ᠬᠠᠯᠠᠭᠤᠨ ᠳᠣᠲᠣᠨᠣ ᠵᠠᠮ ᠬᠠᠷᠢᠯᠴᠠᠭᠠᠨ᠎ᠤ ᠴᠠᠭᠳᠠᠭ᠎ᠠ ᠬᠡᠷ᠎ᠦᠨ ᠠᠬᠠᠮᠠᠳ ᠬᠠᠪᠰᠤᠷᠴᠤ ᠬᠡᠦᠬᠡᠨ᠎ᠢ ᠨᠢ ᠡᠷᠢᠵᠦ᠍ ᠣᠯᠵᠠᠢ
2023-10-15 10:55:02
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

2023 ᠣᠨ᠎ᠤ 10 ᠰᠠᠷ᠎ᠠ᠎ᠶᠢᠨ 10᠎ᠤ ᠡᠳᠦᠷ᠎ᠦᠨ ᠣᠷᠣᠶ᠂ ᠤᠷᠠᠳ᠎ᠤᠨ ᠡᠮᠦᠨᠡᠲᠦ᠍ ᠬᠣᠰᠢᠭᠤᠨ᠎ᠤ ᠨᠠᠢᠮᠠᠳᠤᠭᠠᠷ ᠬᠤᠭᠤᠴᠠᠭᠠᠨ᠎ᠤ ᠵᠠᠯᠠᠭᠤᠴᠤᠳ ᠪᠠᠭᠠᠴᠤᠳ᠎ᠤᠨ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠨᠠᠢᠷ ᠵᠢᠴᠢ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ᠌ ᠤᠷᠤᠯᠳᠤᠭᠠᠨ᠎ᠤ ᠲᠥᠷᠥᠯ ᠵᠦᠢᠯ᠎ᠦᠨ ᠨᠢᠭᠡ ᠪᠣᠯᠬᠤ ᠭᠱᠠᠨ ᠵᠠᠭᠤᠷ᠎ᠠ᠎ᠶᠢᠨ ᠬᠡᠯᠪᠡᠷᠢ ᠹᠢᠽᠢᠺ᠎ᠦᠨ ᠤᠯᠤᠰ᠎ᠤᠨ ᠭᠤᠤᠯᠳᠠᠯᠭ᠎ᠠ ᠲᠠᠶ ᠲᠤᠷᠰᠢᠯᠲᠠ᠎ᠶᠢᠨ ᠲᠠᠰᠤᠭ᠎ᠤᠨ ᠵᠥᠬᠡᠶ᠎ᠶᠢᠨ ᠰᠦᠷᠦᠭ᠎ᠦᠨ ᠵᠢᠯᠣᠭᠣᠴᠢ ᠥᠬᠡᠶ ᠨᠢᠰᠬᠡᠯ᠎ᠦᠨ ᠦᠵᠡᠭᠦᠯᠭᠡ᠎ᠶᠢᠨ ᠠᠵᠢᠯᠯᠠᠭ᠎ᠠ ᠤᠷᠠᠳ᠎ᠤᠨ ᠡᠮᠦᠨᠡᠲᠦ᠍ ᠬᠣᠰᠢᠭᠤᠨ᠎ᠤ ᠪᠡᠶ᠎ᠡ᠎ᠶᠢᠨ ᠲᠠᠮᠢᠷ ᠰᠣᠶᠣᠯ᠎ᠤᠨ ᠠᠵᠤ ᠦᠢᠯᠡᠰ᠎ᠦᠨ ᠬᠦᠷᠢᠶᠡᠯᠡᠩ᠎ᠳᠦ ᠶᠠᠪᠤᠭᠳᠠᠪᠠ᠃ ᠪᠠᠶᠠᠨᠨᠠᠭᠤᠷ ᠬᠣᠲᠠ᠎ᠶᠢᠨ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠵᠠᠮ ᠬᠠᠷᠢᠯᠴᠠᠭᠠᠨ᠎ᠤ ᠬᠠᠮᠢᠶᠠᠷᠤᠯᠲᠠ᠎ᠶᠢᠨ ᠰᠠᠯᠪᠤᠷᠢ ᠠᠩᠭᠢ᠎ᠶᠢᠨ ᠤᠷᠠᠳ᠎ᠤᠨ ᠡᠮᠦᠨᠡᠲᠦ᠍ ᠬᠣᠰᠢᠭᠤᠨ᠎ᠤ ᠶᠡᠬᠡ ᠠᠩᠭᠢ᠎ᠶᠢᠨ ᠠᠷᠠᠳ᠎ᠤᠨ ᠲᠤᠰᠠᠯᠠᠬᠤ ᠴᠠᠭᠳᠠᠭ᠎ᠠ ᠲᠤᠬᠠᠢ ᠵᠢᠨ ᠲᠠᠯᠠᠪᠤᠷ ᠵᠠᠮ ᠬᠠᠷᠢᠯᠴᠠᠭᠠᠨ᠎ᠤ ᠡᠮᠬᠢ ᠳᠢᠭᠯᠢᠮ᠎ᠢ ᠬᠠᠮᠠᠭᠠᠯᠠᠵᠤ ᠪᠠᠢᠯ᠎ᠠ᠃ 

ᠣᠷᠣᠶ᠎ᠶᠢᠨ 8 ᠴᠠᠭ 10 ᠮᠢᠨᠦᠲ᠎ᠦᠨ ᠦᠶ᠎ᠡ᠎ᠪᠡᠷ᠂ ᠶᠡᠬᠡ ᠠᠩᠭᠢ᠎ᠶᠢᠨ ᠬᠣᠲᠠ ᠪᠠᠯᠭᠠᠰᠤᠨ᠎ᠤ ᠬᠣᠶᠠᠳᠤᠭᠠᠷ ᠳᠤᠮᠳᠠ ᠠᠩᠭᠢ᠎ᠶᠢᠨ ᠳᠠᠷᠤᠭ᠎ᠠ ᠰᠢ ᠵᠢᠶᠠᠨ ᠵᠢᠶᠦ᠋ᠨ ᠠᠷᠠᠳ᠎ᠤᠨ ᠲᠤᠰᠠᠯᠠᠬᠤ ᠴᠠᠭᠳᠠᠭ᠎ᠠ ᠰᠦᠨ ᠹᠸᠢ᠂ ᠴᠢᠶᠣᠤ ᠠᠨ ᠳ᠋ᠸ᠎ᠶᠢ ᠳᠠᠭᠠᠭᠤᠯᠤᠨ ᠬᠤᠷᠠᠯ᠎ᠤᠨ ᠲᠠᠯᠠᠪᠠᠶ᠎ᠳᠤ ᠲᠣᠭᠣᠷᠢᠨ ᠴᠠᠭᠳᠠᠵᠤ ᠬᠠᠮᠢᠶᠠᠷᠤᠨ ᠡᠵᠡᠮᠳᠡᠬᠦ᠌ ᠦᠶ᠎ᠡ᠎ᠳᠦ᠂ ᠨᠢᠭᠡᠨ ᠵᠢᠭᠠᠯ ᠬᠦᠦ ᠬᠡᠷ᠎ᠦᠨ ᠬᠥᠮᠦᠨ ᠨᠢ ᠪᠠᠷ᠎ᠠ ᠪᠤᠯᠤᠭᠰᠠᠨ ᠥᠬᠡᠶ ᠪᠡᠷ ᠭᠠᠭᠴᠠᠭᠠᠷ᠎ᠢᠶᠡᠨ ᠭᠠᠳᠠᠭᠤᠷ ᠶᠠᠪᠤᠵᠤ᠂ ᠲᠤᠢᠯ᠎ᠤᠨ ᠠᠶᠤᠯᠲᠠᠶ ᠪᠠᠢᠬᠤ᠎ᠶᠢ ᠣᠯᠵᠤ ᠮᠡᠳᠡᠵᠡᠶ᠃ ᠰᠢ ᠵᠢᠶᠠᠨ ᠵᠢᠶᠦ᠋ᠨ᠎ᠨᠡᠷ ᠠᠰᠠᠭᠤᠨ ᠯᠠᠪᠯᠠᠭᠰᠠᠨ ᠵᠢᠡᠨ  ᠵᠢᠭᠠᠯ ᠭᠦᠦ ᠡᠨᠡ ᠵᠢᠯ 5 ᠨᠠᠰᠤᠲᠠᠢ᠂ ᠡᠵᠢ᠎ᠪᠡᠨ ᠳᠠᠭᠠᠨ ᠲᠣᠭᠯᠠᠯᠲᠠ ᠦᠵᠡᠬᠦ᠌᠎ᠪᠡᠷ ᠭᠠᠷᠴᠤ᠌  ᠢᠷᠡᠭᠡᠳ᠂ ᠲᠡᠷᠭᠡ ᠤᠯᠠᠨ᠎ᠠᠴᠠ ᠪᠤᠯᠵᠤ᠂ ᠰᠢᠬᠠᠯᠳᠤᠵᠤ ᠪᠠᠢᠭᠰᠠᠨ ᠪᠠᠢᠳᠠᠯ ᠳᠣᠣᠷ᠎ᠠ᠂ ᠡᠵᠢ ᠵᠢᠨ ᠵᠢᠡᠨ ᠴᠠᠬᠢᠯᠭᠠᠨ ᠬᠥᠳᠡᠯᠭᠡᠭᠦᠷᠲᠦ᠍ ᠲᠡᠷᠭᠡᠨ᠎ᠡᠴᠡ ᠤᠨᠠᠪᠠ᠂ ᠭᠡᠪᠡᠴᠦ᠍ ᠡᠵᠢ ᠨᠢ ᠬᠠᠷᠢᠨ ᠥᠴᠦᠬᠡᠨ ᠴᠦ᠍ ᠰᠡᠷᠡᠵᠦ᠍ ᠮᠡᠳᠡᠭᠰᠡᠨ ᠦᠭᠡᠢ᠎ᠪᠡᠷ ᠲᠡᠷᠭᠡ  ᠪᠠᠨ ᠤᠨᠤᠵᠤ ᠦᠷᠭᠦᠯᠵᠢᠯᠡᠨ ᠤᠷᠤᠭᠰᠢᠯᠠᠪᠠ᠃

ᠪᠠᠢᠳᠠᠯ᠎ᠢ ᠣᠢᠯᠠᠭᠠᠭᠰᠠᠨ᠎ᠤ ᠳᠠᠷᠠᠭ᠎ᠠ᠂ ᠳᠤᠮᠳᠠ ᠠᠩᠭᠢ᠎ᠶᠢᠨ ᠠᠷᠠᠳ᠎ᠤᠨ ᠴᠠᠭᠳᠠᠭ᠎ᠠ ᠨᠢᠭᠡ ᠲᠠᠯ᠎ᠠ᠎ᠪᠠᠷ ᠬᠡᠦᠬᠡᠳ᠎ᠢ ᠲᠠᠢᠳᠬᠤᠷᠠᠭᠤᠯᠵᠤ᠂ ᠨᠥᠭᠥᠭᠡ ᠲᠠᠯ᠎ᠠ᠎ᠪᠠᠷ ᠬᠡᠦᠬᠡᠳ ᠡᠴᠡ ᠬᠡᠷ᠎ᠦᠨ ᠬᠠᠢ᠌ᠭ ᠪᠤᠶᠤ ᠬᠡᠷ᠎ᠦᠨ ᠠᠬᠠᠮᠠᠳ᠎ᠤᠨ᠎ᠢᠶᠠᠨ ᠬᠠᠷᠢᠯᠴᠠᠬᠤ ᠠᠷᠭ᠎ᠠ᠎ᠶᠢ ᠮᠡᠳᠡᠬᠦ᠌ ᠡᠰᠡᠬᠦ᠌᠎ᠶᠢ ᠠᠰᠠᠭᠤᠪᠠ᠃ ᠵᠢᠭᠠᠯ ᠬᠦᠦ ᠡᠵᠢ᠎ᠶᠢᠨ ᠤᠲᠠᠰᠤᠨ ᠨᠣᠮᠧᠷ᠎ᠢ ᠮᠡᠳᠡᠨ᠎ᠡ ᠭᠡᠵᠦ᠍ ᠬᠡᠯᠡᠪᠡ᠃ ᠠᠷᠠᠳ᠎ᠤᠨ ᠴᠠᠭᠳᠠᠭ᠎ᠠ ᠲᠡᠷᠡ ᠳᠠᠷᠤᠶ᠎ᠳᠤᠨᠢ ᠬᠡᠦᠬᠡᠳ᠎ᠦᠨ ᠬᠡᠯᠡᠵᠦ ᠥᠭᠭᠦᠭᠰᠡᠨ ᠤᠲᠠᠰᠤ ᠪᠡᠷ ᠡᠵᠢ᠎ᠲᠡᠶ ᠨᠢ ᠬᠠᠷᠢᠯᠴᠠᠪᠠ᠃ ᠬᠡᠦᠬᠡᠳ᠎ᠤᠨ ᠡᠵᠢ ᠨᠢ ᠲᠣᠭᠲᠠᠭᠰᠠᠨ ᠭᠠᠵᠠᠷ᠎ᠲᠤ᠌ ᠬᠦᠷᠦᠭᠰᠡᠨ᠎ᠦ ᠳᠠᠷᠠᠭ᠎ᠠ᠂ ᠠᠷᠠᠳ᠎ᠤᠨ ᠴᠠᠭᠳᠠᠭ᠎ᠠ᠎ᠶᠢᠨ ᠬᠠᠪᠰᠤᠷᠤᠯᠭ᠎ᠠ᠎ᠳᠤ ᠲᠠᠯᠠᠷᠬᠠᠵᠤ ᠪᠠᠢᠬᠤ᠎ᠪᠠᠨ ᠢᠯᠡᠳᠬᠡᠵᠦ᠍᠂ ᠵᠠᠮ᠎ᠤᠨ ᠠᠭᠤᠯᠵᠠᠭᠤᠷ᠎ᠲᠤ᠌ ᠤᠯᠠᠭᠠᠨ ᠳ᠋ᠧᠩ ᠬᠦᠯᠢᠶᠡᠬᠦ᠌ ᠦᠶ᠎ᠡ᠎ᠳᠦ ᠬᠡᠦᠬᠡᠳ ᠪᠠᠰᠠ ᠠᠷᠤ ᠰᠠᠭᠤᠳᠠᠯ ᠳᠡᠭᠡᠷ᠎ᠡ᠎ᠪᠡᠨ ᠪᠠᠢᠵᠤ᠂ ᠬᠡᠦᠬᠡᠳ ᠨᠢ ᠬᠡᠵᠢᠶ᠎ᠡ ᠭᠤᠯᠭᠤᠵᠤ ᠤᠨᠠᠭᠰᠠᠨ᠎ᠢ ᠣᠯᠵᠤ ᠮᠡᠳᠡᠭᠰᠡᠨ ᠦᠭᠡᠢ ᠭᠡᠵᠦ  ᠶᠠᠷᠢᠪᠠ᠃ 

ᠡᠨᠳᠡ᠂ ᠵᠠᠮ ᠬᠠᠷᠢᠯᠴᠠᠭᠠᠨ᠎ᠤ ᠴᠠᠭᠳᠠᠭ᠎ᠠ ᠥᠷᠭᠡᠨ ᠣᠯᠠᠨ ᠬᠡᠷ᠎ᠦᠨ ᠠᠬᠠᠮᠠᠳ᠎ᠨᠠᠷ᠎ᠲᠤ᠌ ᠰᠠᠨᠠᠭᠤᠯᠬᠤ ᠨᠢ᠄ ᠡᠳᠦᠷ ᠲᠤᠲᠤᠮ᠎ᠤᠨ ᠠᠮᠢᠳᠤᠷᠠᠯ ᠳᠤᠮᠳᠠ ᠬᠡᠦᠬᠡᠳ᠎ᠦᠨ ᠠᠮᠤᠷ ᠲᠦᠪᠰᠢᠨ᠎ᠦ ᠬᠥᠮᠦᠵᠢᠯ᠎ᠢ ᠵᠠᠪᠠᠯ ᠴᠢᠩᠭᠠᠳᠬᠠᠬᠤ᠎ᠶᠢᠨ ᠬᠠᠮᠲᠤ᠌ ᠬᠡᠦᠬᠡᠳ᠎ᠲᠦ᠍ ᠬᠡᠷ᠎ᠦᠨ ᠠᠬᠠᠮᠠᠳ᠎ᠤᠨ ᠤᠲᠠᠰᠤᠨ ᠨᠣᠮᠧᠷ᠎ᠢ ᠪᠠᠲᠤ᠌ ᠴᠡᠭᠡᠵᠢᠯᠡᠭᠦᠯᠵᠦ᠍᠂ ᠵᠠᠮ ᠲᠥᠭᠡᠷᠢᠬᠦ᠌᠂ ᠬᠡᠷ᠎ᠦᠨ ᠠᠬᠠᠮᠠᠳ ᠡᠴᠡ ᠪᠠᠨ ᠰᠠᠯᠠᠬᠤ ᠵᠡᠷᠭᠡ ᠰᠠᠨᠠᠭᠠᠨ᠎ᠳᠤ ᠥᠬᠡᠶ ᠪᠠᠢᠳᠠᠯ ᠭᠠᠷᠪᠠᠯ᠂ ᠠᠷᠠᠳ᠎ᠤᠨ ᠴᠠᠭᠳᠠᠭ᠎ᠠ᠎ᠶᠢ ᠳᠠᠷᠤᠶ ᠲᠦᠷᠭᠡᠨ ᠡᠷᠢᠵᠦ ᠲᠠᠨ᠎ᠲᠠᠶ ᠬᠠᠷᠢᠯᠴᠠᠬᠤ᠎ᠳᠤ ᠲᠥᠬᠥᠮ ᠦᠵᠡᠭᠦᠯᠬᠦ᠌ ᠬᠡᠷᠡᠭᠲᠡᠶ! ᠭᠡᠷ᠎ᠦᠨ ᠠᠬᠠᠮᠠᠳ ᠬᠡᠦᠬᠡᠳ᠎ᠢᠶᠡᠨ ᠭᠠᠭᠴᠠᠭᠠᠷ ᠳᠠᠭᠠᠭᠤᠯᠵᠤ ᠭᠠᠳᠠᠭᠰᠢ ᠭᠠᠷᠬᠤ᠎ᠳᠠᠭᠠᠨ ᠰᠣᠨᠣᠷ ᠰᠡᠷᠡᠮᠵᠢ ᠪᠠ ᠠᠮᠤᠷ ᠲᠦᠪᠰᠢᠨ᠎ᠦ ᠤᠬᠠᠮᠰᠠᠷ᠎ᠢᠶᠠᠨ ᠳᠡᠭᠡᠭᠰᠢᠯᠡᠭᠦᠯᠵᠦ᠍᠂ ᠡᠢᠮᠦᠷᠬᠦᠦ ᠬᠡᠷᠡᠭ ᠳᠠᠬᠢᠨ ᠡᠭᠦᠰᠬᠦ᠌᠎ᠡᠴᠡ ᠵᠠᠢᠯᠠᠰᠬᠢᠬᠦ᠌ ᠬᠡᠷᠡᠭᠲᠡᠢ᠃ ( ᠴᠢᠮᠡᠭᠡᠯᠡᠭᠴᠢ ᠄ ᠯᠢᠦ ᠰᠢᠨ )


ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号