ᠴᠧᠨ ᠶᠦᠨ ᠭᠠᠪᠢᠶ᠎ᠠ ᠵᠢᠳᠬᠦᠯ᠎ᠢ ᠬᠡᠷᠬᠢᠨ ᠦᠵᠡᠵᠦ ᠪᠠᠢᠬᠰᠠᠨ ᠪᠤᠢ
2022-09-15 10:43:49
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠴᠧᠨ ᠶᠦᠨ᠎ᠤ ᠭᠡᠷᠡᠯ ᠰᠠᠴᠤᠷᠠᠩᠭᠤᠢ ᠨᠢᠭᠡ ᠨᠠᠰᠤ᠎ᠶᠢ ᠠᠵᠢᠭ᠍ᠯᠠᠪᠠᠯ᠂ ᠲᠡᠷᠡ《ᠭᠠᠪᠢᠶᠠᠷᠬᠠᠬᠤ ᠦᠭᠡᠢ᠂ ᠪᠠᠷᠳᠠᠮᠨᠠᠬᠤ ᠦᠭᠡᠢ》 ᠭᠡᠬᠦ ᠪᠠᠷᠢᠮᠵᠢᠶ᠎ᠠ᠎ᠶᠢ ᠢᠮᠠᠭᠲᠠ ᠪᠠᠷᠢᠮᠲᠠᠯᠠᠵᠤ᠂ ᠨᠠᠮ ᠪᠣᠯᠣᠨ ᠠᠷᠠᠳ ᠲᠦᠮᠡᠨ᠎ᠢ ᠲᠡᠷᠢᠭᠦᠨ ᠪᠠᠢᠷᠢᠨ᠎ᠳᠤ ᠲᠠᠯᠪᠢᠵᠤ᠂ 《ᠭᠠᠪᠢᠶ᠎ᠠ ᠵᠢᠳᠬᠦᠯ᠎ᠢ ᠥᠪᠡᠷ᠎ᠦᠨ ᠭᠠᠭᠴᠠ ᠬᠥᠮᠥᠨ᠎ᠦ ᠳᠠᠩᠰᠠᠨ᠎ᠳᠤ ᠲᠡᠮᠳᠡᠭᠯᠡᠵᠦ ᠪᠣᠯᠬᠤ ᠦᠭᠡᠢ》 ᠭᠡᠵᠦ ᠣᠯᠠᠨᠲᠠ ᠴᠢᠬᠤᠯᠠᠴᠢᠯᠠᠪᠠ᠃1937 ᠣᠨ᠎ᠠᠴᠠ 1944 ᠣᠨ ᠪᠣᠯᠲᠠᠯ᠎ᠠ᠂ ᠴᠧᠨ ᠶᠦᠨ 7 ᠵᠢᠯ ᠲᠥᠪ ᠬᠣᠷᠢᠶᠠᠨ᠎ᠤ ᠵᠣᠬᠢᠶᠠᠨ ᠪᠠᠶ᠋ᠢᠭᠤᠯᠬᠤ ᠬᠡᠯᠲᠡᠰ᠎ᠦᠨ ᠳᠠᠷᠤᠭ᠎ᠠ᠎ᠶᠢᠨ ᠲᠤᠰᠢᠶᠠᠯ᠎ᠢ ᠬᠠᠷᠢᠭᠤᠴᠠᠪᠠ᠃ ᠲᠤᠰᠢᠶᠠᠯ᠎ᠠᠴᠠ᠎ᠪᠠᠨ ᠰᠠᠯᠬᠤ ᠦᠶ᠎ᠡ᠎ᠳᠦ᠂ ᠵᠠᠯᠭᠠᠮᠵᠢᠯᠠᠭ᠍ᠴᠢ ᠫᠧᠩ ᠵᠧᠨ ᠪᠣᠯᠣᠨ ᠪᠤᠰᠤᠳ ᠵᠠᠷᠢᠮ ᠨᠥᠬᠥᠳ ᠴᠧᠨ ᠶᠦᠨ᠎ᠡᠴᠡ ᠲᠤᠰᠢᠶᠠᠬᠤ ᠴᠢᠬᠤᠯᠠᠲᠠᠢ ᠵᠦᠢᠯ ᠪᠠᠢᠬᠤ ᠡᠰᠡᠬᠦ ᠵᠢ ᠠᠰᠠᠭᠤᠪᠠ᠃ ᠡᠭᠦᠨ᠎ᠦ ᠲᠤᠬᠠᠢ ᠴᠧᠨ ᠶᠦᠨ 1945 ᠣᠨ᠎ᠤ ᠨᠠᠮ᠎ᠤᠨ ᠳᠣᠯᠣᠳᠤᠭᠠᠷ ᠶᠡᠬᠡ ᠬᠤᠷᠠᠯ ᠳᠡᠭᠡᠷ᠎ᠡ ᠲᠣᠳᠣᠷᠬᠠᠢ ᠬᠠᠷᠢᠭᠤᠯᠲᠠ ᠥᠭᠴᠡᠢ᠃ ᠲᠡᠷᠡ ᠬᠡᠯᠡᠬᠦ᠎ᠳᠡᠭᠡᠨ᠂ 7 ᠵᠢᠯ᠎ᠦᠨ ᠳᠣᠲᠣᠷ᠎ᠠ ᠨᠢᠭᠡ ᠵᠦᠢᠯ᠎ᠦᠨ ᠮᠠᠭᠤ ᠬᠡᠯᠪᠡᠷᠢᠯ ᠬᠠᠷᠠᠭᠳᠠᠪᠠ᠄ 《ᠮᠠᠨ᠎ᠤ ᠨᠠᠮ᠎ᠤᠨ ᠳᠣᠲᠣᠭᠠᠳᠤ᠎ᠶᠢᠨ ᠬᠡᠰᠡᠭ ᠺᠠᠳ᠋ᠷᠴᠤᠳ ᠣᠮᠣᠷᠬᠠᠭᠯᠠᠨ ᠪᠠᠷᠳᠠᠮᠨᠠᠵᠤ ᠪᠠᠢᠨ᠎ᠠ》᠂ 《ᠮᠠᠰᠢ ᠤᠯᠠᠨ ᠬᠥᠮᠥᠨ ᠪᠤᠰᠤᠳ᠎ᠤᠨ ᠲᠡᠭᠦᠨ᠎ᠢ ᠰᠠᠢᠨ ᠭᠡᠵᠦ ᠬᠡᠯᠡᠬᠦ᠎ᠶᠢ ᠲᠣᠭᠣᠳᠠᠭ᠂ ᠪᠤᠰᠤᠳ᠎ᠤᠨ ᠲᠡᠭᠦᠨ᠎ᠢ ᠮᠠᠭᠤ ᠭᠡᠵᠦ ᠬᠡᠯᠡᠬᠦ᠎ᠶᠢ ᠲᠣᠭᠣᠬᠤ ᠦᠭᠡᠢ᠂ ᠵᠠᠷᠢᠮ ᠬᠥᠮᠥᠨ ᠵᠥᠪᠬᠡᠨ ᠵᠡᠷᠭᠡ ᠳᠡᠪᠰᠢᠬᠦ᠎ᠡᠴᠡ ᠪᠢᠰᠢ᠂ ᠵᠡᠷᠭᠡ ᠳᠡᠰ ᠪᠠᠭᠤᠷᠠᠭᠤᠯᠵᠤ ᠪᠣᠯᠬᠤ ᠦᠭᠡᠢ᠂ ᠭᠠᠪᠢᠶ᠎ᠠ ᠪᠠᠢᠪᠠᠯ ᠵᠠᠪᠠᠯ ᠰᠠᠭᠤᠵᠤ᠂ ᠠᠯᠳᠠᠭ᠎ᠠ ᠪᠠᠢᠪᠠᠯ ᠵᠠᠪᠠᠯ ᠵᠠᠢᠯᠠᠳᠠᠭ》 ᠭᠡᠵᠡᠢ᠃ 《ᠦᠨᠡᠨ ᠶᠣᠰᠣ᠌᠎ᠶᠢ ᠡᠷᠬᠢᠮᠯᠡᠬᠦ ᠬᠡᠷᠡᠭᠲᠡᠢ᠂ ᠨᠢᠭᠤᠷ ᠲᠠᠯ᠎ᠠ ᠬᠠᠷᠠᠵᠤ ᠪᠣᠯᠬᠤ ᠦᠬᠡᠢ》᠂ ᠭᠠᠪᠢᠶ᠎ᠠ ᠵᠢᠳᠬᠦᠯ᠎ᠳᠦ ᠵᠥᠪ᠎ᠢᠶᠡᠷ ᠬᠠᠨᠳᠤᠵᠤ᠂ ᠬᠤᠪᠢ᠎ᠶᠢᠨ ᠪᠠᠢᠷᠢ᠎ᠪᠠᠨ ᠵᠥᠪ ᠲᠠᠯᠪᠢᠬᠤ ᠬᠡᠷᠡᠭᠲᠡᠢ ᠭᠡᠵᠡᠢ᠃

ᠲᠡᠭᠡᠪᠡᠯ᠂ ᠭᠠᠪᠢᠶ᠎ᠠ᠎ᠵᠢᠳᠬᠦᠯ᠎ᠢ ᠶᠠᠭᠠᠬᠢᠵᠤ ᠦᠵᠡᠪᠡᠯ ᠵᠣᠬᠢᠬᠤ ᠪᠤᠢ? ᠴᠧᠨ ᠶᠦᠨ ᠭᠤᠷᠪᠠᠨ ᠬᠦᠴᠦᠨ ᠵᠦᠢᠯ᠎ᠦᠨ ᠳᠡᠰ ᠳᠠᠷᠠᠭ᠎ᠠ᠎ᠶᠢ ᠡᠷᠬᠡᠪᠰᠢ ᠵᠥᠪ ᠪᠣᠯᠭᠠᠬᠤ ᠬᠡᠷᠡᠭᠲᠡᠢ ᠭᠡᠵᠡᠢ᠄ 《ᠲᠦᠷᠦᠭᠦᠦ ᠨᠢᠭᠡ ᠨᠢ ᠠᠷᠠᠳ ᠲᠦᠮᠡᠨ᠎ᠦ ᠬᠦᠴᠦᠨ᠂ ᠬᠣᠶᠠᠳᠤᠭᠠᠷ ᠨᠢ ᠨᠠᠮ᠎ᠤᠨ ᠤᠳᠤᠷᠢᠳᠤᠯᠭ᠎ᠠ᠂ ᠭᠤᠷᠪᠠᠳᠤᠭᠠᠷ ᠨᠢ ᠰᠠᠶᠢ ᠬᠤᠪᠢ ᠬᠥᠮᠥᠨ᠎ᠦ ᠡᠭᠡᠯᠵᠢ ᠪᠣᠯᠣᠨ᠎ᠠ》᠃ ᠡᠨᠡ ᠬᠦ᠌ ᠳᠡᠰ ᠳᠠᠷᠠᠭ᠎ᠠ᠎ᠶᠢ ᠥᠴᠥᠬᠡᠨ ᠴᠦ᠍ ᠲᠣᠩᠭᠣᠷᠤᠭᠤᠯᠵᠤ ᠪᠣᠯᠬᠤ ᠦᠭᠡᠢ᠂ ᠥᠴᠥᠬᠡᠨ ᠴᠦ᠍ ᠬᠠᠰᠢ ᠶᠠᠰᠢ ᠪᠠᠢᠵᠤ ᠪᠣᠯᠬᠤ ᠦᠭᠡᠢ᠃ ᠴᠧᠨ ᠶᠦᠨ ᠨᠠᠮ᠎ᠤᠨ ᠲᠡᠦᠬᠡ᠎ᠪᠡᠷ ᠡᠷᠬᠡᠪᠰᠢ ᠬᠤᠪᠢ ᠬᠥᠮᠥᠨ᠎ᠦ ᠪᠠᠢᠷᠢ ᠰᠠᠭᠤᠷᠢ᠎ᠪᠠᠨ ᠵᠥᠪ ᠪᠣᠯᠭᠠᠬᠤ ᠶᠣᠰᠣ᠌ ᠤᠴᠢᠷ᠎ᠢ ᠠᠮᠢᠳᠤᠯᠢᠭ᠋᠎ᠢᠶᠠᠷ ᠲᠣᠳᠣᠷᠬᠠᠢᠯᠠᠪᠠ᠃ ᠵᠠᠩ ᠭᠦᠸᠸ ᠲᠤᠤ ᠮᠢᠩᠭ᠎ᠠ ᠲᠦᠮᠡᠨ ᠴᠡᠷᠢᠭ᠎ᠢ ᠵᠢᠯᠤᠭᠣᠳᠴᠤ᠂ ᠬᠢᠵᠠᠭᠠᠷ ᠣᠷᠣᠨ᠎ᠤ ᠵᠠᠰᠠᠭ᠎ᠤᠨ ᠣᠷᠳᠣᠨ᠎ᠤ ᠲᠡᠷᠢᠭᠦᠯᠡᠭᠴᠢ ᠪᠣᠯᠵᠤ ᠦᠨᠭᠭᠡᠷᠡᠭᠰᠡᠨ ᠴᠦ᠍《ᠭᠡᠪᠡᠴᠦ ᠲᠡᠷᠡ ᠠᠷᠠᠳ ᠤᠯᠠᠨ᠎ᠠᠴᠠ ᠰᠠᠯᠬᠤ ᠦᠶ᠎ᠡ᠎ᠳᠦ᠂ ᠨᠠᠮ᠎ᠠᠴᠠ ᠰᠠᠯᠬᠤ ᠦᠶ᠎ᠡ᠎ᠳᠦ ᠰᠣᠬᠣᠷ ᠵᠣᠭᠣᠰ ᠴᠤ᠌ ᠬᠦᠷᠬᠦ ᠦᠭᠡᠢ ᠶᠤᠮ》᠃ 《ᠲᠡᠷᠡ ᠶᠠᠪᠤᠬᠤ᠎ᠳᠠᠭᠠᠨ ᠭᠤᠤᠨᠢ ᠭᠠᠭᠴᠠᠭᠠᠷ ᠶᠠᠪᠤᠵᠦ᠂ ᠺᠠᠳ᠋ᠷᠴᠤᠳ ᠨᠢ ᠴᠥᠮ ᠲᠡᠭᠦᠨ᠎ᠡᠴᠡ ᠰᠠᠯᠵᠤ᠂ ᠬᠠᠮᠠᠭᠠᠯᠠᠭ᠍ᠴᠢ ᠨᠢ ᠴᠦ᠍ ᠶᠠᠨ ᠠᠨ᠎ᠳᠤ ᠪᠤᠴᠠᠵᠤ ᠢᠷᠡᠭᠰᠡᠨ᠂ ᠲᠡᠷᠡ ᠭᠠᠭᠴᠠᠭᠠᠷ᠎ᠢᠶᠠᠨ ᠬᠠᠩᠰᠢ᠎ᠶᠢᠨ ᠦᠶ᠎ᠡ᠎ᠶᠢᠨ ᠪᠣᠷᠣᠭᠠᠨ᠎ᠤ ᠳᠤᠮᠳᠠᠭᠤᠷ ᠶᠠᠪᠤᠴᠢᠬᠠᠪᠠ》᠃ 《ᠡᠨᠡ ᠶᠠᠪᠤᠳᠠᠯ᠎ᠢᠶᠠᠷ ᠪᠢᠳᠡ ᠰᠤᠷᠭᠠᠮᠵᠢ ᠪᠣᠯᠭᠠᠵᠤ ᠪᠣᠯᠣᠨ᠎ᠠ᠂ ᠬᠤᠪᠢ ᠬᠥᠮᠥᠨ᠎ᠦ ᠦᠢᠯᠡᠳᠦᠯ ᠪᠣᠯ ᠪᠠᠢᠨ᠎ᠠ᠂ ᠭᠡᠪᠡᠴᠦ ᠥᠪᠡᠷ᠎ᠢᠶᠡᠨ ᠳᠡᠩᠳᠡᠭᠦᠦ ᠶᠡᠬᠡ ᠵᠢᠱ᠌ᠢᠬᠦ ᠬᠡᠷᠡᠭ ᠦᠭᠡᠢ᠂ ᠬᠡᠨ ᠴᠦ᠍ ᠭᠡᠳ ᠠᠷᠠᠳ ᠲᠦᠮᠡᠨ᠎ᠡᠴᠡ ᠰᠠᠯᠵᠤ᠂ ᠨᠠᠮ᠎ᠠᠴᠠ ᠰᠠᠯᠪᠠᠯ ᠨᠢᠭᠡ ᠶᠠᠪᠤᠳᠠᠯ᠎ᠢ ᠴᠤ᠌ ᠪᠦᠲᠦᠭᠡᠵᠦ ᠴᠢᠳᠠᠬᠤ ᠦᠭᠡᠢ》᠃ 《ᠪᠢᠳᠡ ᠪᠣᠯ ᠨᠠᠮ᠎ᠤᠨ ᠭᠡᠰᠢᠭᠦᠨ ᠮᠥᠨ᠂ ᠨᠠᠮ᠎ᠤᠨ ᠤᠳᠤᠷᠢᠳᠤᠯᠭ᠎ᠠ ᠳᠣᠣᠷ᠎ᠠ᠂ ᠠᠷᠠᠳ ᠤᠯᠠᠨ᠎ᠤ ᠱᠠᠭᠠᠷᠳᠠᠯᠭ᠎ᠠ᠎ᠳᠤ ᠨᠡᠢᠴᠡᠭᠦᠯᠦᠨ ᠪᠠᠭ᠎ᠠ ᠰᠠᠭ᠎ᠠ ᠠᠵᠢᠯ ᠬᠢᠵᠡᠢ᠂ ᠡᠨᠡ ᠮᠡᠲᠦ᠎ᠶᠢᠨ ᠶᠠᠪᠤᠳᠠᠯ᠎ᠳᠤ ᠣᠮᠣᠷᠬᠠᠭᠯᠠᠨ ᠪᠠᠷᠳᠠᠮᠨᠠᠵᠤ ᠤᠬ᠍ᠳᠤ ᠪᠣᠯᠬᠤ ᠦᠭᠡᠢ》᠃

ᠴᠧᠨ ᠶᠦᠨ᠎ᠤ ᠦᠵᠡᠬᠦ᠎ᠪᠡᠷ᠂ ᠴᠢᠬᠤᠯᠠ ᠶᠡᠬᠡ ᠲᠡᠦᠬᠡ᠎ᠶᠢᠨ ᠡᠷᠭᠢᠯᠲᠡ᠎ᠶᠢᠨ ᠴᠠᠭ ᠦᠶ᠎ᠡ᠎ᠳᠦ᠂ ᠪᠦᠬᠦ ᠨᠠᠮ᠎ᠢᠶᠠᠷ᠎ᠢᠶᠠᠨ ᠡᠷᠬᠡᠪᠰᠢ ᠬᠤᠪᠢ ᠬᠥᠮᠥᠨ᠎ᠦ ᠪᠠᠢᠷᠢ ᠰᠠᠭᠤᠷᠢ᠎ᠪᠠᠨ ᠵᠥᠪ ᠪᠠᠢᠯᠭᠠᠵᠤ᠂ ᠭᠠᠪᠢᠶ᠎ᠠ ᠵᠢᠳᠬᠦᠯ᠎ᠳᠦ ᠵᠥᠪ᠎ᠢᠶᠡᠷ ᠬᠠᠨᠳᠤᠵᠤ᠂ ᠬᠦᠴᠦᠷᠬᠡᠭ ᠶᠡᠬᠡ ᠬᠦᠴᠦᠨ᠎ᠢ ᠨᠢᠭ᠍ᠲᠠᠷᠠᠭᠤᠯᠬᠤ ᠬᠡᠷᠡᠭᠲᠡᠢ᠃ ᠲᠡᠷᠡ᠂ ᠳᠡᠯᠡᠬᠡᠢ᠎ᠶᠢᠨ ᠶᠡᠬᠡ ᠬᠠᠨᠳᠤᠰᠢ᠂ ᠳᠤᠮᠳᠠᠳᠤ ᠤᠯᠤᠰ᠎ᠤᠨ ᠶᠡᠬᠡ ᠬᠠᠨᠳᠤᠰᠢ᠎ᠶᠢ ᠦᠨᠳᠦᠰᠦᠯᠡᠪᠡᠯ᠂ ᠪᠢᠳᠡ ᠰᠢᠢᠳᠪᠦᠷᠢᠲᠦ ᠪᠠᠢᠯᠳᠤᠭᠠᠨ ᠬᠢᠬᠦ᠎ᠶᠢᠨ ᠤᠭᠳᠤᠯ᠎ᠤᠨ ᠦᠶ᠎ᠡ᠎ᠳᠦ ᠣᠷᠣᠰᠢᠵᠤ ᠪᠠᠢᠨ᠎ᠠ᠃ ᠪᠢᠳᠡᠨ᠎ᠳᠦ ᠪᠦᠬᠦ ᠳᠤᠮᠳᠠᠳᠤ ᠤᠯᠤᠰ᠎ᠢ ᠴᠢᠯᠦᠭᠡᠯᠡᠵᠦ᠂ ᠪᠦᠬᠦ ᠳᠤᠮᠳᠠᠳᠤ ᠤᠯᠤᠰ᠎ᠤᠨ ᠠᠷᠠᠳ ᠲᠦᠮᠡᠨ᠎ᠢ ᠪᠣᠰᠣᠯᠴᠠᠭᠤᠯᠤᠨ ᠵᠠᠰᠠᠭ᠎ᠤᠨ ᠡᠷᠬᠡ᠎ᠶᠢ ᠭᠠᠷ᠎ᠲᠠᠭᠠᠨ ᠠᠳᠬᠤᠭᠤᠯᠬᠤ ᠭᠡᠰᠡᠨ ᠬᠦᠰᠡᠯ ᠵᠣᠷᠢᠯᠲᠠ ᠪᠠᠢᠨ᠎ᠠ᠃ ᠪᠦᠬᠦ ᠨᠠᠮ᠎ᠤᠨ ᠤᠳᠦ᠎ᠶᠢᠨ ᠡᠭᠦᠷᠭᠡ ᠪᠣᠯ ᠬᠦᠴᠦᠨ᠎ᠢᠶᠡᠨ ᠨᠡᠮᠡᠭᠳᠡᠭᠦᠯᠬᠦ ᠶᠠᠪᠤᠳᠠᠯ ᠪᠣᠯᠣᠨ᠎ᠠ᠃ 《ᠬᠡᠷᠪᠡ ᠮᠠᠨ᠎ᠤ ᠨᠥᠬᠥᠳ ᠴᠥᠮ ᠰᠡᠳᠬᠢᠯ ᠰᠠᠨᠠᠭ᠎ᠠ᠎ᠪᠠᠨ ᠲᠤᠢᠯ᠎ᠤᠨ ᠲᠥᠪ ᠪᠣᠯᠭᠠᠵᠤ᠂ ᠲᠤᠢᠯ᠎ᠵᠢᠡᠷ ᠦᠨᠡᠨ᠎ᠡᠴᠡ ᠵᠥᠪ᠎ᠢ ᠡᠷᠢᠵᠦ᠂ ᠥᠴᠥᠬᠡᠨ ᠴᠦ᠍ ᠬᠤᠪᠢᠨᠴᠢᠷ ᠦᠵᠡᠯ ᠦᠭᠡᠢ ᠶᠤᠮ ᠪᠣᠯ ᠠᠷᠪᠠᠨ ᠲᠦᠮᠡᠨ ᠴᠡᠷᠢᠭ᠂ ᠵᠠᠭᠤᠨ ᠲᠦᠮᠡᠨ ᠴᠡᠷᠢᠭ᠎ᠲᠠᠢ ᠲᠡᠩᠴᠡᠨ᠎ᠡ᠂ ᠡᠨᠡ ᠪᠣᠯ ᠢᠯᠠᠭᠳᠠᠰᠢ ᠦᠭᠡᠢ ᠬᠦᠴᠦᠨ ᠮᠥᠨ》 ᠭᠡᠵᠦ ᠵᠢᠭᠠᠵᠤ ᠭᠠᠷᠭᠠᠭᠰᠠᠨ ᠪᠢᠯᠡ᠃

ᠥᠨᠥᠳᠥᠷ ᠪᠢᠳᠡ ᠳᠤᠮᠳᠠᠳᠤ ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ ᠶ᠋ᠢᠨ ᠬᠠᠷᠠᠯᠲᠠ᠎ᠳᠤ ᠲᠡᠦᠬᠡ ᠶ᠋ᠢᠨ ᠠᠯᠢ ᠴᠤ᠌ ᠦᠶ᠎ᠡ᠎ᠡᠴᠡ ᠢᠯᠡᠭᠦᠦ ᠣᠶ᠋ᠢᠷᠠᠳᠴᠤ᠂ ᠥᠷᠭᠡᠨ ᠤᠯᠠᠨ ᠨᠠᠮ᠎ᠤᠨ ᠭᠡᠰᠢᠭᠦᠨ ᠺᠠᠳ᠋ᠷᠴᠤᠳ ᠴᠧᠨ ᠶᠦᠨ ᠵᠡᠷᠭᠡ ᠠᠬᠠᠮᠠᠳ ᠨᠢᠭᠡ ᠦᠶ᠎ᠡ᠎ᠶᠢᠨ ᠬᠤᠪᠢᠰᠬᠠᠯᠴᠢᠳ᠎ᠠᠴᠠ ᠰᠤᠷᠤᠯᠴᠠᠵᠤ᠂ ᠠᠮᠵᠢᠯᠲᠠ᠎ᠪᠠᠨ ᠪᠤᠰᠤᠳᠴᠢ᠎ᠪᠠᠷ ᠲᠠᠨᠢᠵᠤ᠂ ᠭᠠᠪᠢᠶ᠎ᠠ ᠵᠢᠳᠬᠦᠯ᠎ᠳᠡᠭᠡᠨ ᠵᠥᠪ᠎ᠢᠶᠡᠷ ᠬᠠᠨᠳᠤᠵᠤ᠂ 《ᠭᠠᠪᠢᠶ᠎ᠠ ᠵᠢᠳᠬᠦᠯ ᠮᠢᠨᠤ ᠳᠡᠭᠡᠷ᠎ᠡ ᠪᠠᠢᠬᠤ ᠪᠢᠰᠢ》 ᠭᠡᠰᠡᠨ ᠢᠳᠡᠪᠬᠢᠲᠡᠢ ᠣᠪᠣᠷ᠎ᠢᠶᠠᠷ᠂ ᠬᠦᠴᠦᠯᠡᠨ ᠴᠢᠷᠮᠠᠢᠵᠤ ᠦᠢᠯᠡᠰ ᠪᠦᠲᠦᠭᠡᠬᠦ ᠤᠶᠤᠨ ᠰᠠᠨᠠᠭᠠᠨ᠎ᠤ ᠳᠦᠷᠰᠦ ᠪᠠᠢᠳᠠᠯ᠎ᠢᠶᠠᠷ ᠠᠭᠤᠤ ᠶᠡᠬᠡ ᠲᠡᠮᠡᠴᠡᠯ ᠬᠢᠵᠦ᠂ ᠠᠭᠤᠤ ᠶᠡᠬᠡ ᠢᠨᠵᠧᠨᠧᠷᠢᠩ᠎ᠢ ᠪᠦᠲᠦᠭᠡᠨ ᠪᠠᠢᠭᠤᠯᠵᠤ᠂ ᠠᠭᠤᠤ ᠶᠡᠬᠡ ᠦᠢᠯᠡᠰ᠎ᠢ ᠲᠦᠯᠬᠢᠨ ᠠᠬᠢᠭᠤᠯᠵᠤ᠂ ᠠᠭᠤᠤ ᠶᠡᠬᠡ ᠬᠦᠰᠡᠯ ᠵᠡᠭᠦᠳᠦ ᠪᠡᠨ ᠪᠡᠶᠡᠯᠡᠭᠦᠯᠬᠦ ᠬᠡᠷᠡᠭᠲᠡᠢ᠃

ᠢᠷᠡᠯᠳᠡ᠄ 《ᠡᠪ ᠬᠠᠮᠲᠤ ᠨᠠᠮ᠎ᠤᠨ ᠬᠡᠰᠢᠬᠦᠨ᠎ᠤ ᠮᠡᠳᠡᠬᠦ ᠶᠤᠰᠤᠳᠠᠢ ᠨᠠᠮ᠎ᠤᠨ ᠲᠡᠤᠬᠡ ᠵᠢᠨ ᠵᠢᠵᠢᠭ ᠦᠯᠢᠭᠡᠷ ᠎ᠤᠳ》

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号