9 ᠰᠠᠷ᠎ᠠ ᠵᠢᠨ 6 ᠤ᠋ ᠣᠷᠣᠢ ᠂ 2022 ᠤᠨ ᠤ᠋ ᠪᠦᠬᠦ ᠣᠯᠣᠰ ᠤ᠋ᠨ ᠦᠨᠳᠦᠰᠦᠲᠡᠨ ᠤ᠋ ᠠᠷᠠᠳ ᠤ᠋ᠨ ᠪᠦᠵᠢᠭ ᠤ᠋ᠨ ᠵᠣᠬᠢᠶᠠᠨ ᠪᠦᠲᠦᠭᠡᠯᠭᠡ ᠵᠢᠨ ᠬᠠᠮᠲᠣᠷᠠᠬᠰᠠᠨ ᠲᠣᠬᠯᠠᠯᠲᠠ(ᠬᠣᠸᠠᠪᠸᠢ ᠣᠷᠣᠨ)ᠵᠢᠨ ᠦᠪᠤᠷ ᠮᠤᠩᠭᠤᠯ ᠤ᠋ᠨ ᠲᠤᠰᠬᠠᠢ ᠲᠠᠯᠠᠪᠠᠢ ᠲᠣᠬᠯᠠᠯᠲᠠ ᠦᠪᠦᠷ ᠮᠣᠩᠭᠣᠯ ᠤ᠋ᠨ ᠣᠷᠠᠯᠢᠬ ᠵᠦᠴᠦᠭᠡ ᠵᠢᠨ ᠬᠦᠷᠢᠶᠡᠯᠡᠩ ᠳ᠋ᠦ ᠶᠠᠪᠣᠬᠲᠠᠪᠠ ᠃
ᠲᠣᠰ ᠣᠲᠠᠭᠠᠨ ᠤ᠋ ᠲᠣᠬᠯᠠᠯᠲᠠ ᠵᠢ ᠲᠣᠮᠲᠠᠲᠣ ᠣᠯᠣᠰ ᠤ᠋ᠨ ᠪᠦᠵᠢᠭᠴᠢᠳ ᠤ᠋ᠨ ᠡᠪᠯᠡᠯ ᠂ ᠦᠪᠡᠷᠲᠡᠭᠡᠨ ᠵᠠᠰᠠᠬᠣ ᠣᠷᠣᠨ ᠤ᠋ ᠣᠳᠬ᠎ᠠ ᠣᠷᠠᠯᠢᠬ ᠤ᠋ᠨ ᠬᠢᠨ ᠤ᠋ ᠬᠣᠯᠪᠣᠭ᠎ᠠ ᠭᠣᠣᠯᠯᠠᠨ ᠡᠷᠬᠢᠯᠡᠵᠦ ᠂ ᠦᠪᠦᠷ ᠮᠣᠩᠭᠣᠯ ᠤ᠋ᠨ ᠪᠦᠵᠢᠭᠴᠢᠳ ᠤ᠋ᠨ ᠡᠪᠯᠡᠯ ᠲᠠᠭᠠᠭᠠᠴᠢᠯᠠᠨ ᠡᠷᠬᠢᠯᠡᠵᠦ ᠂ ᠲᠣᠮᠲᠠᠲᠣ ᠵᠢᠨ ᠣᠯᠠᠮᠵᠢᠯᠠᠯᠲᠣ ᠰᠢᠯᠢᠲᠡᠭ ᠰᠣᠶᠣᠯ ᠢ᠋ ᠣᠯᠠᠮᠵᠢᠯᠠᠨ ᠪᠠᠲᠠᠷᠠᠭᠣᠯᠵᠦ ᠂ ᠪᠠᠶᠠᠷ ᠬᠦᠷ ᠲᠠᠢ ᠠᠭᠣᠷ ᠠᠮᠢᠰᠬᠣᠯ ᠢ᠋ ᠪᠣᠢ ᠪᠣᠯᠭᠠᠬᠰᠠᠨ ᠪᠠᠢᠨ᠎ᠠ ᠃ ᠲᠣᠬᠯᠠᠯᠲᠠ ᠨᠢ ᠲᠣᠮᠲᠠᠲᠣ ᠵᠢᠨ ᠦᠨᠳᠦᠰᠦᠲᠡᠨ ᠤ᠋ ᠬᠠᠮᠲᠣ ᠵᠢᠨ ᠴᠣᠬᠴᠠ ᠵᠢᠨ ᠣᠬᠠᠮᠰᠠᠷ ᠢ᠋ ᠪᠠᠲᠣ ᠴᠣᠬᠴᠠᠯᠠᠬᠣ ᠪᠡᠷ ᠭᠣᠣᠯ ᠰᠢᠵᠢᠮ ᠪᠣᠯᠭᠠᠵᠦ ᠂ ᠣᠢᠷ᠎ᠠ ᠵᠢᠨ ᠬᠣᠶᠠᠷ ᠵᠢᠯ ᠤ᠋ᠨ ᠲᠣᠷᠰᠢᠬᠢ ᠪᠦᠬᠦ ᠣᠷᠣᠨ ᠤ᠋ ᠦᠨᠳᠦᠰᠦᠲᠡᠨ ᠤ᠋ ᠠᠷᠠᠳ ᠤ᠋ᠨ ᠪᠦᠵᠢᠭ ᠣᠷᠠᠯᠢᠬ ᠤ᠋ᠨ ᠵᠣᠬᠢᠶᠠᠨ ᠪᠦᠲᠦᠭᠡᠯᠭᠡ ᠪᠣᠯᠣᠨ ᠴᠢᠲᠠᠪᠣᠷᠢᠲᠠᠨ ᠬᠦᠮᠦᠵᠢᠬᠦᠯᠬᠦ ᠲᠠᠯ᠎ᠠ ᠪᠡᠷ ᠣᠯᠣᠬᠰᠠᠨ ᠰᠢᠯᠢᠲᠡᠭ ᠦᠷ᠎ᠡ ᠪᠦᠲᠦᠭᠡᠯ ᠢ᠋ ᠲᠦᠪᠯᠡᠷᠡᠬᠦᠯᠦᠨ ᠦᠵᠡᠬᠦᠯᠵᠠᠢ ᠃ ᠲᠣᠬᠯᠠᠯᠲᠠ ᠵᠢᠨ16 ᠪᠦᠲᠦᠭᠡᠯ ᠨᠢ ᠪᠦᠷ《ᠯᠢᠨᠭᠡᠡᠸᠠ ᠱᠠᠩᠨᠠᠯ》ᠵᠡᠷᠭᠡ ᠣᠯᠣᠰ ᠤ᠋ᠨ ᠲᠡᠰ ᠤ᠋ᠨ ᠱᠠᠩᠨᠠᠯ ᠪᠤᠯᠤᠨ ᠣᠯᠣᠰ ᠤ᠋ᠨ ᠲᠡᠰ ᠤ᠋ᠨ ᠲᠣᠮᠣ ᠬᠡᠪᠴᠢᠶᠠᠨ ᠤ᠋ ᠲᠣᠬᠯᠠᠯᠲᠠ ᠳ᠋ᠦ ᠣᠷᠣᠯᠴᠠᠬᠰᠠᠨ ᠰᠢᠯᠢᠲᠡᠭ ᠪᠦᠵᠢᠭ ᠤ᠋ᠨ ᠲᠣᠮᠲᠠ ᠡᠴᠡ ᠰᠢᠯᠢᠨ ᠰᠣᠩᠭᠣᠬᠰᠠᠨ ᠪᠦᠲᠦᠭᠡᠯ ᠪᠠᠢᠵᠦ ᠂ ᠬᠢᠵᠢᠭ ᠤ᠋ᠨ ᠪᠠᠢᠲᠠᠯ ᠢ᠋ ᠰᠡᠷᠭᠡᠢᠯᠡᠨ ᠡᠵᠡᠮᠲᠡᠬᠦ ᠱᠠᠭᠠᠷᠲᠠᠯᠭ᠎ᠠ ᠡᠴᠡ ᠪᠣᠯᠵᠦ《ᠴᠠᠬ ᠦᠶ᠎ᠡ ᠵᠢᠨ ᠪᠦᠵᠢᠭ ᠤ᠋ᠨ ᠠᠯᠬᠣᠭ᠎ᠠ》ᠵᠡᠷᠭᠡ 4 ᠪᠦᠲᠦᠭᠡᠯ ᠢ᠋ ᠸᠢᠳᠢᠣ᠋ ᠰᠢᠩᠭᠡᠭᠡᠯᠲᠡ ᠵᠢᠨ ᠬᠡᠯᠪᠡᠷᠢ ᠪᠡᠷ ᠲᠣᠬᠯᠠᠯᠲᠠ ᠳ᠋ᠦ ᠣᠷᠣᠯᠴᠠᠭᠤᠯᠪᠠ ᠃
ᠣᠢᠯᠠᠭᠠᠬᠰᠠᠨ ᠶ᠋ᠢᠡᠷ ᠂ ᠡᠨᠡ ᠣᠲᠠᠭᠠᠨ ᠤ᠋ ᠲᠣᠰᠬᠠᠢ ᠲᠣᠬᠯᠠᠯᠲᠠ ᠪᠡᠷ ᠲᠠᠮᠵᠢᠨ ᠬᠠᠮᠣᠬ ᠤ᠋ᠨ ᠰᠡᠬᠦᠯ ᠳ᠋ᠣ 2 ᠪᠦᠲᠦᠭᠡᠯ ᠢ᠋ ᠰᠣᠩᠭᠣᠵᠦ ᠂ ᠮᠠᠨ ᠤ᠋ ᠣᠷᠣᠨ ᠢ᠋ ᠲᠦᠯᠦᠭᠡᠯᠡᠨ 10 ᠰᠠᠷ᠎ᠠ ᠳ᠋ᠦ ᠪᠡᠭᠡᠵᠢᠩ ᠳ᠋ᠦ ᠶᠠᠪᠣᠬᠲᠠᠬᠣ 2022 ᠤᠨ ᠤ᠋ ᠪᠦᠬᠦ ᠣᠯᠣᠰ ᠤ᠋ᠨ ᠦᠨᠳᠦᠰᠦᠲᠡᠨ ᠤ᠋ ᠠᠷᠠᠳ ᠤ᠋ᠨ ᠪᠦᠵᠢᠭ ᠤ᠋ᠨ ᠵᠣᠬᠢᠶᠠᠨ ᠪᠦᠲᠦᠭᠡᠯᠭᠡ ᠵᠢᠨ ᠬᠠᠮᠲᠣᠷᠠᠬᠰᠠᠨ ᠲᠣᠬᠯᠠᠯᠲᠠ ᠳ᠋ᠦ ᠣᠷᠣᠯᠴᠠᠭᠤᠯᠬᠣ ᠪᠣᠯᠣᠨ᠎ᠠ ᠃