ᠱᠢᠷᠭ᠎ᠠ ᠴᠠᠭᠠᠨ ᠨᠠᠷᠠ
ᠱᠢᠷᠡᠭᠡᠳᠤᠨ ᠲᠡᠭᠡᠬᠦᠷ ᠠᠮᠢᠰᠭᠤᠯᠯᠠᠨ ᠴᠠᠩᠭᠠᠬᠤ᠎ᠳᠤ
ᠰᠠᠷᠳᠠᠭᠤᠯ᠎ᠤᠨ ᠬᠦᠬᠡ ᠠᠭᠤᠯᠠᠨ᠎ᠳᠤ
ᠱᠠ ᠬᠦᠱᠢᠭᠡ ᠨᠠᠮᠢᠷᠠᠭᠤᠯᠤᠭ᠍ᠰᠠᠨ ᠰᠠᠢᠬᠠᠨ ᠪᠤᠷᠤᠭ᠎ᠠ᠎ᠲᠠᠢ
ᠰᠤᠯᠤᠩᠭᠠᠨ ᠬᠦᠬᠡ ᠲᠤᠭᠤᠷᠤᠤ
ᠰᠠᠨᠰᠠᠷ᠎ᠤᠨ ᠴᠡᠭᠡᠯ᠎ᠢᠶᠠᠷ ᠬᠤᠷ᠎ᠠ ᠲᠠᠭᠤᠳᠠᠬᠤ᠎ᠳᠤ
ᠰᠠᠷᠳᠠᠭᠤᠯ᠎ᠤᠨ ᠬᠦᠬᠡ ᠠᠭᠤᠯᠠᠨ᠎ᠳᠤ
ᠰᠠᠷᠯᠤᠭ ᠬᠠᠷ᠎ᠠ ᠡᠬᠦᠯᠡᠰ ᠨᠡᠲᠦᠢᠭᠰᠡᠨ ᠨᠦᠮᠤᠷᠭᠡᠨ᠎ᠲᠠᠢ
ᠬᠤᠱᠢᠭᠤ ᠬᠤᠷᠭᠤᠢ ᠬᠦᠨᠳᠡᠢ
ᠬᠤᠨᠢᠳ᠎ᠢᠶᠠᠷ ᠰᠤᠪᠤᠳ ᠰᠠᠴᠤᠨ ᠠᠰᠭᠠᠷᠠᠭᠤᠯᠬᠤᠳᠤ
ᠰᠠᠷᠳᠠᠭᠤᠯ᠎ᠤᠨ ᠬᠦᠬᠡ ᠠᠭᠤᠯᠠᠨ᠎ᠳᠤ
ᠰᠠᠴᠤᠭ ᠲᠤᠯᠤᠭᠠᠢ᠎ᠳᠤ ᠦᠪᠤᠭᠡᠯᠵᠢ ᠢᠷᠠᠭᠤ ᠲᠤᠩᠭᠤᠳᠤᠭᠠᠨᠲᠠᠢ
ᠬᠤᠨᠳᠡᠨ ᠱᠢᠷ᠎ᠡ ᠡᠷᠪᠡᠭᠡᠢ
ᠬᠤᠳᠳᠤᠭ᠎ᠤᠨ ᠱᠠᠯᠪᠠᠭ ᠴᠡᠴᠡᠭ᠌ᠯᠡᠬᠦᠯᠤᠨ ᠪᠦᠵᠢᠬᠦ᠌ ᠳᠤ
ᠰᠠᠷᠳᠠᠭᠤᠯ᠎ᠤᠨ ᠬᠦᠬᠡ ᠠᠭᠤᠯᠠᠨ᠎ᠳᠤ
ᠱᠢᠬᠦᠳᠡᠷᠢ ᠬᠤᠨᠳᠠᠭᠠᠯᠠᠭ᠍ᠰᠠᠨ ᠵᠦᠭᠡᠯᠡᠨ ᠮᠡᠯᠳᠡᠭ᠌ᠡᠨᠡᠭᠡᠨᠲᠠᠢ
ᠮᠦᠩᠬᠦᠨ ᠴᠠᠭᠠᠨ ᠰᠠᠷ᠎ᠠ
ᠮᠦᠷᠤᠭᠡᠳᠤᠯ᠎ᠤᠨ ᠬᠤᠢᠮᠤᠷ ᠮᠦᠯᠴᠢᠷᠬᠡᠨ ᠭᠡᠢᠭᠡᠬᠦᠯᠬᠦ᠌ᠳᠤ
ᠰᠠᠷᠳᠠᠭᠤᠯ᠎ᠤᠨ ᠬᠦᠬᠡ ᠠᠭᠤᠯᠠᠨ᠎ᠳᠤ
ᠰᠠᠢᠬᠠᠨ ᠴᠢᠨᠤ ᠮᠢᠨᠢ ᠦᠬᠦᠭᠡᠷᠭᠡᠨ ᠱᠢᠪᠠᠭᠤᠳ ᠨᠤᠢᠷᠰᠤᠭᠠᠨᠲᠠᠢ
ᠮᠠᠷᠠᠯ ᠭᠤᠷᠪᠠᠨ ᠤᠳᠤ
ᠮᠠᠢᠬᠠᠨ᠎ᠤ ᠡᠬᠦᠳᠡ ᠤᠷᠤᠭᠤ ᠰᠤᠪᠤᠷᠡᠨ ᠭᠤᠳᠤᠢᠬᠤᠳᠤ
ᠰᠠᠷᠳᠠᠭᠤᠯ᠎ᠤᠨ ᠬᠦᠬᠡ ᠠᠭᠤᠯᠠᠨ᠎ᠳᠤ
ᠰᠠᠭᠠᠬᠠᠯᠳᠡ᠎ᠶ᠋ᠢᠨ ᠬᠠᠳᠤᠯᠠᠩᠴᠢᠳ ᠪᠤᠬᠠᠯ ᠲᠡᠷᠡᠯᠡᠭ᠌ᠰᠡᠨ ᠲᠤᠭ᠍ᠵᠢᠷᠠᠭᠠᠨᠲᠠᠢ
ᠬᠤᠩᠭᠤᠷ ᠶᠠᠭᠠᠨ ᠦᠤᠷ
ᠬᠠᠪᠢ᠎ᠶ᠋ᠢᠨ ᠲᠤᠯᠤᠭᠠᠳ᠎ᠢᠶᠠᠷ ᠭᠡᠷᠡᠯᠳᠤᠨ ᠮᠠᠨᠳᠤᠬᠤ᠎ᠳᠤ
ᠰᠠᠷᠳᠠᠭᠤᠯ᠎ᠤᠨ ᠬᠦᠬᠡ ᠠᠭᠤᠯᠠᠨ᠎ᠳᠤ
ᠰᠡᠷᠬᠦᠯᠠᠩ ᠱᠢᠪᠠᠭᠤᠳ᠎ᠤᠨ ᠤᠶᠠᠩᠭ᠎ᠠ ᠲᠤᠤᠯᠢᠶᠠᠨ ᠵᠢᠷᠭᠢᠭᠡᠨ᠎ᠲᠠᠢ
ᠬᠤᠯᠠᠨ ᠴᠢᠬᠢᠳᠤ ᠠᠳᠤᠭᠤ
ᠬᠤᠨᠤᠭ᠍ᠰᠠᠨ ᠭᠠᠵᠠᠷ᠎ᠢᠶᠠᠨ ᠡᠪᠱᠢᠶᠡᠨ ᠰᠤᠨᠢᠶᠠᠬᠤ ᠳᠤ
ᠰᠠᠷᠳᠠᠭᠤᠯ᠎ᠤᠨ ᠬᠦᠬᠡ ᠠᠭᠤᠯᠠᠨ᠎ᠳᠤ
ᠰᠠᠢᠬᠠᠨ ᠡᠳᠤᠷ᠎ᠤᠨ ᠴᠢᠯᠡᠭᠡ ᠪᠡᠷᠬᠡᠱᠢᠶᠡᠯ ᠦᠭᠡᠢ ᠠᠭᠤᠵᠢᠷᠠᠭᠠᠨᠲᠠᠢ᠃