ᠤᠯᠠᠮᠵᠢᠯᠠᠯ ᠪᠠ ᠱᠢᠨᠠᠴᠢᠯᠡᠯ ᠎ᠤᠨ ᠮᠠᠯ ᠠᠵᠦ᠍ ᠠᠬᠤᠢ ᠶ᠋ᠢᠨ ᠲᠤᠬᠠᠢ
2022-08-31 10:05:48
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

 — 《ᠨᠡᠭᠦᠳᠡᠯ ᠮᠡᠯᠵᠢᠯ ᠎ᠦᠨ ᠣᠯᠠᠷᠢᠯ ᠎ᠤᠨ ᠬᠣᠪᠢᠰᠤᠯ》 ᠨᠣᠮ ᠎ᠤᠨ ᠲᠣᠭᠤᠷᠢᠨ ᠎ᠳᠤ


ᠨᠢᠭᠡ᠂ ᠲᠤᠰ ᠨᠤᠮ᠎ᠤᠨ ᠲᠤᠪᠴᠢ ᠲᠠᠨᠢᠯᠴᠠᠭᠤᠯᠭ᠎ᠠ

《ᠨᠡᠭᠦᠳᠡᠯ ᠮᠠᠯᠵᠢᠯ᠎ᠤᠨ ᠤᠯᠠᠷᠢᠯ ᠬᠤᠪᠢᠰᠤᠯ》 ᠨᠤᠮ ᠪᠤᠯ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ᠎ᠶ᠋ᠢᠨ ᠤᠤᠯ᠎ᠤᠨ ᠲᠡᠳ᠋ ᠡᠷᠬᠢᠯᠡᠭ᠌ᠴᠢ ᠬᠤᠤ ᠢ ᠳ᠋ᠦᠩ᠎ᠤ᠋ᠨ ᠨᠡᠭᠦᠳᠡᠯ ᠮᠠᠯᠵᠢᠯ᠎ᠤᠨ ᠰᠤᠳᠤᠯᠭᠠᠨ᠎ᠤ ᠪᠦᠳᠦᠭᠡᠯ᠎ᠤᠨ ᠨᠢᠭᠡ ᠶᠤᠮ᠃ ᠲᠤᠰ ᠨᠤᠮ᠎ᠤᠨ ᠬᠢᠳᠡᠳ ᠬᠡᠪᠯᠡᠯ᠎ᠢ 2015 ᠤᠨ᠎ᠤ 8 ᠰᠠᠷ᠎ᠠ᠎ᠳᠤ ᠦᠨᠳᠦᠰᠦᠲᠡᠨ᠎ᠤ ᠬᠡᠪᠯᠡᠯ᠎ᠤᠨ ᠬᠤᠷᠢᠶ᠎ᠠ᠎ᠠᠴᠠ ᠠᠩᠬ᠎ᠠ ᠬᠡᠪᠯᠡᠨ ᠲᠠᠷᠬᠠᠭᠠᠵᠤ᠂ 2022 ᠤᠨ᠎ᠤ 5 ᠰᠠᠷ᠎ᠠ᠎ᠳᠤ ᠦᠪᠦᠷ ᠮᠤᠩᠭᠤᠯ᠎ᠤᠨ ᠠᠷᠠᠳ᠎ᠤᠨ ᠭᠡᠪᠯᠡᠯ᠎ᠤᠨ ᠬᠤᠷᠢᠶᠠᠨ᠎ᠠᠴᠠ ᠮᠤᠩᠭᠤᠯ ᠬᠡᠪᠯᠡᠯ᠎ᠢ ᠬᠡᠪᠯᠡᠨ ᠲᠠᠷᠬᠠᠭᠠᠭ᠍ᠰᠠᠨ ᠶᠤᠮ᠃ ᠱᠢᠯᠢ᠎ᠶ᠋ᠢᠨ ᠭᠤᠤᠯ ᠠᠢᠮᠠᠭ᠎ᠤᠨ ᠠᠪᠠᠭ᠎ᠠ ᠬᠤᠱᠢᠭᠤᠨ᠎ᠤ ᠲᠦᠮᠡᠨᠪᠠᠶᠠᠷ ᠤᠷᠴᠢᠭᠤᠯᠪᠠ᠃

ᠨᠡᠭᠦᠳᠡᠯ ᠮᠠᠯᠵᠢᠯ ᠪᠤᠯ ᠡᠷᠳᠡᠨ ᠡᠳᠤᠭᠡ᠎ᠶ᠋ᠢᠨ ᠠᠵᠤ ᠠᠬᠤᠢ᠎ᠶ᠋ᠢᠨ ᠴᠢᠬᠤᠯᠠ ᠬᠡᠯᠪᠡᠷᠢ᠎ᠶ᠋ᠢᠨ ᠨᠢᠭᠡ᠂ ᠨᠡᠭᠦᠳᠡᠯ ᠮᠠᠯᠵᠢᠯ᠎ᠤᠨ ᠰᠤᠶᠤᠯ ᠪᠤᠯ ᠲᠡᠯᠡᠭᠡᠢ᠎ᠶ᠋ᠢᠨ ᠰᠤᠶᠤᠯ᠎ᠤᠨ ᠦᠪ᠎ᠤᠨ ᠲᠤᠳᠠᠭ᠍ᠳᠠᠵᠤ ᠪᠤᠯᠤᠰᠢ ᠦᠭᠡᠢ ᠨᠢᠭᠡᠨ ᠠᠭᠤᠯᠭ᠎ᠠ ᠪᠤᠯᠤᠨ᠎ᠠ᠃ ᠨᠡᠭᠦᠳᠡᠯ ᠮᠠᠯᠵᠢᠯ᠎ᠤᠨ ᠰᠤᠳᠤᠯᠭᠠᠨ᠎ᠤ ᠬᠦᠷᠢᠶ᠎ᠡ ᠬᠡᠪᠴᠢᠶ᠎ᠡ ᠦᠷᠭᠡᠨ ᠪᠤᠯᠬᠤᠷ ᠡᠷᠳᠡᠨ᠎ᠠᠴᠠ᠎ᠪᠠᠨ ᠭᠠᠳᠠᠭᠠᠳᠤ ᠲᠤᠳᠤᠭᠠᠳᠤ᠎ᠶ᠋ᠢᠨ ᠡᠷᠳᠡᠮᠳᠡᠨ ᠮᠡᠷᠭᠡᠳ᠎ᠤᠨ ᠠᠩᠬᠠᠷᠤᠯ᠎ᠢ ᠲᠠᠳᠠᠵᠤ᠂ ᠬᠠᠮᠢᠶ᠎ᠠ ᠪᠦᠬᠦᠢ ᠰᠤᠳᠤᠯᠭᠠᠨ᠎ᠤ ᠠᠵᠢᠯ ᠶᠠᠪᠤᠭ᠍ᠳᠠᠵᠤ᠂ ᠨᠤᠮ ᠵᠤᠬᠢᠶᠠᠯ ᠨᠡᠯᠢᠶᠡᠳ ᠠᠷᠪᠢᠨ ᠪᠠᠢᠳᠠᠭ᠃ ᠭᠡᠪᠡᠴᠤ᠌ ᠨᠡᠭᠦᠳᠡᠯ ᠮᠠᠯᠵᠢᠯ᠎ᠤᠨ ᠰᠤᠳᠤᠯᠭᠠᠨ᠎ᠤ ᠲᠠᠯ᠎ᠠ᠎ᠳᠤ ᠮᠤᠩᠭᠤᠯ ᠬᠡᠯᠡ᠎ᠪᠠᠷ ᠪᠢᠴᠢᠭ᠌ᠳᠡᠭ᠌ᠰᠡᠨ ᠨᠤᠮ ᠵᠤᠬᠢᠶᠠᠯ ᠬᠠᠷᠢᠴᠠᠩᠭᠤᠢ ᠴᠦᠭᠡᠨ᠂  ᠤᠳᠤ ᠦᠶ᠎ᠡ᠎ᠶ᠋ᠢᠨ ᠮᠠᠯᠵᠢᠬᠤ ᠤᠷᠤᠨ᠎ᠤ ᠪᠤᠳᠠᠳᠠᠢ ᠪᠠᠢᠳᠠᠯ᠎ᠢ ᠲᠤᠰᠭᠠᠵᠤ᠂ ᠮᠠᠯ ᠠᠵᠤ ᠠᠬᠤᠢ᠎ᠶ᠋ᠢ ᠬᠦᠭ᠌ᠵᠢᠬᠦᠯᠬᠦ᠌᠎ᠳᠤ ᠦᠨᠡᠨ ᠬᠦ᠌ ᠵᠢᠯᠤᠭᠤᠳᠭᠤ ᠤᠢᠯᠡᠳᠤᠯ᠎ᠭᠠᠷᠭᠠᠵᠤ ᠴᠢᠳᠠᠬᠤ ᠮᠤᠩᠭᠤᠯ ᠨᠤᠮ ᠵᠤᠬᠢᠶᠠᠯ ᠨᠡᠩ ᠴᠦᠭᠡᠨ ᠶᠤᠮ᠃ ᠡᠢᠮᠤᠷᠬᠦᠤ ᠪᠠᠢᠳᠠᠯ ᠲᠤᠤᠷ᠎ᠡ 《ᠨᠡᠭᠦᠳᠡᠯ ᠮᠠᠯᠵᠢᠯ᠎ᠤᠨ ᠤᠯᠠᠷᠢᠯ ᠬᠤᠪᠢᠰᠤᠯ》 ᠬᠡᠬᠦ᠌ ᠨᠤᠮ ᠮᠤᠩᠭᠤᠯ ᠬᠡᠯᠡᠨ᠎ᠳᠤ ᠤᠷᠴᠢᠭᠤᠯᠤᠭ᠍ᠳᠠᠵᠤ ᠬᠡᠪᠯᠡᠭ᠌ᠳᠡᠭ᠌ᠰᠡᠨ᠎ᠨᠢ ᠦᠷᠭᠡᠨ ᠤᠯᠠᠨ ᠮᠠᠯᠴᠢᠨ ᠲᠦᠮᠡᠨ᠎ᠳᠤ ᠲᠤᠩ  ᠪᠤᠳᠠᠳᠤ ᠬᠡᠷᠡᠭ᠌ᠴᠡᠭᠡ᠎ᠲᠠᠢ ᠬᠡᠵᠤ ᠬᠡᠯᠡᠵᠤ ᠪᠤᠯᠤᠨ᠎ᠠ᠃

ᠲᠤᠰ ᠨᠤᠮ᠎ᠤᠨ ᠵᠤᠬᠢᠶᠠᠭ᠍ᠴᠢ ᠬᠤᠤ ᠢ ᠳ᠋ᠦᠩ ᠤᠳᠠᠭᠠᠨ ᠵᠢᠯ᠎ᠤᠨ ᠲᠤᠷᠰᠢ ᠮᠠᠯᠵᠢᠬᠤ ᠤᠷᠤᠨ᠎ᠳᠤ ᠠᠵᠢᠯᠯᠠᠵᠤ ᠠᠮᠢᠳᠤᠷᠠᠭ᠍ᠰᠠᠨ ᠪᠤᠯᠬᠤᠷ ᠲᠠᠯ᠎ᠠ ᠨᠤᠳᠤᠭ᠎ᠲᠤ ᠬᠦᠨ ᠵᠤᠵᠠᠭᠠᠨ ᠬᠠᠢᠷ᠎ᠠ ᠰᠡᠳᠭᠢᠯᠭᠡ᠎ᠲᠠᠢ ᠮᠦᠷᠳᠡᠭᠡᠨ ᠮᠠᠯᠵᠢᠬᠤ ᠤᠷᠤᠨ᠎ᠤ ᠪᠤᠳᠠᠳᠠᠢ ᠪᠠᠢᠳᠠᠯ ᠪᠠ ᠮᠠᠯ ᠠᠵᠤ ᠠᠬᠤᠢ᠎ᠶ᠋ᠢ ᠰᠠᠢᠨ ᠤᠢᠯᠠᠭᠠᠳᠠᠭ᠃ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠵᠠᠰᠠᠭ᠎ᠤᠨ ᠤᠷᠳᠤᠨ᠎ᠤ ᠲᠡᠳ᠋ ᠲᠡᠷᠢᠭᠦᠯᠡᠭ᠌ᠴᠢ᠎ᠶ᠋ᠢᠨ ᠲᠤᠱᠢᠶᠠᠯ᠎ᠢ ᠡᠭᠦᠷᠭᠡᠯᠡᠵᠦ᠍ ᠪᠠᠢᠬᠤ ᠬᠤᠭᠤᠴᠠᠭᠠᠨ᠎ᠳᠠᠭᠠᠨ ᠮᠠᠯ ᠠᠵᠤ ᠠᠬᠤᠢ᠂ ᠤᠷᠴᠢᠨ ᠲᠤᠭᠤᠷᠢᠨ᠎ᠤ ᠪᠦᠳᠦᠭᠡᠨ ᠪᠠᠢᠭᠤᠯᠤᠯᠳᠠ᠂ ᠠᠮᠢ ᠠᠬᠤᠢ ᠂ ᠦᠨᠳᠦᠰᠦᠳᠡᠨ ᠱᠠᠱᠢᠨ ᠰᠤᠷᠳᠠᠬᠤᠨ᠎ᠤ ᠠᠵᠢᠯ᠎ᠢ ᠬᠠᠷᠢᠭᠤᠴᠠᠵᠤ ᠪᠠᠢᠵᠠᠢ᠃ ᠵᠤᠬᠢᠶᠠᠭ᠍ᠴᠢ ᠠᠵᠢᠯ᠎ᠤᠨ ᠠᠮᠠᠷᠠᠯᠳᠠ᠎ᠪᠠᠨ ᠠᠪᠤᠭ᠍ᠰᠠᠨ᠎ᠤ ᠲᠠᠷᠠᠭ᠎ᠠ ᠡᠨᠡ ᠬᠦ᠌ ᠰᠠᠭᠤᠷᠢᠨ ᠲᠡᠭᠡᠷ᠎ᠡ᠎ᠪᠠᠨ ᠲᠠᠯ᠎ᠠ ᠨᠤᠳᠤᠭ᠎ᠤᠨ ᠪᠤᠯᠪᠠᠰᠤᠨ ᠪᠠ ᠨᠡᠬᠦᠳᠡᠯ ᠮᠠᠯᠵᠢᠯ᠎ᠤᠨ ᠰᠤᠳᠤᠯᠭᠠᠨ᠎ᠤ ᠠᠵᠢᠯ᠎ᠢ ᠬᠢᠵᠤ᠂ ᠤᠯᠠᠨ ᠰᠤᠳᠤᠯᠭᠠᠨ᠎ᠤ ᠪᠦᠳᠦᠭᠡᠯ ᠭᠠᠷᠭᠠᠭ᠍ᠰᠠᠨ ᠶᠤᠮ᠃ ᠲᠡᠳᠡᠭᠡᠷ ᠰᠤᠳᠤᠯᠭᠠᠨ᠎ᠤ ᠪᠦᠳᠦᠭᠡᠯ᠎ᠠᠴᠠ ᠮᠤᠩᠭᠤᠯ ᠬᠡᠯᠡᠨ᠎ᠳᠤ ᠤᠷᠴᠢᠭᠤᠯᠤᠭ᠍ᠳᠠᠵᠤ ᠬᠡᠪᠯᠡᠭ᠌ᠳᠡᠭ᠌ᠰᠡᠨ᠎ᠢ᠎ᠨᠢ ᠲᠤᠷᠠᠳᠪᠠᠯ 36 ᠲᠦᠮᠡᠨ ᠦᠰᠦᠭ᠎ᠤᠨ《ᠲᠠᠯ᠎ᠠ ᠨᠤᠳᠤᠭ᠎ᠤᠨ ᠲᠡᠭ᠌ᠷᠢᠯᠢᠭ ᠶᠤᠰᠤᠨ — ᠮᠦᠩᠬᠡ᠎ᠶ᠋ᠢᠨ ᠪᠤᠶᠤ ᠤᠳᠤ ᠦᠶ᠎ᠡ᠎ᠶ᠋ᠢᠨ》 ᠭᠡᠬᠦ᠌ ᠲᠤᠮᠤᠬᠠᠨ ᠪᠦᠳᠦᠭᠡᠯ ᠪᠤᠯᠤᠨ᠎ᠠ᠃ ᠵᠤᠬᠢᠶᠠᠭ᠍ᠴᠢ᠎ᠶ᠋ᠢᠨ ᠨᠤᠮ᠎ᠤᠨ ᠤᠨᠴᠠᠯᠢᠭ ᠪᠤᠯ ᠮᠠᠯᠵᠢᠬᠤ ᠤᠷᠤᠨ᠎ᠤ ᠪᠤᠳᠠᠳᠠᠢ ᠪᠠᠢᠳᠠᠯ᠎ᠢ ᠵᠠᠳᠠᠯᠤᠨ ᠱᠢᠨᠵᠢᠯᠡᠵᠤ᠂ ᠤᠷᠤᠱᠢᠵᠤ ᠪᠠᠢᠭ᠎ᠠ ᠠᠰᠠᠭᠤᠳᠠᠯ᠎ᠢ ᠲᠤᠷᠠᠳᠤᠨ ᠭᠠᠷᠭᠠᠬᠤ᠎ᠶ᠋ᠢᠨ ᠬᠠᠮᠳᠤ ᠱᠢᠢᠳᠪᠦᠷᠢᠯᠡᠬᠦ᠌ ᠠᠷᠭ᠎ᠠ ᠵᠠᠮ᠎ᠢ ᠵᠢᠭᠠᠵᠤ  ᠦᠭᠪᠡ᠃

ᠬᠤᠶᠡᠷ᠂ 《ᠨᠡᠭᠦᠳᠡᠯ ᠮᠠᠯᠵᠢᠯ᠎ᠤᠨ ᠤᠯᠠᠷᠢᠯ ᠬᠤᠪᠢᠰᠤᠯ》 ᠨᠤᠮ᠎ᠤᠨ ᠪᠦᠳᠦᠴᠠ

《ᠨᠡᠭᠦᠳᠡᠯ ᠮᠠᠯᠵᠢᠯ᠎ᠤᠨ ᠤᠯᠠᠷᠢᠯ ᠬᠤᠪᠢᠰᠤᠯ》 ᠨᠤᠮ᠎ᠨᠢ 《ᠨᠡᠭᠦᠳᠡᠯ ᠮᠠᠯᠵᠢᠯ᠎ᠤᠨ ᠡᠬᠢ ᠡᠭᠦᠰᠦᠯ ᠬᠢᠭᠡᠳ ᠰᠤᠶᠤᠯ ᠪᠤᠯᠪᠠᠰᠤᠨ᠎ᠨᠤᠭᠤᠳ᠎ᠤᠨ ᠬᠠᠷᠢᠯᠴᠠᠭ᠎ᠠ》᠂《ᠡᠷᠳᠡᠨ ᠡᠳᠤᠭᠡ ᠲᠤᠮᠳᠠᠳᠤ ᠭᠠᠳᠠᠭᠠᠳᠤ᠎ᠶ᠋ᠢᠨ ᠨᠡᠭᠦᠳᠡᠯ ᠮᠠᠯᠵᠢᠯ᠎ᠤᠨ ᠲᠦᠯᠦᠪ ᠪᠠᠢᠳᠠᠯ》᠂ 《〈ᠦᠭᠡᠷ ᠮᠠᠯᠵᠢᠳᠠᠭ ᠸᠠᠩᠳᠤ ᠤᠯᠤᠰ〉 ᠵᠢᠴᠢ ᠲᠡᠭᠦᠨ᠎ᠤ ᠤᠳᠤᠬᠢᠴᠢᠯᠠᠭ᠍ᠰᠠᠨ ᠬᠡᠯᠪᠡᠷᠢ᠎ᠳᠤ ᠱᠢᠯᠵᠢᠭ᠌ᠰᠡᠨ᠎ᠨᠢ》᠂ 《ᠲᠠᠯ᠎ᠠ ᠨᠤᠳᠤᠭ᠎ᠤᠨ ᠮᠢᠬᠠᠨ᠎ᠤ ᠤᠨᠴᠠᠯᠢᠭ》᠂《ᠤᠳᠤᠬᠢᠴᠢᠯᠠᠬᠤ ᠠᠷᠭ᠎ᠠ ᠵᠠᠮ᠎ᠤᠨ ᠰᠤᠩᠭᠤᠯᠳᠠ》᠂ 《ᠲᠠᠯ᠎ᠠ ᠨᠤᠳᠤᠭ᠎ᠤᠨ ᠰᠤᠶᠤᠯ ᠬᠢᠭᠡᠳ ᠤᠳᠤᠬᠢᠴᠢᠯᠠᠭ᠍ᠰᠠᠨ ᠤᠢᠯᠡᠳᠪᠦᠷᠢᠯᠡᠯ ᠰᠤᠯᠤᠩᠭᠠᠷᠠᠨ ᠬᠦᠭ᠌ᠵᠢᠨ᠎ᠡ》 ᠭᠡᠬᠦ᠌ ᠵᠢᠷᠭᠤᠭᠠᠨ ᠪᠦᠯᠦᠭ ᠠᠭᠤᠯᠭ᠎ᠠ᠎ᠪᠠᠷ ᠪᠦᠷᠢᠯᠳᠦᠵᠠᠢ᠃

ᠨᠢᠭᠡᠳᠤᠭᠡᠷ ᠪᠦᠯᠦᠭ᠎ᠲᠤ᠂ ᠪᠠᠢᠭᠠᠯᠢ᠎ᠶ᠋ᠢᠨ ᠤᠷᠴᠢᠨ ᠲᠤᠭᠤᠷᠢᠨ᠎ᠤ ᠨᠦᠬᠦᠴᠡᠯ᠂ ᠨᠡᠢᠭᠡᠮ᠎ᠤᠨ ᠭᠦᠭ᠌ᠵᠢᠯᠳᠡ᠎ᠶ᠋ᠢᠨ ᠬᠠᠷᠢᠯᠴᠠᠭ᠎ᠠ ᠪᠠ ᠬᠡᠯᠡ ᠰᠤᠶᠤᠯ᠎ᠤᠨ ᠨᠠᠭᠦᠳᠡᠯ ᠮᠠᠯᠵᠢᠯ᠎ᠤᠨ ᠡᠬᠢ ᠡᠬᠦᠰᠦᠯ᠂ ᠬᠦᠭ᠌ᠵᠢᠯᠳᠡ᠎ᠳᠤ ᠦᠵᠡᠬᠦᠯᠦᠭ᠌ᠰᠡᠨ ᠤᠢᠯᠡᠳᠤᠯ᠎ᠢ ᠦᠭᠦᠯᠡᠬᠦ᠌᠎ᠶ᠋ᠢᠨ ᠲᠠᠭᠠᠤ ᠵᠠᠮ ᠬᠠᠷᠢᠯᠴᠠᠭᠠᠨ᠎ᠤ ᠴᠢᠬᠤᠯᠠ ᠴᠢᠨᠡᠷ᠎ᠢ  ᠲᠤᠳᠤᠷᠬᠠᠢᠯᠠᠵᠤ᠂ ᠨᠡᠭᠦᠳᠡᠯ ᠮᠠᠯᠵᠢᠯ᠎ᠤᠨ ᠨᠦᠯᠦᠭᠡᠯᠡᠯ ᠲᠤᠤᠷ᠎ᠡ ᠶᠡᠭᠡ ᠦᠷᠭᠡᠨ ᠬᠡᠪᠴᠢᠶᠡᠨ᠎ᠤ ᠬᠠᠷᠢᠯᠴᠠᠭ᠎ᠠ ᠰᠤᠯᠢᠯᠴᠠᠭ᠎ᠠ ᠪᠤᠢ ᠪᠤᠯᠵᠤ ᠤᠯᠤᠰ ᠲᠦᠷᠦ᠍᠂ ᠠᠵᠤ ᠠᠬᠤᠢ᠂ ᠰᠤᠶᠤᠯ᠎ᠤᠨ ᠬᠦᠭ᠌ᠵᠢᠯᠳᠡ᠎ᠶ᠋ᠢ ᠠᠬᠢᠭᠤᠯᠤᠭ᠍ᠰᠠᠨ ᠪᠤᠳᠠᠳᠤ ᠪᠠᠢᠳᠠᠯ᠎ᠢ ᠦᠬᠦᠯᠡᠵᠡᠢ᠃ ᠠᠭᠤᠯᠭ᠎ᠠ᠎ᠶ᠋ᠢᠨ ᠬᠤᠪᠢ᠎ᠳᠤ ᠡᠸᠦ᠋ᠷᠦᠫᠡ ᠠᠽᠢᠶ᠎ᠠ᠎ᠶ᠋ᠢᠨ ᠲᠠᠯ᠎ᠠ ᠨᠤᠳᠤᠭ᠎ᠤᠨ ᠭᠠᠵᠠᠷ᠎ᠤᠨ ᠭᠠᠳᠠᠷᠭᠤ᠎ᠶ᠋ᠢ ᠲᠤᠪᠴᠢ ᠲᠠᠨᠢᠯᠴᠠᠭᠤᠯᠵᠤ᠂ ᠲᠤᠷᠭᠠᠨ ᠵᠠᠮ ᠪᠠ ᠲᠠᠯ᠎ᠠ ᠨᠤᠳᠤᠭ᠎ᠤᠨ ᠲᠤᠷᠭᠠᠨ ᠵᠠᠮ᠎ᠢ ᠲᠤᠳᠤᠷᠬᠠᠢᠯᠠᠬᠤ᠎ᠶ᠋ᠢᠨ ᠲᠠᠭᠠᠤ ᠲᠡᠭᠦᠨ᠎ᠤ ᠤᠢᠯᠡᠳᠤᠯ ᠴᠢᠳᠡᠪᠬᠢ ᠵᠢᠴᠢ ᠨᠦᠯᠦᠭᠡ᠎ᠶ᠋ᠢ ᠪᠢᠴᠢᠵᠠᠢ᠃ ᠡᠬᠦᠨ᠎ᠠᠴᠠ ᠭᠠᠳᠠᠨ᠎ᠠ ᠨᠡᠭᠦᠳᠡᠯ ᠮᠠᠯᠵᠢᠯ᠎ᠤᠨ ᠡᠬᠢ ᠡᠬᠦᠰᠦᠯ᠎ᠢ ᠮᠦᠷᠳᠡᠨ᠂ ᠠᠳᠠᠯᠢ ᠪᠤᠰᠤ᠎ᠶ᠋ᠢᠨ ᠴᠠᠭ ᠦᠶ᠎ᠡ᠎ᠳᠠᠬᠢ ᠬᠦᠭ᠌ᠵᠢᠯᠳᠡ ᠬᠤᠪᠢᠷᠠᠯᠳᠠ᠎ᠶ᠋ᠢ ᠲᠤᠪᠤᠢᠯᠭᠠᠵᠤ᠂ ᠤᠢᠯᠡᠳᠤᠯ ᠨᠦᠯᠦᠭᠡ᠎ᠶ᠋ᠢ᠎ᠨᠢ ᠪᠤᠳᠠᠳᠤ ᠵᠢᠱ᠌ᠢᠶ᠎ᠡ᠎ᠪᠠᠷ ᠭᠡᠷᠡᠴᠢᠯᠡᠭ᠌ᠰᠡᠨ ᠪᠠᠢᠨ᠎ᠠ᠃

ᠬᠤᠶᠠᠳᠤᠭᠠᠷ ᠪᠦᠯᠦᠭ᠎ᠲᠤ᠂ ᠮᠠᠯ ᠠᠵᠤ ᠠᠬᠤᠢ᠎ᠶ᠋ᠢᠨ ᠤᠢᠯᠡᠳᠪᠦᠷᠢᠯᠡᠯ᠎ᠤᠨ ᠤᠨᠴᠠᠯᠢᠭ᠎ᠢ  ᠤᠢᠯᠡᠳᠪᠦᠷᠢᠯᠡᠯ᠎ᠤᠨ ᠬᠡᠯᠪᠡᠷᠢ ᠮᠠᠶᠢᠭ᠎ᠤᠨ ᠤᠳᠠᠭᠠᠨ ᠲᠠᠭᠠᠭᠠᠮᠠᠭᠠᠢ ᠴᠢᠨᠡᠷ᠂ ᠤᠢᠯᠡᠳᠪᠦᠷᠢᠯᠡᠯ᠎ᠤᠨ ᠶᠠᠪᠤᠴᠠ᠎ᠶ᠋ᠢᠨ ᠪᠠᠢᠭᠠᠯᠢᠯᠢᠭ ᠴᠢᠨᠡᠷ᠂  ᠤᠢᠯᠡᠳᠪᠦᠷᠢᠯᠡᠯ ᠠᠮᠢᠳᠤᠷᠠᠯ᠎ᠤᠨ ᠪᠤᠳᠤᠯᠢᠶᠠᠨᠳᠤ ᠴᠢᠨᠠᠷ ᠬᠢᠭᠡᠳ ᠬᠤᠪᠢᠷᠠᠮᠠᠳᠠᠭᠠᠢ ᠴᠢᠨᠡᠷ ᠵᠡᠷᠭᠡ ᠲᠠᠯ᠎ᠠ᠎ᠠᠴᠠ ᠲᠤᠳᠤᠷᠬᠠᠢᠯᠠᠬᠤ᠎ᠶ᠋ᠢᠨ ᠬᠠᠮᠳᠤ ᠲᠦᠷᠪᠡᠨ ᠤᠯᠠᠷᠢᠯ᠎ᠤᠨ ᠨᠡᠭᠦᠳᠡᠯ ᠮᠠᠯᠵᠢᠯ᠎ᠤᠨ ᠬᠡᠯᠪᠡᠷᠢ᠂ ᠨᠡᠭᠦᠳᠡᠯ ᠮᠠᠯᠵᠢᠯ᠎ᠢ ᠨᠦᠯᠦᠭᠡᠯᠡᠬᠦ᠌ ᠡᠯᠧᠮᠧᠨ᠋ᠲ᠂ ᠨᠡᠭᠦᠳᠡᠯ ᠮᠠᠯᠵᠢᠯ᠎ᠤᠨ ᠤᠯᠠᠷᠢᠯ ᠬᠤᠪᠢᠰᠤᠯ᠎ᠤᠨ ᠲᠤᠮᠳᠠᠬᠢ ᠮᠠᠯᠵᠢᠬᠤ ᠠᠷᠭ᠎ᠠ ᠬᠡᠯᠪᠡᠷᠢ᠎ᠶ᠋ᠢᠨ ᠬᠤᠪᠢᠷᠠᠯᠳᠠ᠂ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ ᠪᠠᠢᠭᠤᠯᠤᠭ᠍ᠳᠠᠭ᠍ᠰᠠᠨ᠎ᠤ ᠲᠠᠷᠠᠭᠠᠬᠢ ᠮᠠᠯ ᠠᠵᠤ ᠠᠬᠤᠢ᠎ᠶ᠋ᠢᠨ ᠬᠦᠭ᠌ᠵᠢᠯᠳᠡ ᠬᠤᠪᠢᠷᠠᠯᠳᠠ᠎ᠶ᠋ᠢ ᠦᠭᠦᠯᠡᠵᠡᠢ᠃  ᠤᠨᠴᠠᠭᠠᠢᠯᠠᠨ ᠲᠦᠷᠪᠡᠨ ᠤᠯᠠᠷᠢᠯ᠎ᠤᠨ ᠨᠡᠭᠦᠳᠡᠯ ᠮᠠᠯᠵᠢᠯ᠎ᠤᠨ ᠬᠡᠯᠪᠡᠷᠢ ᠪᠠ ᠱᠢᠨᠵᠢ ᠴᠢᠨᠠᠷ᠎ᠢ ᠨᠠᠷᠢᠨ ᠪᠤᠳᠠᠳᠠᠢ ᠲᠤᠳᠤᠷᠬᠠᠢ ᠪᠢᠴᠢᠬᠦ᠌᠎ᠶ᠋ᠢᠨ ᠬᠠᠮᠳᠤ ᠨᠡᠭᠦᠳᠡᠯ ᠮᠠᠯᠵᠢᠯ᠎ᠤᠨ ᠤᠢᠯᠡᠳᠪᠦᠷᠢᠯᠡᠯ᠎ᠤᠨ ᠬᠦᠴᠦᠨ᠂ ᠡᠬᠢ ᠪᠠᠶᠠᠯᠢᠭ᠎ᠤᠨ ᠬᠢᠵᠠᠭᠠᠷᠯᠠᠯ᠂ ᠪᠠᠢᠭᠠᠯᠢ᠎ᠶ᠋ᠢᠨ ᠭᠠᠮᠱᠢᠭ ᠵᠡᠷᠭᠡ ᠠᠭᠤᠯᠭ᠎ᠠ᠎ᠶ᠋ᠢ ᠮᠠᠰᠢ ᠲᠤᠳᠤᠷᠬᠠᠢ ᠲᠤᠱᠢᠶᠡᠵᠤ᠂ ᠨᠡᠭᠦᠳᠡᠯ ᠮᠠᠯᠵᠢᠯ᠎ᠤᠨ ᠤᠯᠠᠷᠢᠯ ᠬᠤᠪᠢᠰᠤᠯ᠎ᠤᠨ ᠦᠷ᠎ᠡ ᠳ᠋ᠦᠩ᠎ᠢ ᠬᠦᠰᠦᠨᠦᠭ᠌ᠵᠢᠬᠦᠯᠦᠨ ᠲᠤᠳᠤᠷᠬᠠᠢᠯᠠᠵᠠᠢ᠃ ᠡᠬᠦᠨ᠎ᠠᠴᠠ ᠭᠠᠳᠠᠨ᠎ᠠ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠮᠠᠯ ᠠᠵᠤ ᠠᠬᠤᠢ᠎ᠶ᠋ᠢᠨ ᠬᠦᠭ᠌ᠵᠢᠯᠳᠡ᠎ᠶ᠋ᠢᠨ ᠪᠠᠢᠳᠠᠯ᠎ᠢ ᠨᠠᠷᠢᠨ ᠲᠤᠭᠠᠴᠢᠵᠤ᠂ ᠪᠦᠳᠦᠭᠡᠨ ᠪᠠᠢᠭᠤᠯᠬᠤ ᠬᠡᠯᠪᠡᠷᠢ᠎ᠪᠠᠨ ᠬᠤᠪᠢᠷᠠᠭᠠᠭ᠍ᠰᠠᠨ ᠪᠠᠢᠳᠠᠯ ᠪᠠ ᠠᠴᠢ ᠬᠤᠯᠪᠤᠭ᠍ᠳᠠᠯ᠎ᠢ ᠲᠤᠪᠤᠢᠯᠭᠠᠵᠠᠢ᠃

ᠭᠤᠷᠪᠠᠳᠤᠭᠠᠷ ᠪᠦᠯᠦᠭ᠎ᠲᠤ᠂ ᠠᠮᠧᠷᠢᠺᠡ ᠤᠯᠤᠰ᠎ᠤᠨ ᠦᠭᠡᠷ᠎ᠤᠨ ᠠᠵᠤ ᠤᠢᠯᠡᠰ᠎ᠤᠨ ᠭᠦᠭ᠌ᠵᠢᠯᠳᠡ᠎ᠶ᠋ᠢ ᠨᠠᠷᠢᠨ ᠲᠤᠭᠠᠴᠢᠵᠤ᠂ ᠠᠳᠠᠯᠢ ᠪᠤᠰᠤ᠎ᠶ᠋ᠢᠨ ᠴᠠᠭ ᠦᠶ᠎ᠡ᠎ᠳᠤ ᠪᠤᠳᠠᠳᠠᠢ ᠪᠠᠢᠳᠠᠯ᠎ᠳᠠᠭᠠᠨ ᠲᠤᠬᠢᠷᠠᠭᠤᠯᠵᠤ᠂ ᠠᠷᠭ᠎ᠠ ᠬᠡᠯᠪᠡᠷᠢ᠎ᠪᠠᠨ ᠲᠠᠰᠤᠷᠠᠯᠳᠠ ᠦᠭᠡᠢ ᠱᠢᠨᠠᠴᠢᠯᠠᠨ ᠲᠡᠭᠦᠯᠳᠡᠷᠵᠢᠬᠦᠯᠵᠤ᠂ ᠦᠨᠳᠦᠷ ᠦᠷ᠎ᠡ ᠠᠱᠢᠭ ᠤᠯᠵᠤ ᠪᠠᠢᠭ᠎ᠠ ᠪᠠᠢᠳᠠᠯ᠎ᠢ ᠦᠭᠦᠯᠡᠵᠡᠢ᠃ ᠠᠭᠤᠯᠭ᠎ᠠ᠎ᠶ᠋ᠢᠨ ᠬᠤᠪᠢ᠎ᠳᠤ ᠦᠭᠡᠷ ᠮᠠᠯᠵᠢᠬᠤ᠎ᠳᠤ ᠲᠤᠬᠢᠷᠠᠬᠤ ᠭᠠᠵᠠᠷ ᠵᠦᠢ᠎ᠶ᠋ᠢᠨ ᠨᠦᠭᠦᠴᠡᠯ᠂ ᠦᠭᠡᠷ ᠮᠠᠯᠵᠢᠭ᠍ᠰᠠᠨ ᠲᠡᠤᠬᠡᠨ ᠠᠬᠤᠢ ᠪᠠᠢᠳᠠᠯ᠂ ᠦᠭᠡᠷ ᠮᠠᠯᠵᠢᠭ᠍ᠰᠠᠨ ᠠᠩᠬᠠᠨ᠎ᠤ ᠲᠦᠷᠬᠦ᠂ ᠬᠦᠭ᠌ᠵᠢᠯ ᠴᠡᠴᠡᠭ᠌ᠯᠡᠯ᠂ ᠲᠤᠷᠤᠢᠳᠠᠯ ᠵᠢᠴᠢ ᠮᠠᠯᠵᠢᠬᠤ ᠠᠷᠭ᠎ᠠ ᠬᠡᠯᠪᠡᠷᠢ᠎ᠶ᠋ᠢᠨ ᠬᠤᠪᠢᠷᠠᠯᠳᠠ᠂ ᠠᠵᠤ ᠤᠢᠯᠡᠰ᠎ᠤᠨ ᠪᠦᠳᠦᠴᠡ᠎ᠶ᠋ᠢᠨ ᠱᠢᠯᠢᠳᠡᠭ᠌ᠵᠢᠬᠦᠯᠦᠯᠳᠡ᠂ ᠠᠵᠤ ᠤᠢᠯᠡᠰ᠎ᠤᠨ ᠪᠠᠷᠢᠮᠵᠢᠶᠠᠵᠢᠭᠤᠯᠤᠯᠳᠠ ᠵᠡᠷᠭᠡ᠎ᠪᠠᠷ ᠭᠤᠤᠯᠳᠠᠯᠭ᠎ᠠ ᠪᠤᠯᠭᠠᠭ᠍ᠰᠠᠨ ᠪᠠᠢᠨ᠎ᠠ᠃

ᠲᠦᠷᠪᠡᠳᠦᠭᠡᠷ ᠪᠦᠯᠦᠭ᠎ᠲᠤ᠂ ᠲᠠᠯ᠎ᠠ ᠨᠤᠳᠤᠭ᠎ᠤᠨ ᠤᠯᠠᠭᠠᠨ ᠢᠳᠡᠭᠡᠨ᠎ᠤ ᠤᠨᠴᠠᠯᠢᠭ᠎ᠢ ᠤᠷᠤᠨ ᠨᠤᠳᠤᠭ ᠬᠤᠪᠢᠶᠠᠨ ᠦᠭᠦᠯᠡᠵᠤ᠂ ᠠᠳᠠᠯᠢ ᠪᠤᠰᠤ ᠭᠠᠵᠠᠷ ᠤᠷᠤᠨ᠎ᠤ ᠪᠠᠢᠭᠠᠯᠢ᠎ᠶ᠋ᠢᠨ ᠨᠦᠭᠦᠴᠡᠯ᠂ ᠠᠷᠠᠴᠢᠯᠠᠵᠤ ᠲᠡᠵᠢᠭᠡᠬᠦ᠌ ᠠᠷᠭ᠎ᠠ ᠬᠡᠯᠪᠡᠷᠢ᠎ᠠᠴᠠ ᠱᠢᠯᠳᠠᠭᠠᠯᠠᠭ᠍ᠳᠠᠨ ᠦᠨᠦᠷ ᠠᠮᠳᠠ ᠪᠠ ᠡᠳ᠋ᠱᠢᠭᠦᠯᠬᠦ᠌ ᠠᠷᠭ᠎ᠠ ᠬᠡᠯᠪᠡᠷᠢ᠎ᠶ᠋ᠢᠨ ᠠᠳᠠᠯᠢ ᠪᠤᠰᠤ ᠪᠠᠢᠳᠠᠭ᠎ᠢ ᠵᠢᠭᠠᠨ ᠭᠠᠷᠭᠠᠭ᠍ᠰᠠᠨ᠎ᠠᠴᠠ ᠭᠠᠳᠠᠨ᠎ᠠ ᠦᠪᠦᠷ ᠮᠤᠩᠭᠤᠯ ᠤᠷᠤᠨ᠎ᠤ ᠤᠯᠠᠭᠠᠨ ᠢᠳᠡᠭᠡᠨ᠎ᠤ ᠵᠠᠬ᠎ᠠ ᠲᠡᠯᠭᠡᠭᠦᠷ᠎ᠤᠨ ᠬᠠᠩᠭᠠᠯᠭ᠎ᠠ ᠬᠡᠷᠡᠭ᠌ᠴᠡᠭᠡᠨ᠎ᠤ ᠪᠠᠢᠳᠠᠯ᠂ ᠴᠢᠨᠡᠷ ᠴᠢᠨᠰᠠᠭ᠎ᠠ ᠪᠠ ᠦᠨᠦᠷ ᠠᠮᠳᠠ᠎ᠶ᠋ᠢ ᠪᠠᠳᠤᠯᠠᠬᠤ ᠪᠠᠢᠭᠠᠯᠢ᠎ᠶ᠋ᠢᠨ ᠦᠪᠡᠷᠮᠢᠴᠡ ᠨᠦᠬᠦᠴᠡᠯ ᠵᠢᠴᠢ ᠵᠦᠢ ᠵᠤᠬᠢᠰᠳᠠᠢ ᠠᠱᠢᠭ᠍ᠯᠠᠵᠤ ᠡᠳ᠋ᠱᠢᠭᠦᠯᠬᠦ᠌ ᠠᠷᠭ᠎ᠠ᠎ᠶ᠋ᠢ ᠲᠠᠨᠢᠯᠴᠠᠭᠤᠯᠵᠠᠢ᠃ ᠡᠬᠦᠨ᠎ᠠᠴᠠ ᠭᠠᠳᠠᠨ᠎ᠠ ᠲᠠᠯ᠎ᠠ ᠨᠤᠳᠤᠭ᠎ᠤᠨ ᠦᠭᠡᠷ ᠬᠤᠨᠢᠨ᠎ᠤ ᠮᠢᠬᠠᠨ᠎ᠤ ᠵᠠᠬ᠎ᠠ ᠲᠡᠯᠭᠡᠭᠦᠷ᠎ᠨᠢ ᠲᠡᠯᠡᠬᠡᠢ᠎ᠶ᠋ᠢᠨ ᠬᠡᠪᠴᠢᠶᠡᠨ᠎ᠳᠤ ᠪᠠᠢᠵᠤ᠂ ᠦᠷᠭᠡᠨ ᠤᠯᠠᠨ ᠬᠡᠷᠡᠭ᠌ᠯᠡᠭ᠌ᠴᠢᠳ᠎ᠤᠨ ᠬᠦᠷᠢᠶᠡᠯᠡᠯ᠎ᠢ ᠤᠯᠵᠤ ᠪᠠᠢᠭ᠎ᠠ ᠬᠡᠳᠡᠭ᠎ᠢ ᠴᠢᠬᠤᠯᠠᠴᠢᠯᠠᠭ᠍ᠰᠠᠨ ᠪᠠᠢᠨ᠎ᠠ᠃

ᠲᠠᠪᠤᠳᠤᠭᠠᠷ ᠪᠦᠯᠦᠭ᠎ᠲᠤ᠂ ᠮᠠᠯ ᠠᠵᠤ ᠠᠬᠤᠢ᠎ᠶ᠋ᠢᠨ ᠤᠳᠤᠬᠢᠴᠢᠯᠠᠯᠳᠠ᠎ᠶ᠋ᠢ ᠤᠳᠤᠬᠢᠴᠢᠯᠠᠭ᠍ᠰᠠᠨ ᠰᠠᠭᠤᠷᠢ ᠪᠦᠳᠦᠭᠡᠨ ᠪᠠᠢᠭᠤᠯᠤᠯᠲᠠ᠂ ᠤᠳᠤᠬᠢᠴᠢᠯᠠᠭ᠍ᠰᠠᠨ ᠠᠷᠠᠴᠢᠯᠠᠭ᠎ᠠ᠎ᠶ᠋ᠢᠨ ᠠᠷᠭ᠎ᠠ᠂ ᠤᠳᠤᠬᠢᠴᠢᠯᠠᠭ᠍ᠰᠠᠨ ᠬᠠᠮᠢᠶᠠᠷᠤᠯᠳᠠ᠎ᠶ᠋ᠢᠨ ᠠᠷᠭ᠎ᠠ᠂ ᠤᠳᠤ ᠦᠶ᠎ᠡ᠎ᠶ᠋ᠢᠨ ᠠᠮᠢ ᠠᠬᠤᠢ᠎ᠶ᠋ᠢᠨ ᠪᠤᠯᠪᠠᠰᠤᠨ᠎ᠤ ᠦᠵᠡᠯᠳᠡ ᠤᠢᠯᠠᠭᠠᠭ᠍ᠳᠠᠬᠤᠨ ᠪᠠ ᠬᠠᠤᠯᠢ ᠲᠦᠷᠢᠮ᠎ᠤᠨ ᠬᠡᠷᠡᠭ᠌ᠵᠢᠬᠦᠯᠦᠯᠳᠡ ᠵᠡᠷᠭᠡ ᠲᠦᠷᠪᠡᠨ ᠲᠠᠯ᠎ᠠ᠎ᠠᠴᠠ ᠬᠡᠮᠵᠢᠵᠤ ᠂ ᠪᠤᠳᠠᠳᠠᠢ ᠵᠢᠱ᠌ᠢᠶ᠎ᠡ᠎ᠪᠠᠷ ᠡᠨᠡ ᠬᠦ᠌ ᠦᠵᠡᠯᠳᠡ᠎ᠪᠠᠨ ᠨᠤᠳᠠᠯᠠᠬᠤ᠎ᠶ᠋ᠢ ᠬᠢᠴᠢᠶᠡᠭ᠌ᠰᠡᠨ ᠪᠠᠢᠨ᠎ᠠ᠃ ᠡᠭᠦᠨ᠎ᠠᠴᠠ ᠭᠠᠳᠠᠨ᠎ᠠ ᠤᠳᠤᠬᠢᠴᠢᠯᠠᠬᠤ ᠠᠷᠭ᠎ᠠ ᠵᠠᠮ᠎ᠢ ᠰᠠᠨᠠᠭᠠᠴᠢᠯᠠᠵᠤ ᠦᠭ᠌ᠬᠦ᠎ᠶ᠋ᠢᠨ ᠲᠠᠭᠠᠤ ᠤᠷᠤᠱᠢᠵᠤ ᠪᠠᠢᠭ᠎ᠠ ᠠᠰᠠᠭᠤᠳᠠᠯ᠎ᠢ ᠲᠤᠷᠠᠳᠤᠨ ᠭᠠᠷᠭᠠᠵᠤ᠂ ᠱᠢᠢᠳᠪᠦᠷᠢᠯᠡᠬᠦ᠌ ᠠᠷᠭ᠎ᠠ ᠵᠠᠮ᠎ᠢ ᠵᠢᠭᠠᠵᠤ ᠦᠭ᠌ᠴᠡᠢ᠃ ᠤᠨᠴᠠᠭᠠᠢᠯᠠᠨ  ᠲᠤᠷᠠᠳᠤᠭᠤᠱᠢᠳᠠᠢ᠎ᠨᠢ ᠨᠡᠭᠦᠳᠡᠯ ᠮᠠᠯᠵᠢᠯ᠎ᠤᠨ ᠪᠦᠳᠦᠭᠡᠨ ᠪᠠᠢᠭᠤᠯᠬᠤ ᠬᠡᠯᠪᠡᠷᠢ᠎ᠶ᠋ᠢᠨ ᠪᠡᠯᠴᠢᠭᠡᠷ᠎ᠤᠨ ᠮᠠᠯ ᠠᠵᠤ ᠠᠬᠤᠢ ᠪᠤᠯᠭᠠᠨ ᠬᠤᠪᠢᠷᠠᠭᠤᠯᠬᠤ᠎ᠳᠤ ᠲᠠᠮᠵᠢᠬᠤ ᠭᠤᠷᠪᠠ ᠤᠳᠠᠭᠠᠨ᠎ᠤ ᠤᠢᠯᠡᠳᠪᠦᠷᠢᠯᠠᠯ᠎ᠤᠨ ᠬᠦᠴᠦᠨ᠎ᠤ ᠴᠢᠯᠦᠭᠡᠯᠡᠯᠳᠡ ᠪᠠ ᠪᠦᠳᠦᠭᠡᠨ ᠪᠠᠢᠭᠤᠯᠬᠤ ᠬᠡᠯᠪᠡᠷᠢ᠎ᠠᠴᠠ ᠤᠳᠤᠬᠢᠴᠢᠯᠠᠭ᠍ᠰᠠᠨ ᠬᠡᠯᠪᠡᠷᠢ᠎ᠳᠤ ᠱᠢᠯᠵᠢᠬᠦ᠌ ᠠᠷᠭ᠎ᠠ ᠵᠠᠮ᠎ᠢ ᠵᠢᠭᠠᠨ ᠭᠠᠷᠭᠠᠵᠠᠢ᠃

ᠵᠢᠷᠭᠤᠳᠤᠭᠠᠷ ᠪᠦᠯᠦᠭ᠎ᠲᠤ᠂ ᠲᠠᠯ᠎ᠠ ᠨᠤᠳᠤᠭ᠎ᠤᠨ ᠰᠤᠶᠤᠯ ᠪᠠ ᠤᠳᠤᠬᠢᠴᠢᠯᠠᠭ᠍ᠰᠠᠨ ᠤᠢᠯᠠᠳᠪᠦᠷᠢᠯᠡᠯ᠎ᠤᠨ ᠬᠠᠷᠢᠴᠠᠭ᠎ᠠ᠎ᠶ᠋ᠢ ᠲᠤᠳᠤᠷᠠᠭᠤᠯᠵᠤ᠂ ᠵᠦᠢ ᠵᠤᠬᠢᠰᠳᠠᠢ᠎ᠪᠠᠷ ᠬᠦᠭ᠌ᠵᠢᠬᠦᠯᠬᠦ᠌ ᠵᠢᠴᠢ ᠠᠵᠤ ᠠᠬᠤᠢ ᠪᠠ ᠰᠤᠶᠤᠯ᠎ᠢ ᠵᠡᠷᠭᠡ᠎ᠪᠠᠷ ᠭᠦᠭ᠌ᠵᠢᠬᠦᠯᠬᠦ᠌᠎ᠶ᠋ᠢ ᠴᠢᠬᠤᠯᠠᠴᠢᠯᠠᠬᠤ᠎ᠶ᠋ᠢᠨ ᠲᠠᠭᠠᠤ ᠤᠯᠤᠰ᠎ᠤᠨ ᠭᠠᠳᠠᠭᠠᠳᠤ᠎ᠶ᠋ᠢᠨ ᠲᠠᠯ᠎ᠠ ᠨᠤᠳᠤᠭ᠎ᠤᠨ ᠰᠤᠶᠤᠯ᠎ᠤᠨ ᠬᠦᠭ᠌ᠵᠢᠯᠳᠡ ᠪᠠ ᠤᠯᠤᠰ᠎ᠤᠨ ᠲᠤᠳᠤᠭᠠᠳᠤ᠎ᠶ᠋ᠢᠨ ᠲᠠᠯ᠎ᠠ ᠨᠤᠳᠤᠭ᠎ᠤᠨ ᠰᠤᠶᠤᠯ᠎ᠤᠨ ᠲᠤᠬᠠᠢ ᠰᠤᠳᠤᠯᠭᠠᠨ ᠬᠢᠬᠡᠳ ᠬᠦᠭ᠌ᠵᠢᠯᠳᠡ᠎ᠶ᠋ᠢ ᠲᠦᠭᠦᠮ ᠦᠭᠦᠯᠡᠵᠠᠢ᠃ ᠠᠭᠤᠯᠭ᠎ᠠ᠎ᠶ᠋ᠢᠨ ᠬᠤᠪᠢ᠎ᠳᠤ ᠤᠳᠤᠬᠢᠴᠢᠯᠠᠭ᠍ᠰᠠᠨ ᠪᠦᠳᠦᠭᠡᠨ ᠪᠠᠢᠭᠤᠯᠤᠯᠳᠠ᠎ᠳᠤ ᠲᠦᠱᠢᠭ᠌ᠯᠡᠨ ᠲᠠᠯ᠎ᠠ ᠨᠤᠳᠤᠭ᠎ᠤᠨ ᠰᠤᠶᠤᠯ᠎ᠳᠠᠬᠢ ᠠᠮᠢ ᠠᠬᠤᠢ᠎ᠶ᠋ᠢᠨ ᠪᠤᠯᠪᠠᠰᠤᠨ ᠪᠠ ᠬᠦᠮᠦᠨᠴᠢ ᠵᠤᠷᠢᠭ ᠰᠠᠨᠠᠭ᠎ᠠ᠎ᠶ᠋ᠢ ᠲᠡᠭᠡᠳᠤᠯᠡᠵᠤ ᠠᠭᠤᠵᠢᠮ ᠪᠠᠭ᠍ᠳᠠᠭᠠᠮᠵᠢᠳᠠᠢ᠂ ᠲᠡᠰᠪᠦᠷᠢ ᠬᠠᠳᠠᠭᠤᠵᠢᠯᠳᠠᠢ᠂ ᠦᠨᠡᠨᠴᠢ ᠢᠳᠡᠭᠡᠮᠵᠢᠳᠡᠢ ᠪᠠᠢᠬᠤ ᠤᠯᠠᠮᠵᠢᠯᠠᠯ᠎ᠢᠶᠠᠨ ᠪᠠᠳᠠᠷᠠᠭᠤᠯᠵᠤ᠂ ᠤᠳᠤ ᠦᠶ᠎ᠡ᠎ᠶ᠋ᠢᠨ ᠨᠡᠢᠭᠡᠮ᠎ᠤᠨ ᠭᠦᠭ᠌ᠵᠢᠯᠳᠡ ᠪᠠ ᠠᠵᠤ ᠠᠬᠤᠢ᠎ᠶ᠋ᠢᠨ ᠪᠠᠢᠳᠠᠯ᠎ᠳᠤ ᠲᠤᠬᠢᠷᠠᠭᠤᠯᠵᠤ ᠱᠢᠨ᠎ᠡ᠎ᠶ᠋ᠢ ᠡᠭᠦᠳᠬᠦ᠌᠎ᠶ᠋ᠢ ᠤᠷᠢᠶᠠᠯᠠᠵᠠᠢ᠃

ᠭᠤᠷᠪᠠ᠂ 《ᠨᠡᠭᠦᠳᠡᠯ ᠮᠠᠯᠵᠢᠯ᠎ᠤᠨ ᠤᠯᠠᠷᠢᠯ 

ᠬᠤᠪᠢᠰᠤᠯ》  ᠨᠤᠮ᠎ᠬᠡᠪᠯᠡᠭᠳᠡᠭᠰᠡᠨ ᠠᠴᠢ ᠬᠤᠯᠪᠤᠭ᠍ᠳᠠᠯ

《ᠨᠡᠭᠦᠳᠡᠯ ᠮᠠᠯᠵᠢᠯ᠎ᠤᠨ ᠤᠯᠡᠷᠢᠯ ᠬᠤᠪᠢᠰᠤᠯ》 ᠨᠤᠮ ᠪᠤᠯ ᠲᠠᠯ᠎ᠠ ᠨᠤᠳᠤᠭ᠎ᠤᠨ ᠪᠤᠯᠪᠠᠰᠤᠨ ᠪᠠ  ᠨᠡᠭᠦᠳᠡᠯ ᠮᠠᠯᠵᠢᠯ᠎ᠤᠨ ᠤᠯᠠᠷᠢᠯ ᠬᠤᠪᠢᠰᠤᠯ᠎ᠤᠨ ᠲᠤᠬᠠᠢ ᠵᠤᠬᠢᠬᠤ ᠨᠦᠯᠦᠭᠡ ᠪᠦᠬᠦᠢ ᠰᠤᠳᠤᠯᠭᠠᠨ᠎ᠤ ᠪᠦᠳᠦᠭᠡᠯ ᠶᠤᠮ᠃ ᠲᠤᠰ ᠨᠤᠮ᠎ᠤᠨ ᠠᠴᠢ ᠬᠤᠯᠪᠤᠭ᠍ᠳᠠᠯ᠎ᠢ ᠲᠤᠤᠷᠡᠬᠢ ᠬᠡᠳᠤᠨ ᠲᠠᠯ᠎ᠠ᠎ᠪᠠᠷ ᠬᠤᠷᠢᠶᠠᠩᠭᠤᠢᠯᠡᠵᠤ ᠪᠤᠯᠤᠨ᠎ᠠ᠃

(ᠨᠢᠭᠡ) ᠲᠤᠰ ᠨᠤᠮ᠎ᠤᠨ ᠪᠢᠴᠢᠯᠭᠡ᠎ᠶ᠋ᠢᠨ ᠠᠷᠭ᠎ᠠ᠎ᠶ᠋ᠢᠨ ᠬᠤᠪᠢ᠎ᠳᠤ ᠤᠨᠤᠯ ᠴᠦᠭᠡᠨ ᠪᠢᠴᠢᠵᠤ᠂ ᠪᠤᠳᠠᠳᠠᠢ ᠤᠢᠯᠡᠳᠤᠯᠭᠡ᠎ᠶ᠋ᠢ ᠲᠤᠰᠭᠠᠬᠤ᠎ᠳᠤ ᠬᠦᠴᠤ᠌ ᠲᠠᠯᠪᠢᠵᠠᠢ᠃ ᠡᠨᠡ ᠬᠦ᠌ ᠪᠢᠴᠢᠯᠭᠡ᠎ᠶ᠋ᠢᠨ ᠠᠷᠭ᠎ᠠ᠎ᠶ᠋ᠢ ᠬᠡᠷᠡᠭ᠌ᠯᠡᠭ᠌ᠰᠡᠨ᠎ᠨᠢ ᠨᠢᠭᠡ ᠲᠠᠯ᠎ᠠ᠎ᠪᠠᠷ ᠲᠤᠰ ᠨᠤᠮ᠎ᠢ ᠤᠩᠱᠢᠪᠦᠷᠢᠳᠡᠢ ᠮᠦᠷᠳᠡᠭᠡᠨ ᠠᠮᠠᠷᠬᠠᠨ ᠤᠢᠯᠠᠭᠠᠬᠤ ᠱᠢᠨᠵᠢ᠎ᠲᠠᠢ ᠪᠤᠯᠭᠠᠵᠤ᠂ ᠨᠦᠭᠦᠭᠡ ᠲᠠᠯ᠎ᠠ᠎ᠪᠠᠷ ᠠᠳᠠᠯᠢ ᠪᠤᠰᠤ᠎ᠶ᠋ᠢᠨ ᠰᠤᠶᠤᠯ᠎ᠤᠨ ᠬᠦᠷᠢᠶᠡᠨ᠎ᠤ ᠤᠩᠱᠢᠭ᠍ᠴᠢᠳ᠎ᠤᠨ ᠦᠨᠳᠤᠰᠤᠨ ᠱᠠᠭᠠᠷᠳᠠᠯᠭ᠎ᠠ᠎ᠶ᠋ᠢ ᠬᠠᠩᠭᠠᠵᠤ ᠴᠢᠳᠠᠵᠠᠢ᠃ ᠡᠢᠮᠤ ᠪᠤᠯᠬᠤᠷ ᠲᠤᠰ ᠨᠤᠮ᠎ᠤᠨ ᠤᠩᠱᠢᠭ᠍ᠴᠢ᠎ᠶ᠋ᠢᠨ ᠬᠦᠷᠢᠶ᠎ᠡ ᠬᠡᠪᠴᠢᠶ᠎ᠡ ᠦᠷᠭᠡᠨ᠂ ᠪᠤᠳᠠᠳᠠᠢ ᠬᠡᠷᠡᠭ᠌ᠯᠡᠭᠡᠨ᠎ᠤ ᠦᠷ᠎ᠡ ᠠᠱᠢᠭ ᠦᠨᠳᠦᠷ ᠶᠤᠮ᠃

(ᠬᠤᠶᠡᠷ) ᠲᠤᠰ ᠨᠤᠮ᠎ᠤᠨ ᠠᠭᠤᠯᠭ᠎ᠠ᠎ᠶ᠋ᠢᠨ ᠬᠤᠪᠢ᠎ᠳᠤ ᠭᠤᠤᠯᠳᠠᠭᠤ ᠲᠡᠤᠬᠡᠨ ᠲᠠᠯ᠎ᠠ᠎ᠠᠴᠠ ᠨᠡᠭᠦᠳᠡᠯ ᠮᠠᠯᠵᠢᠯ᠎ᠤᠨ ᠬᠦᠭ᠌ᠵᠢᠯᠳᠡ᠎ᠶ᠋ᠢ ᠲᠤᠪᠤᠢᠯᠭᠠᠵᠤ᠂ ᠨᠡᠢᠭᠡᠮ᠎ᠤᠨ ᠬᠦᠭ᠌ᠵᠢᠯᠳᠡ᠎ᠶ᠋ᠢᠨ ᠲᠤᠮᠳᠠᠬᠢ ᠨᠡᠭᠦᠳᠡᠯ ᠮᠠᠯᠵᠢᠯ᠎ᠳᠤ ᠤᠷᠤᠱᠢᠵᠤ ᠪᠠᠢᠭ᠎ᠠ ᠠᠰᠠᠭᠤᠳᠠᠯ᠎ᠢ ᠲᠤᠷᠠᠳᠤᠨ᠂ ᠲᠠᠯ᠎ᠠ ᠨᠤᠳᠤᠭ᠎ᠤᠨ ᠪᠤᠳᠠᠳᠠᠢ ᠪᠠᠢᠳᠠᠯ᠎ᠢ ᠵᠠᠳᠠᠯᠤᠨ ᠱᠢᠨᠵᠢᠯᠡᠵᠤ᠂ ᠤᠯᠠᠮᠵᠢᠯᠠᠯ᠎ᠢᠶᠠᠨ ᠪᠠᠳᠠᠷᠠᠭᠤᠯᠤᠨ᠂ ᠵᠦᠢ ᠵᠤᠬᠢᠰᠳᠠᠢ ᠱᠢᠨᠠᠴᠢᠯᠡᠯ᠎ᠢᠶᠠᠷ ᠠᠰᠠᠭᠤᠳᠠᠯ᠎ᠢ ᠱᠢᠢᠳᠪᠦᠷᠢᠯᠡᠵᠤ᠂ ᠦᠪᠡᠷ᠎ᠤᠨ ᠪᠤᠳᠠᠳᠠᠢ ᠪᠠᠢᠳᠠᠯ᠎ᠳᠠᠭᠠᠨ ᠲᠤᠬᠢᠷᠠᠭ᠍ᠰᠠᠨ ᠦᠨᠳᠦᠷ ᠦᠷ᠎ᠡ ᠠᠱᠢᠭ᠎ᠲᠠᠢ ᠬᠦᠭ᠌ᠵᠢᠯᠳᠡ᠎ᠶ᠋ᠢᠨ ᠵᠠᠮ᠎ᠢ ᠡᠷᠢᠯᠬᠢᠯᠡᠬᠦ᠌᠎ᠶ᠋ᠢ ᠤᠷᠢᠶᠠᠯᠠᠭ᠍ᠰᠠᠨ᠎ᠨᠢ ᠤᠳᠤ ᠦᠶ᠎ᠡ᠎ᠶ᠋ᠢᠨ ᠮᠠᠯ ᠠᠵᠤ ᠠᠬᠤᠢ ᠵᠢᠴᠢ ᠮᠠᠯᠵᠢᠬᠤ ᠤᠷᠤᠨ᠎ᠳᠤ ᠵᠢᠩᠬᠢᠨᠢ ᠬᠡᠷᠡᠭ᠌ᠰᠡᠬᠦ᠌ ᠴᠢᠬᠤᠯᠠ ᠴᠢᠭ᠌ᠯᠡᠯ ᠶᠤᠮ᠃ ᠤᠳᠤᠬᠠᠨ᠎ᠤ ᠮᠠᠯ ᠠᠵᠤ ᠠᠬᠤᠢ᠎ᠶ᠋ᠢᠨ ᠬᠦᠭ᠌ᠵᠢᠯᠳᠡ ᠪᠤᠯ ᠤᠯᠠᠮᠵᠢᠯᠠᠯ ᠪᠠ ᠱᠢᠨᠠᠴᠢᠯᠡᠯ᠎ᠤᠨ ᠱᠢᠯᠵᠢᠯᠳᠠ᠎ᠶ᠋ᠢᠨ ᠦᠶ᠎ᠡ᠎ᠳᠤ ᠪᠠᠢᠨ᠎ᠠ᠃ ᠡᠨᠡ ᠬᠦ᠌ ᠪᠠᠢᠳᠠᠯ᠎ᠤᠨ ᠲᠤᠤᠷ᠎ᠡ ᠤᠯᠠᠮᠵᠢᠯᠠᠯ᠎ᠢᠶᠠᠨ ᠪᠠᠳᠠᠷᠠᠭᠤᠯᠵᠤ ᠪᠠᠢᠭ᠎ᠠ᠎ᠨᠢ ᠢᠷᠡᠭᠡᠳᠤᠢ᠎ᠶ᠋ᠢᠨ ᠬᠦᠭ᠌ᠵᠢᠯᠳᠡ᠎ᠳᠡᠭᠡᠨ ᠰᠠᠭᠤᠷᠢ ᠲᠠᠯᠪᠢᠵᠤ᠂ ᠱᠢᠨᠠᠴᠢᠯᠠᠵᠤ ᠪᠠᠢᠭ᠎ᠠ᠎ᠨᠢ ᠨᠡᠢᠭᠡᠮ᠎ᠤᠨ ᠬᠦᠭ᠌ᠵᠢᠯᠳᠡ᠎ᠳᠤ ᠵᠤᠬᠢᠴᠠᠨ ᠦᠪᠡᠷ᠎ᠤᠨ ᠭᠡᠰᠡᠨ  ᠬᠦᠭ᠌ᠵᠢᠯᠳᠡ᠎ᠶ᠋ᠢᠨ ᠵᠠᠮ᠎ᠢᠶᠠᠨ ᠤᠯᠵᠤ᠂ ᠢᠷᠡᠭᠡᠳᠤᠢ᠎ᠳᠤ ᠵᠠᠮ ᠲᠡᠪᠢᠰᠴᠤ᠌ ᠪᠠᠢᠨ᠎ᠠ᠃ ᠲᠤᠰ ᠨᠤᠮ᠎ᠨᠢ ᠨᠡᠬᠦᠳᠡᠯ ᠮᠠᠯᠵᠢᠯ᠎ᠤᠨ ᠡᠷᠳᠡᠨ ᠡᠳᠤᠭᠡ᠂ ᠤᠷᠤᠨ ᠨᠤᠳᠤᠭ᠎ᠤᠨ ᠮᠡᠳᠡᠯᠭᠡ᠂ ᠲᠡᠯᠡᠬᠡᠢ᠎ᠶ᠋ᠢᠨ ᠤᠯᠤᠰ ᠤᠷᠤᠨ᠎ᠤ ᠲᠤᠷᠱᠢᠯᠭ᠎ᠠ᠂ ᠲᠦᠷᠤ᠎ᠶ᠋ᠢᠨ ᠪᠤᠳᠤᠯᠭ᠎ᠠ᠎ᠶ᠋ᠢᠨ ᠲᠤᠬᠢᠷᠠᠭᠤᠯᠤᠯᠳᠠ ᠵᠡᠷᠭᠡ᠎ᠶ᠋ᠢ ᠲᠠᠨᠢᠯᠴᠠᠭᠤᠯᠬᠤ᠎ᠶ᠋ᠢᠨ ᠲᠠᠭᠠᠤ ᠲᠠᠯ᠎ᠠ ᠨᠤᠳᠤᠭ᠎ᠤᠨ ᠠᠮᠢ ᠠᠬᠤᠢ᠎ᠶ᠋ᠢᠨ ᠪᠦᠳᠦᠭᠡᠨ ᠪᠠᠢᠭᠤᠯᠤᠯᠳᠠ᠂ ᠠᠷᠠᠳ᠎ᠤᠨ ᠠᠮᠢᠳᠤᠷᠠᠯ᠎ᠤᠨ ᠬᠢᠷᠢ ᠲᠦᠪᠱᠢᠨ᠂ ᠮᠠᠯ᠎ᠤᠨ ᠠᠱᠢᠭ ᠱᠢᠮ᠎ᠡ᠎ᠶ᠋ᠢᠨ ᠬᠠᠩᠭᠠᠯᠭ᠎ᠠ ᠭᠡᠷᠡᠭ᠌ᠴᠡᠭᠡ᠂ ᠠᠵᠤ ᠠᠬᠤᠢ᠎ᠶ᠋ᠢᠨ ᠬᠤᠪᠢᠷᠠᠯᠲᠠ ᠵᠡᠷᠭᠡ ᠪᠤᠳᠠᠳᠤ ᠪᠠᠢᠳᠠᠯ᠎ᠳᠤ ᠰᠠᠭᠤᠷᠢᠯᠠᠭ᠍ᠰᠠᠨ ᠰᠤᠳᠤᠯᠭᠠᠨ᠎ᠤ ᠪᠦᠳᠦᠭᠡᠯ ᠪᠤᠯᠬᠤᠷ ᠮᠡᠷᠭᠡᠵᠢᠯ᠎ᠤᠨ ᠬᠦᠮᠦᠰ ᠪᠠ ᠮᠠᠯᠴᠢᠨ ᠲᠦᠮᠡᠨ᠎ᠤ ᠬᠡᠷᠡᠭ᠌ᠴᠡᠭᠡ ᠱᠠᠭᠠᠷᠳᠠᠯᠭ᠎ᠠ᠎ᠶ᠋ᠢ  ᠵᠤᠬᠢᠬᠤ ᠬᠡᠮᠵᠢᠶᠡᠨ᠎ᠳᠤ ᠬᠠᠩᠭᠠᠵᠤ ᠴᠢᠳᠠᠨ᠎ᠠ᠃

(ᠭᠤᠷᠪᠠ) ᠲᠤᠰ ᠨᠤᠮ᠎ᠤᠨ ᠬᠡᠪᠯᠡᠯ᠎ᠤᠨ ᠬᠤᠪᠢ᠎ᠳᠤ ᠬᠢᠳᠡᠳ ᠬᠡᠪᠯᠡᠯ ᠪᠤᠯ ᠪᠦᠬᠦ᠌ ᠤᠯᠤᠰ᠎ᠤᠨ ᠬᠡᠪᠴᠢᠶᠡᠨ᠎ᠤ ᠦᠷᠭᠡᠨ ᠤᠯᠠᠨ ᠤᠩᠱᠢᠭ᠍ᠴᠢ᠎ᠶ᠋ᠢᠨ ᠬᠠᠷᠠᠭᠠᠨ᠎ᠳᠤ ᠲᠡᠯᠭᠡᠭ᠌ᠳᠡᠵᠤ᠂ ᠨᠡᠭᠦᠳᠡᠯ ᠮᠠᠯᠵᠢᠯ᠎ᠤᠨ ᠰᠤᠳᠤᠯᠭ᠎ᠠ ᠬᠢᠵᠤ ᠪᠠᠢᠭ᠎ᠠ ᠡᠷᠳᠡᠮᠳᠡᠨ ᠮᠡᠷᠭᠡᠳ ᠪᠠ ᠮᠠᠯ ᠠᠵᠤ ᠠᠬᠤᠢ ᠡᠷᠬᠢᠯᠠᠵᠤ ᠪᠠᠢᠭ᠎ᠠ ᠮᠠᠯᠴᠢᠳ᠎ᠤᠨ ᠤᠶᠤᠨ᠎ᠤ ᠬᠦᠷᠳᠡᠭᠡᠯ ᠪᠤᠯᠵᠤ ᠪᠠᠢᠨ᠎ᠠ᠃ ᠮᠤᠩᠭᠤᠯ ᠬᠡᠪᠯᠡᠯ᠎ᠤᠨ ᠬᠡᠪᠯᠡᠭ᠌ᠳᠡᠨ ᠲᠠᠷᠬᠠᠭᠠᠭ᠍ᠳᠠᠠᠨᠰᠠᠨ᠎ᠨᠢ ᠦᠷᠭᠡᠨ ᠤᠯᠠᠨ ᠬᠡᠷᠡᠭ᠌ᠯᠡᠭ᠌ᠴᠢᠳ᠎ᠲᠤ ᠴᠢᠬᠤᠯᠠ ᠨᠦᠯᠦᠭᠡ ᠭᠠᠷᠭᠠᠬᠤ ᠶᠤᠮ᠃ ᠲᠤᠳᠤᠷᠬᠠᠢᠯᠠᠪᠠᠯ ᠨᠢᠭᠡ᠎ᠳᠤ ᠮᠠᠨ᠎ᠤ ᠤᠯᠤᠰ᠎ᠤᠨ ᠭᠤᠤᠯ ᠪᠤᠯᠬᠤ ᠮᠠᠯ ᠠᠵᠤ ᠠᠬᠤᠢ ᠪᠤᠯ ᠦᠪᠦᠷ ᠮᠤᠩᠭᠤᠯ ᠤᠷᠤᠨ᠎ᠳᠤ ᠲᠦᠪᠯᠡᠷᠡᠵᠤ ᠪᠠᠢᠨ᠎ᠠ᠃ ᠬᠤᠶᠡᠷ᠎ᠲᠤ ᠲᠤᠰ ᠨᠤᠮ᠎ᠤᠨ ᠠᠭᠤᠯᠭ᠎ᠠ᠎ᠶ᠋ᠢᠨ ᠬᠤᠪᠢ᠎ᠳᠤ ᠦᠪᠦᠷ ᠮᠤᠩᠭᠤᠯ ᠤᠷᠤᠨ᠎ᠤ ᠮᠠᠯ ᠠᠵᠤ ᠠᠬᠤᠢ᠎ᠶ᠋ᠢ ᠭᠤᠤᠯᠳᠠᠯᠭ᠎ᠠ ᠪᠤᠯᠭᠠᠨ  ᠦᠭᠦᠯᠡᠵᠠᠢ᠃ ᠭᠤᠷᠪᠠ᠎ᠳᠤ ᠮᠤᠩᠭᠤᠯ ᠬᠡᠪᠯᠡᠯ᠎ᠤᠨ ᠬᠡᠪᠯᠡᠨ ᠲᠠᠷᠬᠠᠭᠠᠭ᠍ᠳᠠᠭ᠍ᠰᠠᠨ᠎ᠨᠢ ᠲᠤᠰ ᠨᠤᠮ᠎ᠤᠨ ᠦᠨ᠎ᠡ ᠦᠷᠳᠡᠭ᠎ᠢ ᠨᠡᠩ ᠰᠠᠢᠨ ᠪᠠᠳᠠᠷᠠᠭᠤᠯᠵᠤ ᠴᠢᠳᠠᠨ᠎ᠠ᠃

(ᠲᠦᠷᠪᠡ) ᠲᠤᠰ ᠨᠤᠮ᠎ᠳᠤ ᠵᠤᠬᠢᠶᠠᠭ᠍ᠴᠢ᠎ᠠᠴᠠ 《ᠲᠠᠯ᠎ᠠ ᠨᠤᠳᠤᠭ᠎ᠤᠨ ᠨᠡᠭᠦᠳᠡᠯ ᠰᠤᠶᠤᠯ ᠪᠤᠯ ᠬᠠᠳᠤᠨ ᠭᠤᠤᠯ ᠬᠦᠭᠡ ᠮᠦᠷᠡᠨ᠎ᠤ ᠲᠠᠷᠢᠶᠠᠯᠠᠬᠤ ᠰᠤᠶᠤᠯ᠎ᠲᠠᠢ ᠠᠳᠠᠯᠢ ᠲᠤᠮᠳᠠᠳᠤ᠎ᠶ᠋ᠢᠨ ᠪᠤᠯᠪᠠᠰᠤᠨ᠎ᠤ ᠴᠢᠬᠤᠯᠠ ᠡᠬᠢ ᠡᠬᠦᠰᠪᠦᠷᠢ ᠪᠠ ᠴᠢᠬᠤᠯᠠ ᠪᠦᠷᠢᠯᠳᠤᠭᠦᠨ ᠬᠡᠰᠡᠭ ᠪᠤᠯᠤᠨ᠎ᠠ》 ᠭᠡᠵᠤ ᠪᠢᠴᠢᠭ᠌ᠰᠡᠨ ᠪᠠᠢᠳᠠᠭ᠃ ᠡᠨᠡ᠎ᠨᠢ ᠵᠤᠬᠢᠶᠠᠭ᠍ᠴᠢ᠎ᠠᠴᠠ ᠲᠠᠯ᠎ᠠ ᠨᠤᠳᠤᠭ᠎ᠤᠨ ᠪᠤᠯᠪᠠᠰᠤᠨ ᠪᠠ ᠨᠡᠭᠦᠳᠡᠯ ᠰᠤᠶᠤᠯ᠎ᠤᠨ ᠤᠢᠯᠡᠳᠤᠯ ᠴᠢᠳᠡᠪᠬᠢ ᠪᠠ ᠨᠦᠯᠦᠭᠡ᠎ᠶ᠋ᠢ ᠲᠤᠩ ᠴᠢᠬᠤᠯᠠᠴᠢᠯᠠᠨ ᠦᠵᠡᠵᠤ ᠪᠠᠢᠭ᠎ᠠ ᠭᠡᠳᠡᠭ᠎ᠢ ᠤᠢᠯᠠᠭᠠᠵᠤ ᠪᠤᠯᠤᠨ᠎ᠠ᠃ ᠡᠢᠮᠤ ᠪᠤᠯᠬᠤᠷ ᠲᠤᠰ ᠨᠤᠮ ᠵᠠᠯᠠᠭᠤ ᠨᠢᠭᠡ ᠦᠶ᠎ᠡ᠎ᠶ᠋ᠢᠨ᠎ᠬᠢᠨ᠎ᠳᠤ ᠤᠯᠠᠮᠵᠢᠯᠠᠯᠳᠤ ᠰᠤᠶᠤᠯ᠎ᠤᠨ ᠴᠢᠬᠤᠯᠠ ᠴᠢᠨᠡᠷ᠎ᠢ ᠤᠢᠯᠠᠭᠠᠭᠤᠯᠵᠤ᠂ ᠲᠡᠭᠦᠨ᠎ᠢᠶᠠᠨ ᠤᠯᠠᠮᠵᠢᠯᠠᠨ ᠪᠠᠳᠠᠷᠠᠭᠤᠯᠬᠤ᠎ᠳᠤ ᠰᠡᠩᠭᠡᠷᠡᠬᠦᠯᠦᠯ ᠪᠤᠯᠬᠤ ᠶᠤᠮ᠃ ᠡᠬᠦᠨ᠎ᠠᠴᠠ ᠭᠠᠳᠠᠨ᠎ᠠ ᠮᠠᠯᠵᠢᠬᠤ ᠤᠷᠤᠨ᠎ᠤ ᠠᠵᠢᠯ᠎ᠳᠤ ᠭᠠᠪᠱᠢᠭᠠᠢᠯᠠᠵᠤ ᠪᠠᠢᠭ᠎ᠠ ᠦᠨᠳᠦᠰᠦᠨ ᠱᠠᠳᠤᠨ᠎ᠤ ᠠᠵᠢᠯᠳᠠᠨ᠎ᠳᠤ ᠨᠡᠭᠦᠳᠡᠯ ᠮᠠᠯᠵᠢᠯ᠎ᠤᠨ ᠰᠤᠶᠤᠯ ᠪᠠ ᠤᠢᠯᠡᠳᠪᠦᠷᠢᠯᠡᠯ᠎ᠤᠨ ᠬᠦᠭ᠌ᠵᠢᠯᠳᠡ ᠬᠤᠪᠢᠷᠠᠯᠳᠠ᠎ᠶ᠋ᠢ ᠨᠡᠩ ᠰᠠᠢᠨ ᠤᠢᠯᠠᠭᠠᠭᠤᠯᠵᠤ᠂ ᠤᠳᠤᠬᠢᠴᠢᠯᠠᠭ᠍ᠰᠠᠨ ᠮᠠᠯ ᠠᠵᠤ ᠠᠬᠤᠢ᠎ᠶ᠋ᠢᠨ ᠤᠢᠯᠡᠰ᠎ᠢ ᠬᠦᠭ᠌ᠵᠢᠬᠦᠯᠬᠦ᠌᠎ᠳᠤ ᠵᠢᠯᠤᠭᠤᠳᠭᠤ ᠤᠢᠯᠡᠳᠤᠯ᠎ᠲᠠᠢ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号