ᠬᠡᠲᠦᠨ ᠵᠢᠯᠤᠨ ᠲᠠᠷᠠᠭ᠎ᠠ ᠭᠠᠴᠠᠭᠠᠨᠤ ᠪᠠᠨ ᠡᠮᠡᠭᠲᠡᠢᠴᠤᠳᠤᠨ ᠬᠤᠯᠪᠤᠭ᠎ᠠ ᠢ᠋ᠢᠨ ᠡᠷᠬᠢᠯᠡᠭᠴᠢ ᠪᠤᠯᠤᠬᠰᠠᠨ ᠮᠦᠷᠲᠡᠭᠡᠨ ᠤᠳᠤ ᠪᠤᠯᠬᠤᠳᠤ ᠨᠠᠮᠤᠨ ᠡᠭᠦᠷᠤᠨ ᠱᠦᠵᠢ ᠢ᠋ᠢᠨ ᠲᠤᠰᠢᠶᠠᠯᠢ ᠲᠠᠪᠤᠨ ᠵᠢᠯ ᠡᠭᠦᠷᠭᠡᠯᠡᠴᠢᠬᠡᠯᠠ᠃ ᠠᠷᠠᠳ ᠤᠯᠠᠨ ᠲᠠᠢ ᠪᠠᠨ ᠬᠡᠷᠬᠢᠨ ᠬᠠᠷᠢᠯᠴᠠᠵᠦ ᠠᠵᠢᠯ ᠢ᠋ᠢᠡᠨ ᠰᠠᠢᠲᠦᠷ ᠦᠷᠨᠢᠭᠦᠯᠬᠦ ᠲᠤᠬᠠᠢ ᠲᠡᠷᠡ ᠮᠠᠰᠢ ᠤᠯᠠᠨ ᠤᠢᠯᠠᠭᠠᠯᠲᠠ ᠲᠦᠷᠦᠭᠲᠡᠯ ᠲᠠᠢ ᠪᠠᠢᠯ᠎ᠠ᠃ ᠡᠭᠦᠨᠳᠤ᠂ ᠲᠡᠭᠦᠨᠤ ᠠᠵᠢᠯ ᠠᠮᠢᠳᠤᠷᠠᠯ ᠤᠨ ᠲᠤᠮᠲᠠ ᠪᠠᠨ ᠲᠠᠨᠢᠯᠴᠠᠨ ᠲᠠᠰᠤᠯᠴᠠᠬᠰᠠᠨ ᠭᠤᠷᠪᠠᠨ ᠡᠭᠡᠴᠢ ᠵᠢ ᠨᠢ ᠶᠠᠷᠢᠬᠤ ᠤᠴᠢᠷᠲᠠᠢ᠃
ᠭᠠᠴᠠᠭᠠᠨ ᠡᠴᠡ ᠨᠡᠢᠲᠡ ᠢ᠋ᠢᠨ ᠠᠵᠢᠯᠯᠠᠭ᠎ᠠ ᠦᠷᠨᠢᠭᠦᠯᠬᠦ ᠪᠤᠯᠭᠠᠨ᠂ ᠭᠠᠴᠠᠭᠠᠨᠤ ᠠᠷᠠᠳ ᠵᠤᠤ ᠱᠤᠸᠠᠩ ᠢᠤᠢ᠂ ᠵᠢᠶᠠᠩ ᠸᠸᠨ ᠫᠢᠩ ᠪᠤᠯᠤᠨ ᠪᠤᠤ ᠱᠦᠢ ᠶᠤᠸᠠᠢ ᠨᠠᠷ ᠢᠲᠡᠪᠬᠢᠲᠡᠢ ᠤᠷᠤᠯᠴᠠᠨ ᠭᠠᠴᠠᠭᠠᠨᠤ ᠠᠵᠢᠯ ᠢ᠋ ᠰᠠᠢᠨ ᠲᠡᠮᠵᠢᠲᠡᠭ ᠶᠤᠮ᠃ ᠠᠭᠠᠵᠢᠮ ᠢ᠋ᠢᠡᠷ ᠯᠢ ᠵᠢᠶᠸ ᠹᠸᠢ ᠲᠡᠲᠡᠨ ᠲᠠᠢ ᠰᠠᠢᠬᠠᠨ ᠲᠠᠰᠤᠯᠴᠠᠬᠰᠠᠨ ᠮᠦᠷᠲᠡᠭᠡᠨ ᠲᠦᠷᠪᠡᠭᠦᠯᠡ ᠢ᠋ᠢᠨ ᠨᠦᠬᠦᠷᠯᠡᠯ ᠴᠸ᠋ ᠶᠠᠪᠤᠬᠤ ᠲᠤᠲᠤᠮ ᠲᠤᠲᠤᠨᠤ ᠪᠤᠯᠵᠠᠢ᠃
ᠠᠩᠬ᠎ᠠ ᠡᠮᠡᠭᠲᠡᠢᠴᠤᠳᠤᠨ ᠬᠤᠯᠪᠤᠭ᠎ᠠ ᠢ᠋ᠢᠨ ᠡᠷᠬᠢᠯᠡᠭᠴᠢ ᠢ᠋ᠢᠨ ᠲᠤᠰᠢᠶᠠᠯᠳᠤ ᠭᠠᠷᠬᠤᠳᠠᠭᠠᠨ᠂ ᠯᠢ ᠵᠢᠶᠸ ᠹᠸᠢ ᠡᠷᠦᠭᠡ ᠪᠡᠷ ᠬᠦᠨᠵᠡᠭᠡᠢᠷᠡᠵᠦ᠂ ᠪᠠᠢᠲᠠᠯ ᠢ᠋ ᠨᠢ ᠤᠢᠯᠠᠭᠠᠨ᠂ ᠤᠬᠠᠭᠤᠯᠭ᠎ᠠ ᠬᠢᠳᠡᠭ ᠪᠠᠢᠯ᠎ᠠ᠃ ᠬᠠᠶᠠ ᠵᠠᠷᠢᠮ ᠮᠤᠩᠭᠤᠯ ᠡᠷᠦᠭᠡ ᠪᠡᠷ ᠬᠦᠷᠴᠦ ᠨᠡᠪᠲᠡᠷᠡᠯᠴᠡᠬᠦᠳᠤ ᠬᠦᠴᠢᠷᠲᠡᠪᠡᠯ ᠡᠨᠡ ᠬᠡᠲᠦᠨ ᠡᠭᠡᠴᠢ ᠪᠠᠨ ᠲᠠᠭᠤᠲᠠᠨ ᠤᠷᠴᠢᠭᠤᠯᠤᠬᠴᠢ ᠪᠤᠯᠭᠠᠲᠠᠭ ᠪᠢᠯᠡ᠃
ᠵᠢᠶᠠᠩ ᠸᠸᠨ ᠫᠢᠩ ᠡᠨᠡ ᠵᠢᠯ 57 ᠨᠠᠰᠤᠲᠠᠢ᠂ ᠪᠠᠭ᠎ᠠ ᠨᠠᠰᠤᠨᠳᠠᠭᠠᠨ ᠲᠤᠰ ᠭᠠᠴᠠᠭᠠᠨᠳᠤ ᠨᠡᠭᠦᠨ ᠢᠷᠡᠭᠰᠡᠨ ᠪᠤᠯᠬᠤᠷ᠂ ᠮᠤᠩᠭᠤᠯ ᠵᠢᠡᠷ ᠶᠠᠷᠢᠵᠦ ᠴᠢᠲᠠᠬᠤ ᠪᠤᠯᠵᠦ᠂ ᠬᠠᠶᠠ ᠯᠢ ᠵᠢᠶᠸ ᠹᠸᠢᠳᠤ ᠤᠷᠴᠢᠭᠤᠯᠤᠬᠴᠢ ᠪᠤᠯᠵᠦ ᠠᠵᠢᠯᠳᠤᠨᠢ ᠬᠠᠮᠵᠢᠲᠠᠭ ᠶᠤᠮ᠃ ᠲᠡᠷᠡ ᠪᠤᠯ ᠨᠢᠭᠡᠨ ᠲᠤᠲᠤᠷ ᠲᠠᠮᠢᠷ ᠲᠠᠢ᠂ ᠪᠡᠶ᠎ᠡ ᠪᠠᠨ ᠴᠢᠩᠭ᠎ᠠ ᠱᠠᠭᠠᠷᠲᠠᠳᠠᠭ᠂ ᠠᠳᠠᠯ ᠠᠮᠢᠲᠤᠷᠠᠯᠳᠠᠭᠠᠨ ᠴᠢᠷᠮᠠᠢᠯᠲᠠ ᠲᠠᠢ ᠮᠦᠷᠲᠡᠭᠡᠨ ᠪᠤᠰᠤᠳ ᠢ᠋ ᠬᠠᠪᠰᠤᠷᠬᠤ ᠲᠤᠷᠠᠲᠠᠢ ᠪᠦᠰᠡᠬᠦᠢ ᠪᠠᠢᠯ᠎ᠠ᠃ 《ᠨᠠᠢᠵᠠᠯᠠᠬᠤ ᠨᠢ ᠲᠠᠷᠤᠢ ᠰᠡᠳᠬᠢᠯ ᠢ᠋ᠢᠡᠨ ᠤᠯᠤᠯᠴᠠᠬᠤ ᠶᠠᠪᠤᠲᠠᠯ ᠪᠤᠯᠤᠨ᠎ᠠ》 ᠬᠡᠵᠦ ᠲᠡᠷᠡ ᠲᠠᠡᠭᠳᠠ ᠬᠡᠯᠡᠳᠡᠭ᠃

ᠡᠭᠡᠴᠢ ᠲᠡᠭᠦᠦ ᠲᠦᠷᠪᠡᠭᠦᠯᠡ ᠢ᠋ᠢᠨ ᠢ᠋ᠢᠡᠨ ᠲᠤᠮᠲᠠ ᠵᠤᠤ ᠱᠤᠸᠠᠩ ᠢᠤᠢ ᠪᠤᠯ ᠡᠭᠡᠴᠢ ᠨᠢ ᠪᠤᠯᠲᠠᠭ᠃ ᠦᠨᠦ ᠵᠢᠯ ᠵᠢᠷᠠ ᠬᠦᠷᠦᠭᠰᠡᠨ ᠲᠡᠷᠡ ᠭᠠᠴᠠᠭᠠᠨᠤ ᠪᠠᠨ ᠡᠮᠡᠭᠲᠡᠢᠴᠤᠳᠤᠨ ᠬᠤᠯᠪᠤᠭ᠎ᠠ ᠢ᠋ᠢᠨ ᠡᠷᠬᠢᠯᠡᠭᠴᠢ ᠢ᠋ᠢᠨ ᠠᠵᠢᠯ ᠢ᠋ 15 ᠵᠢᠯ ᠬᠢᠵᠦ ᠦᠩᠭᠡᠷᠡᠭᠰᠡᠨ ᠪᠤᠯᠬᠤᠷ ᠠᠵᠢᠯᠤᠨ ᠲᠤᠷᠰᠢᠯᠭ᠎ᠠ ᠪᠠᠨ ᠯᠢ ᠵᠢᠶᠸ ᠹᠸᠢᠳᠤ ᠨᠢᠭᠤᠯᠲᠠ ᠦᠭᠡᠢ ᠶᠠᠷᠢᠵᠦ ᠦᠭᠲᠡᠭ ᠪᠠᠢᠯ᠎ᠠ᠃ ᠪᠠᠶᠠᠰᠤᠩᠭᠤᠢ ᠮᠦᠷᠳᠡᠭᠡᠨ ᠰᠢᠯᠤᠭᠤᠬᠠᠨ ᠵᠠᠩ ᠲᠠᠢ ᠵᠤᠤ ᠱᠤᠸᠠᠩ ᠢᠤᠢᠳᠤ ᠴᠸ᠋ ᠠᠮᠢᠳᠤᠷᠠᠯᠤᠨ ᠬᠦᠴᠢᠷᠲᠡᠯ ᠪᠠᠢᠲᠠᠭ᠃ 2003 ᠤᠨᠳᠤ ᠲᠡᠭᠦᠨᠤ ᠡᠷ᠎ᠡ ᠨᠦᠬᠦᠷ ᠨᠢ ᠮᠤᠲ᠋ᠤᠷ ᠡᠴᠡ ᠪᠠᠨ ᠤᠢᠴᠢᠨ ᠬᠦᠯ ᠵᠢᠡᠨ ᠬᠤᠭᠤᠯᠵᠦ᠂ ᠭᠤᠷᠪᠠ ᠤᠳᠠᠭ᠎ᠠ ᠮᠡᠰᠡ ᠵᠠᠰᠠᠯ ᠬᠢᠯᠭᠡᠵᠡᠢ᠃ ᠬᠦᠯ ᠨᠢ ᠬᠡᠮᠲᠦᠵᠦ ᠠᠵᠢᠯᠯᠠᠵᠦ ᠴᠢᠲᠠᠬᠤ ᠦᠭᠡᠢ ᠪᠤᠯᠤᠬᠰᠠᠨ ᠡᠷ᠎ᠡ ᠨᠦᠬᠦᠷ ᠢ᠋ᠢᠡᠨ ᠬᠠᠷᠠᠭᠠᠯᠵᠠᠬᠤ ᠢ᠋ᠢᠨ ᠲᠠᠭᠠᠤ ᠡᠮᠡᠭᠲᠡᠢᠴᠤᠳᠤᠨ ᠬᠤᠯᠪᠤᠭ᠎ᠠ ᠢ᠋ᠢᠨ ᠡᠷᠬᠢᠯᠡᠭᠴᠢ ᠢ᠋ᠢᠨ ᠶᠠᠭᠠᠷᠠᠤ ᠠᠵᠢᠯ ᠡᠴᠡ ᠪᠤᠯᠵᠦ᠂ ᠠᠵᠢᠯ ᠠᠮᠢᠳᠤᠷᠠᠯᠤᠨ ᠲᠠᠷᠤᠭᠠᠰᠤ ᠲᠡᠭᠦᠨᠤ ᠮᠦᠷᠦᠨ ᠲᠡᠭᠡᠷ᠎ᠡ ᠬᠦᠨᠲᠦᠬᠡᠨ ᠲᠠᠷᠤᠯᠠ᠃ ᠭᠤᠷᠪᠠᠨ ᠡᠭᠡᠴᠢ ᠲᠡᠭᠦᠦ ᠨᠢ ᠮᠠᠰᠠ ᠵᠠᠰᠠᠯ ᠬᠢᠬᠦᠳᠤᠨᠢ ᠵᠤᠭᠤᠰ ᠵᠢᠭᠡᠯᠡᠭᠦᠯᠬᠦ᠂ ᠲᠠᠷᠢᠶ᠎ᠠ ᠬᠤᠷᠢᠶᠠᠵᠤ ᠮᠠᠯ ᠮᠠᠯᠵᠢᠬᠤᠳᠤᠨᠢ ᠲᠤᠰᠠᠯᠠᠬᠤ ᠮᠡᠳᠤ ᠪᠡᠷ ᠦᠢᠯᠡᠳᠪᠦᠷᠢᠯᠡᠯ ᠠᠮᠢᠳᠤᠷᠠᠯᠳᠤᠨᠢ ᠮᠠᠰᠢ ᠤᠯᠠᠨ ᠲᠤᠰᠠ ᠲᠡᠮᠵᠢᠯᠭᠡ ᠦᠵᠡᠭᠦᠯᠦᠭᠰᠡᠨ ᠪᠠᠢᠯ᠎ᠠ᠃ ᠠᠵᠢᠯᠤᠨ ᠠᠮᠠᠷᠠᠯᠲᠠ ᠪᠠᠨ ᠠᠪᠴᠤ᠂ ᠡᠷ᠎ᠡ ᠨᠦᠬᠦᠷ ᠨᠢ ᠴᠸ᠋ ᠲᠠᠶᠢᠭ ᠲᠤᠯᠤᠨ ᠠᠵᠢᠯᠳᠤᠨᠢ ᠪᠠᠭ᠎ᠠ ᠰᠠᠭ᠎ᠠ ᠬᠠᠮᠵᠢᠵᠦ ᠲᠡᠢᠯᠬᠦ ᠪᠤᠯᠤᠬᠰᠠᠨᠳᠤ᠂ ᠵᠤᠤ ᠱᠤᠸᠠᠩ ᠢᠤᠢ ᠬᠠᠷᠢᠨ ᠬᠦᠭᠰᠢᠷᠡᠯᠤᠨ ᠨᠡᠢᠯᠡᠭ ᠭᠡᠮᠳᠤ ᠤᠷᠢᠶᠠᠬᠲᠠᠪᠠ᠃ ᠲᠡᠭᠦᠨ ᠢ᠋ ᠡᠪᠡᠳᠴᠢᠨ ᠦᠵᠡᠭᠦᠯᠬᠦ ᠪᠡᠷ ᠤᠴᠢᠬᠤᠳᠤᠨᠢ᠂ ᠯᠢ ᠵᠢᠶᠸ ᠹᠸᠢ᠂ ᠵᠢᠶᠠᠩ ᠸᠸᠨ ᠫᠢᠩ ᠨᠠᠷ ᠠᠷᠤ ᠠᠷᠤ ᠡᠴᠡ ᠨᠢ ᠤᠳᠠᠰᠤᠲᠠᠨ᠂ ᠬᠠᠷᠢᠵᠦ ᠢᠷᠡᠭᠰᠡᠨ ᠴᠸ᠋ ᠡᠲᠦᠷᠵᠢᠨ ᠪᠡᠶ᠎ᠡ ᠢ᠋ᠢᠨ ᠬᠢᠨᠢ ᠪᠠᠢᠲᠠᠯ ᠢ᠋ ᠨᠢ ᠠᠰᠠᠭᠤᠨ ᠬᠠᠷᠠᠭᠠᠯᠵᠠᠲᠠᠭ ᠪᠢᠯᠡ᠃
ᠪᠤᠤ ᠱᠦᠢ ᠶᠤᠸᠠᠢ ᠪᠤᠯ ᠲᠦᠷᠪᠡᠭᠦᠯᠡ ᠢ᠋ᠢᠨᠢ᠋ᠢᠡᠨ ᠲᠤᠮᠲᠠ ᠨᠠᠰᠤ ᠪᠡᠷ ᠬᠤᠶᠠᠳᠤᠭᠠᠷ ᠲᠸ᠋ ᠵᠢᠬᠰᠠᠲᠠᠭ᠃ ᠲᠡᠲᠡᠨᠤ ᠬᠢᠨ ᠪᠤᠯ ᠭᠠᠴᠠᠭᠠᠨᠤ ᠪᠠᠨ ᠬᠦᠷᠢᠶ᠎ᠠ ᠬᠠᠰᠢᠶᠠᠨᠤ ᠠᠵᠦ ᠠᠬᠤᠢ ᠢ᠋ᠢᠨ ᠲᠠᠯ᠎ᠠ ᠪᠡᠷ ᠨᠡᠯᠢᠶᠡᠳ ᠰᠠᠢᠨ ᠬᠢᠵᠦ ᠪᠠᠢᠭ᠎ᠠ ᠨᠡᠢᠲᠡᠯᠢᠭ ᠵᠢᠱ᠌ᠢᠶᠡᠴᠢ ᠡᠷᠦᠭᠡ ᠪᠤᠯᠤᠨ᠎ᠠ᠃ ᠪᠢᠲᠡᠨᠢ ᠰᠤᠷᠪᠤᠯᠵᠢᠯᠠᠬᠤ ᠪᠡᠷ ᠬᠦᠷᠦᠭᠰᠡᠨ ᠡᠲᠦᠷ᠂ ᠡᠭᠡᠴᠢ ᠲᠡᠭᠦᠦ ᠭᠤᠷᠪᠠᠭᠤᠯᠠ ᠪᠠᠨ ᠶᠠᠬ ᠪᠤᠤ ᠱᠦᠢ ᠶᠤᠸᠠᠢ ᠢ᠋ᠢᠨ ᠬᠢᠨᠳᠤ ᠬᠦᠷᠴᠦ ᠪᠠᠩᠰᠢ ᠪᠠᠷᠢᠵᠦ ᠪᠠᠢᠵᠠᠢ᠃ 《ᠪᠢᠲᠡ ᠠᠵᠢᠯᠤᠨ ᠰᠡᠯᠡᠭᠦᠦ ᠴᠠᠬ ᠢ᠋ᠢᠡᠷ ᠢ᠋ᠢᠡᠨ ᠨᠢᠭᠡᠨ ᠨᠢᠭᠡᠨᠤᠳᠤ ᠪᠠᠨ ᠬᠦᠷᠴᠦ ᠬᠠᠮᠲᠦ ᠪᠡᠷ ᠬᠤᠭᠤᠯᠠ ᠬᠢᠵᠦ ᠨᠠᠢᠷᠯᠠᠯᠲᠤᠲᠠᠭ ᠶᠤᠮ᠃ ᠡᠨᠡ ᠵᠢᠯᠤᠨ ᠡᠬᠡᠴᠤᠤᠯᠤᠨ ᠪᠠᠶᠠᠷᠤᠨ ᠡᠲᠦᠷ ᠪᠢᠲᠡ ᠲᠦᠷᠪᠡᠭᠦᠯᠡ ᠪᠠᠰᠠ ᠪᠠᠯᠭᠠᠰᠤᠨᠳᠤ ᠬᠦᠷᠴᠦ ᠬᠠᠮᠲᠦ ᠪᠡᠷ ᠬᠤᠭᠤᠯᠠ ᠢᠲᠡᠨ ᠵᠡᠭᠡᠯᠢ ᠲᠤᠭᠤᠷᠢᠵᠦ ᠪᠠᠶᠠᠷᠤᠨ ᠡᠲᠦᠷ ᠢ᠋ᠢᠡᠨ ᠪᠡᠯᠭᠡᠯᠡᠵᠡᠢ᠃ ᠠᠯᠢᠨᠳᠤᠨᠢ ᠬᠦᠴᠢᠷᠳᠠᠯ ᠲᠤᠯᠭᠠᠷᠠᠬᠰᠠᠨ ᠴᠸ᠋ ᠪᠦᠷ ᠬᠠᠷᠢᠯᠴᠠᠨ ᠬᠠᠪᠰᠤᠷᠤᠯᠴᠠᠲᠠᠭ᠃ ᠪᠢᠲᠡ ᠪᠠᠰᠠ ᠯᠢ ᠵᠢᠶᠸ ᠹᠸᠢ ᠢ᠋ᠢᠨ ᠠᠵᠢᠯ ᠢ᠋ ᠪᠦᠬᠦ ᠬᠦᠴᠦᠨ ᠢ᠋ᠢᠡᠷ ᠢ᠋ᠢᠡᠨ ᠲᠡᠮᠵᠢᠨ᠎ᠡ᠂ ᠪᠢᠲᠡ ᠲᠦᠷᠦᠭᠰᠡᠨ ᠡᠭᠡᠴᠢ ᠲᠡᠭᠦᠦ ᠰᠢᠭ ᠬᠠᠢᠷ᠎ᠡ ᠰᠡᠳᠬᠢᠯᠭᠡ ᠲᠠᠢ ᠪᠤᠯᠤᠬᠰᠠᠨ ᠰᠢᠤ》 ᠬᠡᠵᠦ ᠪᠤᠤ ᠱᠦᠢ ᠶᠤᠸᠠᠢ ᠶᠠᠷᠢᠨ᠎ᠠ᠃
ᠡᠬᠡᠴᠢ ᠲᠡᠭᠦᠦ ᠲᠦᠷᠪᠡᠭᠦᠯᠡ ᠢ᠋ᠢᠨ ᠬᠠᠢᠷ᠎ᠠ ᠰᠡᠳᠬᠢᠯᠭᠡ ᠲᠡᠲᠡᠨᠤ ᠠᠵᠢᠯ ᠠᠮᠢᠳᠤᠷᠠᠯ ᠲᠤᠮᠲᠠ ᠨᠡᠩ ᠵᠤᠵᠠᠭᠠᠷᠠᠨ᠂ ᠲᠡᠲᠡᠨᠤ ᠬᠤᠭᠤᠷᠤᠨᠲᠤᠬᠢ ᠬᠠᠷᠢᠯᠴᠠᠭ᠎ᠠ ᠶᠠᠪᠤᠯᠴᠠᠭ᠎ᠠ ᠨᠢ ᠴᠸ᠋ ᠭᠠᠴᠠᠭᠠᠨᠤ ᠺᠠᠳ᠋ᠷ ᠠᠷᠠᠳᠤᠨ ᠬᠤᠭᠤᠷᠤᠨᠲᠤᠬᠢ ᠬᠠᠢᠷ᠎ᠠ ᠰᠡᠳᠬᠢᠯᠭᠡ ᠵᠢ ᠬᠦᠢᠴᠡᠳ ᠢᠯᠡᠷᠡᠭᠦᠯᠦᠭᠰᠡᠨ ᠪᠠᠢᠨ᠎ᠠ᠃ ᠨᠢᠭᠡᠨ ᠡᠮᠡᠭᠲᠡᠢ ᠺᠠᠳ᠋ᠷ ᠪᠤᠯᠤᠬᠰᠠᠨᠤ ᠬᠤᠪᠢᠳᠤ᠂ ᠯᠢ ᠵᠢᠶᠸ ᠹᠸᠢ ᠠᠵᠢᠯᠳᠠᠭᠠᠨ ᠨᠠᠷᠢᠨ ᠨᠢᠮᠪᠠᠢ ᠮᠦᠷᠲᠡᠭᠡᠨ ᠴᠠᠬ ᠢᠮᠬᠠᠲᠠ ᠰᠡᠳᠬᠢᠯᠳᠡᠭᠡᠨ ᠭᠠᠴᠠᠭᠠᠨᠤ ᠠᠷᠠᠳᠢ᠋ᠢᠡᠨ ᠪᠤᠲᠤᠵᠦ᠂ ᠬᠡᠨ ᠨᠢ ᠬᠦᠴᠢᠷᠲᠡᠯ ᠲᠤᠯᠭᠠᠷᠠᠪᠠᠯ ᠲᠠᠷᠤᠢ ᠲᠦᠷᠭᠡᠨ ᠬᠡᠷ ᠲᠤᠨᠢ ᠬᠦᠷᠴᠦ ᠤᠴᠢᠲᠠᠭ ᠮᠦᠷᠲᠡᠭᠡᠨ ᠴᠠᠬ ᠠᠭᠤᠷᠤᠨ ᠬᠤᠪᠢᠷᠠᠯᠳᠠ ᠵᠢᠨ ᠪᠠᠢᠳᠠᠯᠢ ᠴᠸ᠋ ᠭᠠᠴᠠᠭᠠᠨᠤ ᠠᠷᠠᠳᠤᠨ ᠢ᠋ᠢᠡᠨ ᠵᠢᠷᠬᠢᠶ᠎ᠡ ᠢ᠋ᠢᠨ ᠴᠤᠬᠯᠠᠷᠠᠯᠳᠠᠭᠠᠨ ᠤᠷᠢᠳᠴᠢᠯᠡᠨ ᠮᠡᠲᠡᠭᠲᠡᠲᠡᠭ᠃ 《ᠭᠠᠴᠠᠭᠠᠨᠤ ᠬᠡᠨ ᠨᠢᠭᠡ ᠨᠢ ᠨᠠᠲᠠ ᠵᠢ ᠡᠷᠢᠬᠦ ᠪᠡᠷ ᠢᠷᠡᠪᠠᠯ᠂ ᠪᠢ ᠲᠡᠭᠦᠨᠤ ᠶᠠᠭᠤᠨᠳᠤ ᠢᠷᠡᠭᠰᠡᠨ ᠢ᠋ ᠪᠦᠷ ᠮᠡᠲᠡᠴᠢᠭᠡᠨᠡ》 ᠬᠡᠵᠦ ᠯᠢ ᠵᠢᠶᠸ ᠹᠸᠢ ᠪᠢᠲᠡᠨᠳᠤ ᠬᠡᠯᠡᠭᠰᠡᠨ ᠰᠢᠭ ᠢ᠋ᠢᠡᠷ᠂ ᠲᠡᠷᠡ ᠭᠠᠴᠠᠭᠠᠨᠤ ᠪᠠᠨ ᠠᠷᠠᠳᠤᠨ ᠪᠠᠢᠲᠠᠯ ᠢ᠋ ᠠᠯᠠᠭᠠᠨ ᠵᠢᠷᠤᠭᠠᠰᠦ ᠪᠠᠨ ᠰᠢᠬ ᠲᠤᠲᠤᠷᠬᠠᠢ ᠮᠡᠲᠡᠵᠦ᠂ ᠪᠦᠬᠦ ᠰᠡᠳᠬᠢᠯ ᠪᠦᠬᠦ ᠵᠤᠷᠢᠭ ᠢ᠋ᠢᠡᠷ ᠢ᠋ᠢᠡᠨ ᠠᠷᠠᠳ ᠲᠦᠮᠡᠨᠳᠤ ᠦᠢᠯᠡᠴᠢᠯᠡᠬᠦ ᠵᠢ ᠬᠡᠵᠢᠶᠡᠲᠡ ᠮᠠᠷᠲᠠᠯ ᠦᠭᠡᠢ ᠴᠢᠷᠮᠠᠢᠵᠦ ᠶᠠᠪᠤᠨ᠎ᠠ᠃
ᠬᠠᠢᠷ᠎ᠠ ᠬᠠᠯᠠᠮᠵᠢ ᠵᠢ ᠲᠠᠮᠵᠢᠭᠤᠯᠤᠨ᠎ᠠ
2020 ᠤᠨᠤ 11 ᠰᠠᠷᠠᠳᠤ᠂ ᠲᠦᠩᠯᠢᠶᠤᠤ ᠬᠤᠲᠠᠳᠤ ᠤᠨᠴᠠ ᠶᠡᠬᠡ ᠴᠠᠰᠤ ᠤᠷᠤᠵᠦ᠂ ᠬᠤᠷᠠᠬᠰᠠᠨ ᠴᠠᠰᠤ ᠬᠡᠷᠤᠨ ᠡᠭᠦᠲᠡ ᠴᠤᠩᠬᠤ ᠵᠢ ᠪᠦᠭᠯᠡᠨ᠂ ᠮᠠᠯᠤᠨ ᠫᠸᠩ ᠰᠠᠷᠠᠪᠴᠢ ᠵᠢ ᠨᠤᠷᠠᠭᠠᠨ᠂ ᠴᠠᠰᠤ ᠰᠢᠭᠤᠷᠭ᠎ᠠ ᠡᠴᠡ ᠪᠤᠯᠵᠦ ᠰᠤᠷᠭᠠᠭᠤᠯᠢ ᠬᠢᠴᠢᠶᠡᠯ ᠵᠤᠬᠰᠤᠨ᠂ ᠲᠡᠷᠬᠡ ᠤᠨᠤᠭ᠎ᠠ ᠨᠡᠪᠲᠡᠷᠡᠵᠦ ᠲᠡᠢᠯᠬᠦ ᠦᠭᠡᠢ ᠪᠤᠯᠤᠬᠰᠠᠨ ᠪᠢᠯᠡ᠃
ᠰᠤᠭᠤ ᠢ᠋ᠢᠨ ᠬᠤᠯᠪᠤᠭ᠎ᠠ ᠭᠠᠴᠠᠭᠠᠨᠳᠤ ᠬᠡᠷ ᠲᠡᠭᠡᠨ ᠬᠤᠴᠤᠷᠤᠬᠰᠠᠨ ᠨᠠᠰᠤᠲᠠᠢᠴᠤᠳ ᠤᠯᠠᠨ ᠪᠠᠢᠲᠠᠭ ᠪᠤᠯᠬᠤᠷ᠂ ᠲᠤᠬᠠᠢ ᠢ᠋ᠢᠨ ᠦᠶᠡᠳᠤ ᠵᠠᠮᠲᠦ ᠪᠠᠯᠭᠠᠰᠤᠨᠳᠤ ᠰᠠᠭᠤᠵᠦ ᠪᠠᠢᠬᠰᠠᠨ ᠯᠢ ᠵᠢᠶᠸ ᠹᠸᠢ 《ᠭᠠᠴᠠᠭᠠᠨᠤ ᠠᠷᠠᠳ ᠨᠠᠲᠠ ᠵᠢ ᠬᠡᠷᠡᠭᠰᠡᠨ᠎ᠡ》 ᠬᠡᠰᠡᠨ ᠨᠢᠭᠡ ᠯᠡ ᠰᠡᠳᠬᠢᠯ ᠢ᠋ᠢᠡᠷ᠂ ᠴᠠᠰᠦ ᠵᠤᠳ ᠲᠸ᠋ ᠨᠠᠶ᠋ᠮᠠᠨ ᠭᠠᠵᠠᠷᠤᠨ ᠵᠠᠮᠢ ᠶᠠᠪᠠᠭᠠᠨ ᠢ᠋ᠢᠡᠷ ᠬᠤᠶᠠᠷ ᠴᠠᠬ ᠭᠠᠷᠤᠢ ᠶᠠᠪᠤᠵᠦ ᠬᠦᠷᠪᠡ᠃
ᠵᠠᠮ ᠵᠠᠭᠤᠷ᠎ᠠ ᠪᠠᠨ ᠲᠡᠷᠡ ᠭᠠᠴᠠᠭᠠᠨᠤ ᠠᠷᠠᠳᠤᠨ ᠵᠢᠷᠬᠢᠶ᠎ᠡ ᠢ᠋ᠢᠨ ᠴᠤᠬᠯᠠᠷᠠᠯᠳᠠᠭᠠᠨ ᠠᠷᠠᠳᠤᠨ ᠪᠠᠢᠲᠠᠯ ᠢ᠋ ᠠᠰᠠᠭᠤᠨ ᠤᠢᠯᠠᠭᠠᠬᠤᠳᠤ᠂ ᠡᠭᠦᠲᠡ ᠪᠠᠨ ᠨᠡᠭᠡᠭᠡᠵᠦ ᠲᠡᠢᠯᠬᠦ ᠦᠭᠡᠢ ᠬᠠᠪᠰᠤᠷᠤᠮᠵᠢ ᠭᠤᠶᠤᠴᠢᠯᠠᠵᠦ ᠪᠠᠢᠭ᠎ᠠ ᠬᠦᠮᠦᠰ ᠤᠯᠠᠨ ᠪᠠᠢᠵᠠᠢ᠃ ᠯᠢ ᠵᠢᠶᠸ ᠹᠸᠢ ᠢ᠋ᠢᠨ ᠤᠷᠢᠶᠠᠯᠠᠭ᠎ᠠ ᠪᠡᠷ᠂ ᠴᠤᠬᠯᠠᠷᠠᠯᠳᠤ ᠪᠠᠢᠭ᠎ᠠ ᠴᠸ ᠰᠢᠶᠤᠤ ᠰᠢᠩ᠂ ᠯᠢ ᠲᠸᠩ ᠹᠸᠢ ᠲᠦᠷᠦᠭᠦᠲᠡᠢ ᠵᠠᠯᠠᠭᠤᠴᠤᠳ ᠰᠠᠢᠨ ᠲᠤᠷ᠎ᠠ ᠡᠴᠡ ᠪᠠᠨ ᠠᠪᠤᠷᠠᠨ ᠲᠤᠰᠠᠯᠠᠬᠤ ᠪᠡᠷ ᠬᠦᠲᠡᠯᠦᠯᠴᠡᠯᠡ᠃
ᠲᠡᠳᠡ ᠡᠷᠲᠡ ᠢ᠋ᠢᠨ ᠲᠤᠯᠤᠭ᠎ᠠ ᠨᠠᠢ᠍ᠮᠠᠨ ᠴᠠᠬ ᠡᠴᠡ ᠡᠬᠢᠯᠡᠨ᠂ ᠬᠡᠷᠤᠨ ᠡᠭᠦᠲᠡ ᠪᠠᠨ ᠠᠷᠠᠢ ᠴᠢᠮᠠᠢ ᠨᠡᠭᠡᠭᠡᠨ ᠭᠠᠷᠤᠮᠠᠬᠴᠠ᠂ ᠬᠡᠷᠡᠮ ᠢ᠋ᠢᠡᠷ ᠵᠠᠮ ᠪᠤᠯᠭᠠᠨ᠂ ᠬᠦᠷᠵᠡ ᠪᠠᠨ ᠡᠭᠦᠷᠦᠨ᠂ ᠨᠢᠭᠡ ᠨᠢᠭᠡ ᠬᠡᠷ ᠢ᠋ᠢᠡᠷ ᠬᠡᠷ ᠲᠡᠭᠡᠨ ᠬᠠᠰᠢᠬᠲᠠᠬᠰᠠᠨ ᠨᠠᠰᠤᠲᠠᠢᠴᠤᠳ ᠢ᠋ ᠠᠪᠤᠷᠠᠨ ᠲᠤᠰᠠᠯᠠᠪᠠ᠃
《ᠨᠢᠭᠡᠨ ᠨᠠᠰᠤᠲᠠᠢ ᠡᠵᠢ ᠢ᠋ᠢᠨ ᠡᠭᠦᠲᠡ ᠴᠤᠩᠬᠤ ᠨᠢ ᠪᠦᠷ ᠴᠠᠰᠤᠨᠳᠤ ᠪᠤᠯᠠᠬᠲᠠᠨ ᠬᠠᠷᠠᠬᠲᠠᠬᠤ ᠪᠠᠨ ᠪᠤᠯᠢᠵᠦ᠂ ᠬᠡᠦᠬᠡᠳ ᠨᠢ ᠭᠠᠲᠠᠨ᠎ᠠ ᠭᠠᠵᠠᠷ ᠬᠦᠯᠦᠰᠦᠨ ᠠᠵᠢᠯ ᠬᠢᠵᠦ ᠪᠠᠢᠭ᠎ᠠ ᠪᠤᠯᠬᠤᠷ᠂ ᠨᠠᠰᠤᠲᠠᠨ ᠭᠠᠬᠴᠠᠭᠠᠷ ᠢ᠋ᠢᠡᠨ ᠬᠡᠷ ᠲᠡᠭᠡᠨ ᠤᠬᠢᠯᠠᠨ ᠰᠠᠭᠤᠵᠦ ᠪᠠᠢᠵᠠᠢ᠃ ᠪᠢ ᠡᠭᠦᠲᠡᠨ ᠡᠮᠦᠨᠡᠬᠢ ᠴᠠᠰᠤ ᠵᠢ ᠨᠢ ᠠᠷᠢᠯᠭᠠᠨ ᠬᠡᠷ ᠲᠸ᠋ ᠤᠷᠤᠵᠦ᠂ ᠬᠠᠨᠵᠤ ᠵᠢ ᠨᠢ ᠬᠠᠯᠠᠭᠤᠯᠵᠦ ᠦᠭᠭᠦᠮᠡᠭᠴᠡ ᠲᠠᠬᠢᠨ ᠪᠤᠰᠤᠳ ᠬᠦᠮᠦᠨ ᠢ᠋ ᠬᠠᠪᠰᠤᠷᠬᠤ ᠪᠡᠷ ᠶᠠᠪᠤᠵᠠᠢ᠃ ᠨᠠᠰᠤᠲᠠᠨ ᠨᠢᠯᠪᠤᠰᠤ ᠪᠠᠨ ᠠᠷᠴᠢᠨ ᠪᠢᠳᠡᠨ ᠳ᠋ᠸ᠋ ᠲᠠᠬᠢᠨ ᠲᠠᠬᠢᠨ ᠲᠠᠯᠠᠷᠬᠠᠵᠦ ᠪᠠᠢᠯ᠎ᠠ》 ᠬᠡᠵᠦ ᠴᠸ ᠰᠢᠶᠤᠤ ᠰᠢᠩ ᠶᠠᠷᠢᠨ᠎ᠠ᠃ ᠦᠲᠡ ᠢ᠋ᠢᠨ ᠬᠤᠢᠨᠠᠬᠢ ᠲᠠᠪᠤ ᠵᠢᠷᠭᠤᠭᠠᠨ ᠴᠠᠬ ᠪᠤᠯᠲᠠᠯ᠎ᠠ ᠴᠠᠰᠤ ᠠᠷᠢᠯᠭᠠᠨ ᠠᠪᠤᠷᠠᠯᠲᠠ ᠬᠢᠭᠰᠡᠨ ᠯᠢ ᠲᠸᠩ ᠹᠸᠢ᠄ 《ᠶᠠᠲᠠᠷᠠᠬᠰᠠᠨ ᠨᠢ ᠪᠤᠯ ᠦᠨᠡᠨ᠂ ᠬᠡᠪᠡᠴᠤ ᠪᠤᠰᠤᠳ ᠢ᠋ ᠬᠠᠪᠰᠤᠷᠤᠬᠰᠠᠨᠳᠠᠭᠠᠨ ᠰᠡᠳᠬᠢᠯ ᠨᠡᠩ ᠪᠠᠶᠠᠷᠲᠠᠢ ᠪᠠᠢᠨ᠎ᠠ》 ᠬᠡᠵᠡᠢ᠃
ᠲᠡᠷᠡ ᠦᠶ᠎ᠡ ᠡᠴᠡ ᠡᠬᠢᠯᠡᠨ᠂ ᠭᠠᠴᠠᠭᠠᠨᠤ ᠵᠠᠯᠠᠭᠤᠴᠤᠳᠢ᠋ᠢᠡᠷ ᠪᠦᠷᠢᠯᠲᠦᠭᠰᠡᠨ ᠬᠠᠢᠷ᠎ᠠ ᠬᠠᠯᠠᠮᠵᠢ ᠢ᠋ᠢᠨ ᠠᠩᠬᠢ ᠪᠠᠢᠭᠤᠯᠤᠬᠲᠠᠵᠦ᠂ ᠭᠠᠴᠠᠭᠠᠨᠤ ᠨᠠᠰᠤᠲᠠᠢᠴᠤᠳ ᠪᠤᠶᠤ ᠬᠦᠴᠢᠷᠲᠡᠯᠲᠡᠢ ᠬᠦᠮᠦᠰ ᠢ᠋ ᠬᠠᠪᠰᠤᠷᠤᠨ ᠬᠦᠷᠢᠶ᠎ᠡ ᠬᠠᠰᠢᠶ᠎ᠠ ᠵᠢ ᠴᠡᠪᠡᠷᠯᠡᠬᠦ᠂ ᠬᠡᠷᠡᠮ ᠪᠤᠰᠬᠠᠬᠤ ᠭᠠᠵᠠᠷ ᠲᠡᠪᠢᠰᠬᠦ᠂ ᠫᠸᠩ ᠰᠠᠷᠠᠪᠴᠢ ᠪᠠᠷᠢᠬᠤ᠂ ᠲᠠᠷᠢᠶ᠎ᠠ ᠤᠰᠤᠯᠠᠬᠤ ᠡᠪᠡᠰᠦ ᠠᠷᠢᠯᠭᠠᠬᠤ᠂ ᠭᠠᠴᠠᠭᠠᠨᠤ ᠤᠷᠴᠢᠨ ᠲᠤᠭᠤᠷᠢᠨᠤ ᠡᠷᠡᠭᠦᠯ ᠬᠠᠮᠠᠭᠠᠯᠠᠯ ᠢ᠋ ᠪᠠᠲᠤᠯᠠᠬᠤ ᠮᠡᠲᠦ ᠢ᠋ᠢᠨ ᠰᠠᠢᠨ ᠲᠤᠷ᠎ᠠ ᠢ᠋ᠢᠨ ᠠᠵᠢᠯᠯᠠᠭᠠᠳᠤ ᠤᠷᠤᠯᠴᠠᠳᠠᠭ ᠪᠤᠯᠵᠠᠢ᠃
ᠬᠠᠢᠷ᠎ᠠ ᠬᠠᠯᠠᠮᠵᠢ ᠢ᠋ᠢᠨ ᠠᠡᠭᠭᠢ ᠪᠠᠢᠭᠤᠯᠤᠬᠲᠠᠬᠰᠠᠨ ᠡᠴᠡ ᠨᠠᠭᠠᠰᠢ᠂ ᠭᠠᠷᠠᠭ ᠪᠤᠯᠭᠠᠨ ᠰᠠᠢᠨ ᠲᠤᠷ᠎ᠠ ᠢ᠋ᠢᠨ ᠠᠵᠢᠯᠯᠠᠭ᠎ᠠ ᠦᠷᠨᠢᠭᠦᠯᠵᠦ᠂ ᠨᠠᠰᠤᠲᠠᠢᠴᠤᠳ ᠤᠴᠢᠷ ᠲᠠᠢ ᠪᠤᠯ ᠲᠡᠲᠡᠨ ᠢ᠋ ᠡᠷᠢᠳᠡᠭ ᠮᠦᠷᠲᠡᠭᠡᠨ ᠭᠠᠳᠠᠨ᠎ᠠ ᠭᠠᠵᠠᠷ ᠠᠵᠢᠯ ᠲᠠᠢ ᠬᠡᠦᠬᠡᠳᠤᠳ ᠨᠢ ᠴᠸ᠋ ᠨᠠᠰᠤᠲᠠᠨᠤ ᠪᠠᠨ ᠲᠦᠯᠦᠭᠡ ᠰᠠᠨᠠᠭ᠎ᠠ ᠵᠤᠪᠠᠬᠤ ᠤᠴᠢᠷ ᠦᠭᠡᠢ ᠪᠤᠯᠵᠦ᠂ ᠰᠡᠳᠬᠢᠯ ᠠᠮᠤᠷ ᠠᠵᠢᠯᠯᠠᠲᠠᠭ ᠪᠤᠯᠵᠠᠢ᠃ ᠨᠠᠰᠤᠲᠠᠢᠴᠤᠳ ᠡᠲᠡᠭᠡᠷ ᠵᠠᠯᠠᠭᠤᠴᠤᠳᠢ ᠦᠨᠡᠨ ᠰᠡᠳᠬᠢᠯ ᠡᠴᠡ ᠪᠠᠨ ᠬᠠᠢᠷᠠᠯᠠᠨ᠂ ᠠᠭᠤᠯᠵᠠᠬᠤ ᠪᠤᠯᠭᠠᠨ ᠬᠡᠷ ᠲᠡᠭᠡᠨ ᠤᠷᠢᠨ ᠬᠤᠭᠤᠯᠠ ᠢᠲᠡᠭᠦᠯᠳᠡᠭ ᠪᠦᠭᠡᠳ ᠬᠡᠦᠬᠡᠳᠤᠳ ᠨᠢ ᠠᠮᠠᠷᠠᠯᠲᠠᠳᠠᠭᠠᠨ ᠨᠤᠳᠤᠭ ᠲᠠᠭᠠᠨ ᠬᠠᠷᠢᠵᠦ ᠢᠷᠡᠬᠦ ᠪᠤᠯᠭᠠᠨ ᠲᠡᠲᠡᠨᠠᠷ ᠲᠸ᠋ ᠲᠠᠯᠠᠷᠬᠠᠯᠤᠨ ᠰᠡᠳᠬᠢᠯᠭᠡ ᠪᠠᠨ ᠢᠯᠡᠳᠬᠡᠵᠦ᠂ ᠭᠠᠴᠠᠭᠠᠨᠳᠤ ᠬᠠᠷᠢᠯᠴᠠᠨ ᠲᠤᠰᠠᠯᠠᠯᠴᠠᠬᠰᠠᠨ᠂ ᠪᠦᠯᠬᠦᠮᠲᠡᠨ ᠨᠢᠬᠲᠠᠷᠠᠬᠰᠠᠨ ᠠᠭᠤᠷ ᠠᠮᠢᠰᠬᠤᠯ ᠢ᠋ᠢᠡᠷ ᠪᠢᠯᠬᠠᠨ᠎ᠠ᠃
ᠤᠶᠤᠨᠤ ᠠᠮᠢᠳᠤᠷᠠᠯ ᠢ᠋ ᠪᠠᠶᠠᠯᠢᠬᠵᠢᠭᠤᠯᠤᠨ᠎ᠠ
ᠰᠤᠭᠤ ᠢ᠋ᠢᠨ ᠬᠤᠯᠪᠤᠭ᠎ᠠ ᠭᠠᠴᠠᠭᠠᠨᠤ ᠨᠠᠮᠤᠨ ᠬᠡᠰᠢᠭᠦᠨ ᠪᠠ ᠤᠯᠠᠨ ᠲᠦᠮᠡᠨᠤ ᠦᠢᠯᠡᠴᠢᠯᠡᠭᠡᠨᠤ ᠲᠦᠪᠤᠨ ᠡᠮᠦᠨᠡᠬᠢ ᠠᠭᠤᠲᠠᠮ ᠲᠠᠯᠠᠪᠠᠢᠳᠤ ᠠᠷᠪᠠᠭᠠᠳ ᠪᠦᠰᠡᠭᠦᠢ ᠲᠤᠬᠯᠠᠯᠲᠠ ᠢ᠋ᠢᠨ ᠬᠤᠪᠴᠠᠰᠤ ᠡᠮᠦᠰᠦᠨ ᠪᠦᠵᠢᠭᠯᠡᠵᠡᠭᠡᠨᠡ᠃ 《ᠮᠠᠨᠤ ᠭᠠᠴᠠᠭᠠᠨᠤ ᠤᠷᠠᠯᠢᠬᠤᠨ ᠪᠦᠯᠬᠦᠮᠤᠨ ᠬᠢᠨ ᠲᠤᠬᠯᠠᠯᠲᠠ ᠪᠠᠨ ᠪᠤᠯᠪᠠᠰᠤᠷᠠᠵᠦ ᠪᠠᠢᠨ᠎ᠠ》 ᠬᠡᠵᠦ ᠭᠠᠴᠠᠭᠠᠨᠤ ᠡᠮᠡᠭᠲᠡᠢᠴᠤᠳᠤᠨ ᠬᠤᠯᠪᠤᠭ᠎ᠠ ᠢ᠋ᠢᠨ ᠡᠷᠬᠢᠯᠡᠭᠴᠢ ᠪᠤᠤ ᠬᠤᠩ ᠶᠠᠨ ᠪᠢᠲᠡᠨᠳᠤ ᠶᠠᠷᠢᠨ᠎ᠠ᠃
2011 ᠤᠨᠳᠤ ᠭᠠᠴᠠᠭᠠᠨᠤ ᠬᠤᠶᠠᠷ ᠵᠦᠪᠯᠡᠯᠤᠨ ᠲᠠᠭᠠᠭᠤᠯᠭ᠎ᠠ ᠲᠤᠤᠷ᠎ᠠ ᠰᠤᠭᠤ ᠢ᠋ᠢᠨ ᠬᠤᠯᠪᠤᠭ᠎ᠠ ᠭᠠᠴᠠᠭ᠎ᠠ ᠤᠷᠠᠯᠢᠬᠤᠨ ᠪᠦᠯᠬᠦᠮ ᠢ᠋ᠢᠡᠨ ᠪᠠᠢᠭᠤᠯᠵᠦ᠂ ᠲᠡᠯᠡᠭᠡᠢ ᠵᠢᠨ ᠡᠮᠡᠭᠳᠡᠢᠴᠤᠳᠤᠨ ᠪᠠᠶᠠᠷ᠂ ᠲᠡᠯᠡᠭᠡᠢ ᠵᠢᠨ ᠬᠦᠳᠡᠯᠮᠦᠷᠢᠴᠢᠳᠤᠨ ᠪᠠᠶᠠᠷ᠂ ᠤᠯᠤᠰᠤᠨ ᠪᠠᠶᠠᠷ ᠮᠡᠲᠦ ᠢ᠋ᠢᠨ ᠪᠠᠶᠠᠷ ᠲᠤᠷᠠᠰᠬᠠᠯᠤᠨ ᠡᠲᠦᠷ ᠵᠢᠴᠢ ᠵᠢᠯ ᠴᠠᠭᠠᠨ ᠰᠠᠷ᠎ᠠ ᠪᠤᠯᠭᠠᠨ ᠲᠤᠬᠯᠠᠯᠲᠠ ᠭᠠᠷᠭᠠᠲᠠᠭ ᠮᠦᠷᠲᠡᠭᠡᠨ ᠵᠡᠷᠭᠡᠯᠡᠲᠡᠭᠡ ᠭᠠᠴᠠᠭᠠᠨᠳᠤ ᠴᠸ᠋ ᠬᠦᠷᠴᠦ ᠬᠠᠮᠲᠦ ᠪᠡᠷ ᠲᠤᠬᠯᠠᠯᠲᠠ ᠭᠠᠷᠭᠠᠨ᠂ ᠬᠠᠷᠢᠯᠴᠠᠨ ᠰᠤᠷᠤᠯᠴᠠᠨ ᠬᠠᠷᠢᠯᠴᠠᠨ ᠶᠠᠪᠤᠯᠴᠠᠲᠠᠭ ᠪᠠᠢᠵᠠᠢ᠃ ᠵᠢᠶᠠᠩ ᠸᠸᠨ ᠫᠢᠩ ᠨᠠᠷ ᠴᠸ᠋ ᠲᠤᠰ ᠤᠷᠠᠯᠢᠬᠤᠨ ᠪᠦᠯᠬᠦᠮᠤᠨ ᠪᠦᠷᠢᠯᠲᠦᠭᠦᠨ ᠶᠤᠮ᠃
《ᠦᠩᠭᠡᠷᠡᠭᠰᠡᠨᠳᠤ ᠪᠢ ᠬᠡᠷ ᠡᠴᠡ ᠪᠠᠨ ᠲᠡᠮᠡᠢ ᠭᠠᠷᠲᠠᠭ ᠦᠭᠡᠢ ᠪᠠᠢᠵᠠᠢ᠂ ᠤᠷᠠᠯᠢᠬᠤᠨ ᠪᠦᠯᠬᠦᠮᠳᠤ ᠤᠷᠤᠯᠴᠠᠭᠰᠠᠨ ᠡᠴᠡ ᠰᠡᠭᠦᠯᠡᠷ ᠭᠠᠴᠠᠭᠠᠨᠤ ᠠᠷᠠᠳ ᠲᠠᠢ ᠬᠠᠷᠢᠯᠴᠠᠭ᠎ᠠ ᠶᠠᠪᠤᠯᠴᠠᠭ᠎ᠠ ᠤᠯᠠᠨ ᠪᠤᠯᠤᠬᠰᠠᠨ ᠪᠦᠭᠡᠳ ᠪᠤᠰᠤᠳ ᠭᠠᠴᠠᠭᠠᠨᠳᠤ ᠬᠦᠷᠴᠦ ᠲᠤᠬᠯᠠᠯᠲᠠ ᠭᠠᠷᠭᠠᠬᠰᠠᠨ ᠨᠢ ᠨᠠᠲᠠᠳᠤ ᠠᠪᠴᠤ ᠬᠡᠯᠡᠪᠡᠯ ᠨᠡᠩ ᠨᠢᠲᠦ ᠪᠡᠨ ᠨᠡᠭᠡᠭᠡᠭᠰᠡᠨ ᠲᠠᠢ ᠠᠳᠠᠯᠢᠬᠠᠨ》 ᠬᠡᠵᠦ ᠵᠢᠶᠠᠩ ᠸᠸᠨ ᠫᠢᠩ ᠶᠠᠷᠢᠨ᠎ᠠ᠃ ᠵᠢᠶᠠᠩ ᠸᠸᠨ ᠫᠢᠩ ᠰᠢᠭ ᠪᠦᠰᠡᠬᠦᠢᠴᠤᠳᠤᠨ ᠪᠦᠵᠢᠭ ᠪᠦᠵᠢᠭᠯᠡᠨ ᠲᠤᠬᠯᠠᠯᠲᠠ ᠭᠠᠷᠭᠠᠵᠦ ᠤᠶᠤᠨᠤ ᠠᠮᠢᠳᠤᠷᠠᠯ ᠢ᠋ ᠨᠢ ᠪᠠᠶᠠᠯᠢᠬᠵᠢᠭᠤᠯᠬᠤ ᠢ᠋ᠢᠨ ᠬᠠᠮᠲᠦ ᠪᠠᠶᠠᠷ ᠲᠤᠷᠠᠰᠬᠠᠯᠤᠨ ᠡᠲᠦᠷᠤᠳ ᠢ᠋ᠢᠡᠷ ᠭᠠᠴᠠᠭᠠᠨᠤ ᠨᠠᠰᠤᠲᠠᠢᠴᠤᠳ ᠵᠢᠴᠢ ᠠᠷᠠᠳ ᠤᠯᠠᠨᠳᠤ ᠲᠤᠬᠯᠠᠯᠲᠠ ᠭᠠᠷᠭᠠᠨ ᠪᠠᠶᠠᠷ ᠪᠠᠶᠠᠰᠤᠯ ᠬᠦᠷᠬᠡᠵᠦ᠂ ᠠᠷᠠᠳᠤᠨ ᠬᠤᠭᠤᠷᠤᠨᠲᠤᠬᠢ ᠪᠦᠯᠬᠦᠮᠲᠠᠯ ᠨᠢᠬᠲᠠᠷᠠᠯ ᠢ᠋ ᠵᠤᠵᠠᠭᠠᠳᠬᠠᠬᠤ ᠨᠢ ᠶᠠᠬ ᠭᠠᠴᠠᠭᠠᠨ ᠡᠴᠡ ᠤᠷᠠᠯᠢᠬᠤᠨ ᠪᠦᠯᠬᠦᠮ ᠢ᠋ ᠪᠠᠢᠭᠤᠯᠤᠬᠰᠠᠨᠤ ᠵᠤᠷᠢᠯᠭ᠎ᠠ ᠪᠢᠯᠡ᠃
《ᠦᠷᠭᠡᠨ ᠤᠯᠠᠨ ᠦᠨᠳᠦᠰᠦᠨ ᠱᠠᠲᠤᠨᠤ ᠤᠯᠠᠨ ᠲᠦᠮᠡᠨᠢ ᠵᠤᠬᠢᠶᠠᠨ ᠪᠠᠢᠭᠤᠯᠤᠨ᠂ ᠲᠠᠢᠴᠢᠯᠠᠵᠦ᠂ ᠨᠢᠬᠲᠠᠷᠠᠭᠤᠯᠵᠦ᠂ ᠠᠷᠠᠳ ᠤᠯᠠᠨᠤ ᠢᠲᠡᠪᠬᠢ ᠴᠢᠨᠠᠷ᠂ ᠰᠠᠨᠠᠭᠠᠴᠢᠯᠠᠭᠠᠲᠦ ᠴᠢᠨᠠᠷ᠂ ᠡᠬᠦᠲᠦᠨ ᠪᠦᠲᠦᠭᠡᠬᠦ ᠴᠢᠨᠠᠷ ᠢ᠋ ᠬᠦᠢᠴᠡᠳ ᠬᠦᠭᠵᠢᠭᠡᠬᠦ ᠬᠡᠷᠡᠭᠲᠡᠢ》 ᠬᠡᠵᠦ ᠶᠡᠷᠦᠩᠬᠡᠢ ᠱᠦᠵᠢ ᠴᠢᠬᠤᠯᠠᠴᠢᠯᠠᠬᠰᠠᠨ ᠪᠢᠯᠡ᠃ ᠰᠤᠭᠤ ᠢ᠋ᠢᠨ ᠬᠤᠯᠪᠤᠭ᠎ᠠ ᠭᠠᠴᠠᠭᠠᠨᠤ ᠤᠳᠤᠷᠢᠳᠬᠤ ᠪᠠᠭ ᠨᠢ ᠨᠠᠮᠤᠨ ᠡᠭᠦᠷᠤᠨ ᠱᠦᠵᠢ ᠯᠢ ᠵᠢᠶᠸ ᠹᠸᠢ ᠢ᠋ᠢᠨ ᠲᠠᠭᠠᠭᠤᠯᠭ᠎ᠠ ᠲᠤᠤᠷ᠎ᠠ᠂ ᠬᠠᠨᠴᠤᠢ ᠰᠢᠮᠠᠯᠠᠨ ᠬᠠᠷᠢᠭᠤᠴᠠᠯᠭ᠎ᠠ ᠡᠭᠦᠷᠭᠡᠯᠡᠨ᠂ ᠤᠯᠠᠨ ᠲᠦᠮᠡᠨᠳᠤ ᠪᠤᠲᠠᠲᠤ ᠶᠠᠪᠤᠲᠠᠯ ᠬᠢᠵᠦ ᠦᠭᠭᠦᠨ᠂ ᠭᠠᠴᠠᠭᠠᠨᠤ ᠠᠷᠠᠳ ᠢ᠋ᠢᠡᠨ ᠲᠠᠢᠴᠢᠯᠠᠨ ᠪᠦᠯᠬᠦᠮᠲᠡᠨ ᠨᠢᠬᠲᠠᠷᠠᠭᠤᠯᠵᠦ᠂ ᠭᠠᠴᠠᠭᠠᠨᠤ ᠪᠠᠨ ᠬᠦᠭᠵᠢᠯᠲᠡ ᠢ᠋ᠢᠨ ᠵᠠᠮ ᠢ᠋ᠢᠡᠷ ᠢᠳᠡᠷᠡᠭᠦᠨ ᠤᠷᠤᠬᠰᠢᠯᠠᠨ᠎ᠠ᠃