ᠨᠠᠷᠠ ᠲᠠᠭᠤᠯᠠᠭᠰᠠᠨ ᠵᠤᠨ ᠢᠷᠡᠯ᠎ᠡ
ᠨᠠᠮᠢᠷᠠᠭ᠎ᠠ ᠪᠤᠷᠤᠭᠠᠨ᠎ᠢᠶᠠᠨ ᠬᠤᠷᠮᠤᠢᠯᠠᠴᠢᠬᠠᠭ᠍ᠰᠠᠨ
ᠨᠠᠭᠠᠳᠤᠨ ᠲᠤᠭ᠍ᠯᠠᠭ᠍ᠰᠠᠭᠠᠷ ᠢᠷᠡᠯ᠎ᠡ
ᠰᠡᠳᠭᠢᠯ᠎ᠤᠨ ᠲᠡᠭ᠌ᠷᠢ᠎ᠳᠤ ᠭᠡᠭᠡ ᠤᠷᠭᠤᠭᠤᠯᠵᠦ᠍
ᠰᠡᠷᠮᠡᠭᠦᠨ ᠪᠠᠢᠭᠠᠯᠢ᠎ᠳᠤ ᠰᠤᠪᠤᠳ᠎ᠤᠨ ᠵᠠᠰᠠᠯ ᠵᠡᠭᠦᠯᠭᠡᠨ
ᠰᠠᠨᠠᠭ᠍ᠰᠠᠨ᠎ᠠᠴᠠ ᠵᠢᠭ᠌ᠳᠡ ᠬᠢᠰᠭᠢᠯᠡᠭ᠌ᠰᠡᠭᠡᠷ ᠢᠷᠡᠯ᠎ᠡ
ᠬᠤᠷ᠎ᠠ ᠠᠰᠭᠠᠷᠠᠭ᠍ᠰᠠᠨ ᠵᠤᠨ ᠢᠷᠡᠯ᠎ᠡ
ᠬᠤᠷᠯᠤ ᠨᠠᠷᠠᠲᠠᠢ ᠵᠤᠭᠤᠭ᠍ᠳᠠᠴᠢᠬᠠᠭ᠍ᠰᠠᠨ
ᠬᠤᠷᠸ᠎ᠠ ᠲᠡᠯᠡᠬᠡᠢ᠎ᠶ᠋ᠢ ᠡᠨᠡᠷᠢᠭ᠌ᠰᠡᠭᠡᠷ ᠢᠷᠡᠯ᠎ᠡ
ᠠᠮᠢ᠎ᠲᠠᠢ ᠪᠦᠬᠦᠨ᠎ᠳᠤ ᠠᠮᠢᠵᠢᠷᠠᠯ ᠬᠡᠯᠬᠢᠵᠦ᠍
ᠡᠮᠡᠭᠡ᠎ᠶ᠋ᠢᠨ ᠲᠤᠭᠠᠯᠠᠳᠠᠭ ᠮᠠᠨᠢ᠎ᠶ᠋ᠢᠨ ᠡᠷᠢᠭᠡ᠎ᠶ᠋ᠢ ᠴᠢᠨᠦᠷᠡᠭᠦᠯᠦᠨ
ᠡᠯᠪᠡᠭ ᠪᠦᠬᠦᠨ᠎ᠢ ᠵᠢᠷᠮᠦᠰᠦᠯᠡᠭ᠌ᠰᠡᠭᠡᠷ ᠢᠷᠡᠯ᠎ᠡ
ᠨᠠᠷᠠ ᠬᠤᠷ᠎ᠠ ᠲᠡᠩᠴᠡᠭ᠌ᠰᠡᠨ ᠵᠤᠨ ᠢᠷᠡᠯ᠎ᠡ
ᠨᠤᠭᠤᠭᠠᠨ ᠠᠮᠢᠰᠭᠤᠯ ᠴᠡᠨᠡᠭ᠌ᠷᠡᠨ ᠲᠡᠯᠭᠡᠷᠡᠨ᠎ᠡ
ᠨᠤᠮ᠎ᠤᠨ ᠬᠡᠦᠭᠡᠳ ᠤᠬᠠᠭᠠᠵᠢᠭᠠᠳ ᠦᠰᠦᠨ᠎ᠡ
ᠨᠤᠶᠠᠨ ᠱᠢᠰᠢ ᠰᠤᠭᠤᠷᠠᠭᠠᠳ ᠪᠤᠰᠤᠨ᠎ᠠ
ᠨᠤᠳᠤᠭ᠎ᠤᠨ ᠬᠦᠷᠦᠰᠦ ᠦᠬᠢᠳ ᠱᠢᠭ ᠭᠠᠩᠭᠠᠯᠠᠨᠠ
ᠨᠤᠭᠤᠨ ᠬᠦᠦ ᠠᠮᠢᠳᠤᠷᠠᠯ ᠬᠡᠯᠬᠢᠭᠡᠳ ᠲᠡᠮᠡᠦᠯᠦᠨ᠎ᠡ
ᠬᠤᠷ᠎ᠠ᠎ᠲᠠᠢ ᠵᠤᠨ᠎ᠤ ᠰᠤᠷᠠᠭ᠎ᠢᠶᠠᠷ
ᠬᠤᠪᠳᠤᠯ ᠲᠡᠪᠳᠦᠭᠡᠳ ᠲᠠᠯᠮᠢᠶᠠᠷᠠᠨᠠ
ᠬᠤᠯᠠ᠎ᠶ᠋ᠢᠨ ᠠᠮᠠᠷᠠᠭ᠎ᠢᠶᠠᠨ ᠲᠤᠷᠠᠰᠤᠭᠠᠳ
ᠬᠡᠯᠡᠬᠦ᠌ ᠦᠭᠡᠢ ᠦᠭᠡ᠎ᠪᠠᠨ ᠤᠩᠱᠢᠴᠢᠬᠠᠨᠠ
ᠬᠠᠭᠠᠯᠭᠠᠨ᠎ᠤ ᠭᠠᠳᠠᠨ᠎ᠠ ᠵᠤᠭ᠍ᠰᠤᠭᠠᠳ
ᠬᠤᠷᠮᠤᠰᠳᠠ᠎ᠳᠤ ᠲᠠᠯᠠᠷᠬᠠᠯ ᠢᠯᠡᠭᠡᠨ᠎ᠡ
ᠤᠷᠭᠤᠬᠤ ᠨᠠᠷᠠᠨ ᠨᠡᠭᠦᠳᠡᠯᠯᠡᠭᠡᠳ
ᠤᠬᠤᠷᠬᠠᠢᠳ᠋ᠠᠭᠠᠨ ᠦᠭ᠌ᠯᠢᠭᠡᠲᠠᠢ ᠢᠷᠡᠨ᠎ᠡ
ᠤᠰᠤᠨ ᠡᠭᠦᠯᠡ ᠲᠦᠯᠬᠢᠯᠡᠭᠡᠳ
ᠤᠢ᠎ᠶ᠋ᠢᠨ ᠮᠦᠴᠢᠷ ᠱᠢᠭ ᠰᠠᠯᠠᠭᠠᠯᠠᠨ᠎ᠠ
ᠨᠠᠷᠠ ᠬᠤᠷ᠎ᠠ ᠵᠤᠭᠤᠭ ᠪᠤᠯᠤᠭᠠᠳ
ᠨᠢᠭᠡ ᠯᠡ ᠡᠶᠡᠪᠡᠷᠭᠦᠦ ᠬᠠᠨᠠᠢᠨᠠ
ᠵᠡᠭᠦᠨ ᠲᠠᠯᠠᠢ᠎ᠶ᠋ᠢᠨ ᠴᠡᠴᠡᠭ᠌ᠯᠢᠭ ᠷᠠᠬᠢᠨᠢ
ᠵᠡᠭᠦᠳᠦ᠍᠎ᠪᠠᠨ ᠮᠦᠷᠳᠡᠭ᠌ᠰᠡᠭᠡᠷ ᠢᠷᠡᠨ᠎ᠡ
ᠵᠡᠷᠭᠡᠯᠭᠡᠨ ᠱᠢᠭ ᠰᠡᠩᠰᠡᠷᠡᠭ᠌ᠰᠡᠨ ᠤᠰᠤᠨ᠎ᠳᠤᠨᠢ
ᠪᠠᠩᠵᠠᠯ᠎ᠢᠶᠠᠨ ᠱᠢᠮᠡᠵᠢᠭᠦᠯᠬᠦ᠌ᠪᠠᠷ ᠢᠷᠡᠨ᠎ᠡ
ᠵᠢᠭᠡᠯᠡᠵᠦ᠍ ᠠᠪᠠᠴᠢᠭᠠᠳ ᠴᠡᠴᠡᠭ᠎ᠢᠶᠠᠨ ᠤᠰᠤᠯᠠᠬᠤ ᠭᠡᠵᠤ
ᠪᠤᠯᠤᠷ ᠮᠦᠬᠦᠯᠢᠭᠢ ᠬᠤᠷᠮᠤᠢ᠎ᠳᠠᠭᠠᠨ ᠪᠠᠭ᠍ᠯᠠᠨᠠ
ᠬᠠᠩᠰᠢ᠎ᠶ᠋ᠢᠨ ᠮᠠᠷᠭᠠᠰᠢ᠎ᠨᠢ ᠪᠤᠰᠭᠤ᠎ᠳᠤ
ᠬᠠᠱᠢᠶᠠᠨ᠎ᠳᠤ ᠴᠢ ᠢᠷᠡᠭᠡᠳ ᠪᠠᠢᠵᠠᠢ
ᠨᠠᠭᠠᠯᠢᠩᠬᠠᠢ ᠬᠤᠷ᠎ᠠ᠎ᠪᠠᠨ ᠲᠠᠭᠠᠭᠤᠯᠴᠢᠬᠠᠭ᠍ᠰᠠᠨ
ᠨᠠᠭᠠᠳᠤᠨ ᠲᠤᠭ᠍ᠯᠠᠨ ᠦᠶᠡᠷᠭᠡᠵᠦ᠍ ᠪᠠᠢᠵᠠᠢ
ᠬᠤᠩᠭᠤᠷ ᠲᠤᠭ᠍ᠳᠤᠯᠤᠯ ᠴᠢᠮ᠎ᠡ᠎ᠠᠴᠠ ᠲᠦᠷᠦᠭᠡᠳ
ᠬᠦᠰᠡᠬᠦᠢ ᠪᠦᠬᠦᠨ᠎ᠢ ᠨᠢᠳᠦ ᠲᠦᠭᠦᠷᠡᠩ ᠬᠦᠶᠦᠯᠳᠦᠬᠦᠯᠵᠡᠢ ᠡ