ᠱᠢᠨ᠎ᠡ ᠳᠤᠮᠳᠠᠳᠤ ᠤᠯᠤᠰ
ᠪᠠᠢᠭᠤᠯᠤᠭ᠍ᠳᠠᠭ᠍ᠰᠠᠨ᠎ᠤ ᠳᠠᠷᠠᠭ᠎ᠠ᠂ ᠫᠸᠩ ᠳ᠋ᠸ ᠬᠤᠸᠠᠢ ᠨᠠᠮ ᠵᠠᠰᠠᠭ ᠴᠡᠷᠢᠭ᠎ᠦᠨ ᠴᠢᠬᠤᠯᠠ ᠲᠤᠱᠢᠶᠠᠯ᠎ᠢ
ᠡᠭᠦᠷᠭᠡᠯᠡᠪᠡ᠃ ᠲᠡᠬᠦᠨ᠎ᠤ ᠠᠵᠢᠯ ᠮᠠᠰᠢ ᠶᠠᠭᠠᠷᠠᠦ᠂ ᠦᠷᠭᠦᠯᠵᠢ ᠭᠠᠳᠠᠭ᠍ᠰᠢ ᠭᠠᠷᠴᠤ᠌ ᠪᠠᠢᠴᠠᠭᠠᠯᠲᠠ
ᠬᠢᠳᠡᠭ᠃ ᠤᠳᠠᠭ᠎ᠠ ᠪᠤᠯᠭᠠᠨ ᠮᠣᠷᠳᠠᠬᠤᠠᠴᠠᠪᠠᠨ ᠡᠮᠦᠨ᠎ᠡ᠂ ᠲᠡᠷᠡ ᠬᠠᠵᠠᠭᠤ᠎ᠶ᠋ᠢᠨ ᠠᠵᠢᠯᠲᠠᠨ᠎ᠳᠠᠭᠠᠨ 《ᠳᠥᠷᠪᠡᠨ ᠪᠣᠯᠬᠤ ᠥᠬᠡᠶ》 ᠭᠡᠵᠦ᠍ ᠬᠡᠯᠡᠳᠡᠭ᠄
ᠨᠢᠭᠡ᠂ ᠭᠦᠷᠦᠭ᠌ᠰᠡᠨ ᠭᠠᠵᠠᠷ ᠪᠣᠯᠭᠠᠨᠳ᠋ᠦ ᠲᠤᠬᠠᠶ᠎ᠶ᠋ᠢᠨ ᠭᠠᠵᠠᠷ᠎ᠵᠢᠡᠷ ᠲᠤᠰᠴᠤ᠌ ᠬᠦᠷᠭᠡᠭᠦᠯᠬᠦ᠌ᠪᠡᠷ
ᠱᠠᠭᠠᠷᠳᠠᠵᠤ ᠪᠣᠯᠬᠤ ᠥᠬᠡᠶ; ᠬᠣᠶᠠᠷ᠂ ᠬᠠᠮᠢᠭ᠎ᠠ ᠬᠣᠭᠣᠯᠠ ᠢᠳᠡᠭᠰᠡᠨ ᠴᠸ᠋ ᠪᠤᠰᠤᠤᠨ ᠵᠢᠡᠷ ᠲᠠᠢᠯᠠᠭᠤᠯᠵᠤ
ᠪᠣᠯᠬᠤ ᠦᠭᠡᠢ; ᠭᠤᠷᠪᠠ᠂ ᠪᠤᠰᠤᠳ᠎ᠢᠶᠠᠷ ᠶᠠᠭᠤᠮ᠎ᠠ ᠠᠪᠤᠭᠤᠯᠵᠤ ᠪᠣᠯᠬᠤ ᠦᠭᠡᠢ᠂ ᠬᠡᠷᠪᠡ ᠬᠦᠷᠭᠡᠵᠦ᠍
ᠢᠷᠡᠪᠡᠯ ᠡᠪᠲᠡᠢᠬᠡᠨ ᠪᠤᠴᠠᠭᠠᠬᠤ ᠬᠡᠷᠡᠭᠲᠠᠢ; ᠳᠥᠷᠪᠡ᠂ ᠲᠣᠭᠣᠷᠢᠨ ᠦᠵᠡᠬᠦ᠌ᠳ᠋ᠦ ᠬᠣᠢᠨ᠎ᠠ ᠡᠮᠦᠨ᠎ᠡ᠎ᠡᠴᠡ
ᠬᠦᠷᠢᠶᠡᠯᠡᠨ ᠳᠠᠭᠠᠵᠤ ᠪᠣᠯᠬᠤ ᠥᠬᠡᠶ᠃
ᠨᠢᠭᠡ ᠤᠳᠠᠭ᠎ᠠ ᠫᠸᠩ ᠳ᠋ᠸ
ᠬᠤᠸᠠᠢ ᠬᠠᠩᠵᠧᠦ᠍ᠳᠦ ᠬᠦᠷᠴᠦ᠍ ᠴᠢᠶᠠᠨ ᠲᠠᠩ ᠵᠢᠶᠠᠩ ᠮᠥᠷᠡᠨ᠎ᠦ ᠬᠣᠢᠲᠤ ᠡᠷᠭᠢ᠎ᠪᠠᠷ ᠬᠠᠢᠨ ᠪᠠᠢᠴᠠᠭᠠᠪᠠ᠂
ᠶᠠᠪᠤᠬᠤ ᠦᠶᠡᠰ ᠵᠠᠷᠢᠮ ᠬᠥᠮᠦᠨ ᠮᠠᠱᠢᠨ ᠲᠡᠷᠭᠡᠨ ᠳᠡᠭᠡᠷ᠎ᠡ ᠨᠢ ᠱᠣᠤᠱᠢᠩᠤᠨ ᠠᠷᠢᠬᠢ᠎ᠶ᠋ᠢ ᠰᠠᠪᠠᠯᠠᠵᠤ
ᠪᠠᠢᠬᠤ᠎ᠶ᠋ᠢ ᠦᠵᠡᠭᠡᠳ᠂ ᠲᠡᠷᠡ ᠳᠠᠷᠤᠶᠳᠤᠨᠢ ᠵᠥᠪᠯᠡᠭ᠌ᠴᠢ᠎ᠡᠴᠡ ᠪᠡᠨ᠄ 《ᠠᠷᠢᠬᠢ ᠬᠠᠮᠢᠭ᠎ᠠ᠎ᠠᠴᠠ ᠢᠷᠡᠭ᠌ᠰᠡᠨ ᠪᠤᠢ?》ᠬᠡᠵᠤ
ᠠᠰᠠᠭᠤᠪᠠ᠂ ᠠᠵᠢᠯᠲᠠᠨ᠄ 《ᠵᠠᠷᠢᠮ᠎ᠢ ᠨᠢ ᠬᠤᠳᠠᠯᠳᠤᠨ ᠠᠪᠤᠭᠰᠠᠨ᠂ ᠬᠦᠮᠦᠨ
ᠬᠦᠷᠭᠡᠭᠰᠡᠨ ᠨᠢ ᠴᠦ᠍ ᠪᠠᠢᠨ᠎ᠠ》 ᠬᠡᠵᠤ ᠬᠠᠷᠢᠭᠤᠯᠪᠠ᠃ ᠫᠸᠩ ᠳ᠋ᠸ ᠬᠤᠸᠠᠢ ᠠᠭᠤᠷᠲᠠᠶᠪᠠᠷ᠄ 《ᠬᠡᠨ ᠬᠦᠷᠭᠡᠭ᠌ᠰᠡᠨ ᠪᠤᠢ?ᠬᠡᠨ᠎ᠳᠦ ᠬᠦᠷᠭᠡᠬᠦ᠌
ᠶᠤᠮ? ᠭᠡᠨ᠎ᠤ ᠭᠠᠷᠭᠠᠭ᠍ᠰᠠᠨ ᠵᠣᠭᠣᠰ ᠪᠣᠢ?》 ᠬᠡᠵᠤ ᠠᠰᠠᠭᠤᠭᠰᠠᠨ ᠳ᠋ᠦ ᠣᠯᠠᠨ᠎ᠢᠶᠠᠷ᠎ᠢᠶᠠᠨ ᠲᠣᠪ ᠳᠤᠭᠤᠶ ᠪᠤᠯᠤᠭᠰᠠᠨ᠎ᠢ ᠦᠵᠡᠭᠡᠳ
ᠲᠡᠷᠡ ᠪᠠᠰᠠ ᠶᠡᠬᠡ ᠳᠠᠭᠤᠨ᠎ᠢᠶᠠᠷ᠄《ᠬᠣᠭᠣᠯᠠᠨ᠎ᠤ ᠵᠠᠷᠤᠳᠠᠯ᠎ᠢ ᠪᠤᠳᠤᠭᠰᠠᠨ
ᠦᠦ ᠥᠬᠡᠶ ᠦᠦ?》 ᠬᠡᠵᠤ ᠲᠠᠬᠢᠨ ᠠᠰᠠᠭᠤᠪᠠ᠃ ᠵᠠᠷᠢᠮ ᠭᠠᠵᠠᠷ᠎ᠤᠨ ᠬᠢᠨ
ᠬᠣᠭᠣᠯᠠᠨ᠎ᠤ ᠵᠠᠷᠤᠳᠠᠯ ᠬᠤᠷᠢᠶᠠᠬᠤ ᠦᠭᠡᠶ ᠪᠠᠢᠬᠤ᠎ᠶ᠋ᠢ ᠮᠡᠳᠡᠭᠡᠳ ᠲᠡᠷᠡ ᠨᠡᠩ ᠴᠤ᠌ ᠶᠡᠬᠡ ᠠᠭᠤᠷᠯᠠᠵᠠᠢ᠃
ᠲᠤᠬᠠᠢ᠎ᠶ᠋ᠢᠨ ᠭᠠᠵᠠᠷ᠎ᠤᠨ ᠤᠳᠤᠷᠢᠳᠤᠯᠭ᠎ᠠ ᠬᠠᠷᠢᠭᠠᠳ ᠬᠤᠭᠤᠯᠠᠨ ᠵᠠᠷᠤᠳᠠᠯ᠎ᠢ ᠯᠠᠪ ᠪᠣᠳᠣᠵᠤ ᠭᠠᠷᠭᠠᠨ᠎ᠠ᠂ ᠠᠪᠴᠤ᠌
ᠶᠠᠪᠤᠭ᠍ᠰᠠᠨ ᠠᠷᠢᠬᠢ᠎ᠵᠢ ᠴᠸ᠋ ᠪᠦᠷ ᠵᠠᠬ᠎ᠠ ᠳᠡᠯᠭᠡᠭᠦᠷ᠎ᠦᠨ ᠦᠨ᠎ᠡ᠎ᠪᠡᠷ ᠪᠣᠳᠣᠵᠤ᠂ ᠠᠪᠴᠤ᠌ ᠶᠠᠪᠤᠵᠤ ᠲᠠᠢᠯᠬᠦ
ᠦᠭᠡᠢ᠎ᠶ᠋ᠢ ᠨᠢ ᠪᠤᠴᠠᠭᠠᠨ᠎ᠠ ᠬᠡᠵᠤ ᠢᠯᠡᠷᠬᠡᠢᠯᠡᠭᠰᠡᠨ ᠳ᠋ᠦ ᠲᠡᠷᠡ ᠰᠠᠶᠢ ᠠᠷᠠᠢ ᠭᠡᠵᠦ᠍ ᠠᠭᠤᠷ᠎ᠢᠶᠠᠨ
ᠳᠠᠷᠤᠪᠠ᠃
1956
ᠣᠨ᠎ᠤ ᠵᠤᠨ᠎ᠤ ᠨᠢᠭᠡᠨ ᠡᠳᠦᠷ᠂ ᠬᠠᠮᠠᠭᠠᠯᠠᠭ᠍ᠴᠢ᠎ᠨᠢ ᠫᠸᠩ ᠳ᠋ᠸ ᠬᠤᠸᠠᠢ ᠳ᠋ᠤ ᠪᠸᠢ᠌ᠬᠠᠢ ᠴᠡᠴᠡᠷᠯᠢᠭ᠎ᠲᠦ ᠲᠤᠭᠤᠷᠢᠬᠤ᠎ᠪᠠᠷ
ᠣᠴᠢᠬᠤ ᠪᠤᠶᠤ ᠪᠠᠰᠠ ᠬᠦ ᠱᠢᠨ ᠲᠢᠩ᠎ᠳᠦ ᠰᠢ ᠦᠵᠡᠬᠦ᠌᠎ᠪᠡᠷ ᠣᠴᠢᠬᠤ ᠰᠠᠨᠠᠭᠤᠯᠭ᠎ᠠ ᠭᠠᠷᠭᠠᠪᠠ᠃ ᠫᠸᠩ ᠳ᠋ᠸ ᠬᠤᠸᠠᠢ
ᠮᠠᠰᠢ ᠪᠠᠶᠠᠷᠯᠠᠵᠤ᠂ ᠲᠡᠨᠳᠡ ᠤᠴᠢᠭᠠᠳ ᠮᠠᠱᠢᠨ ᠲᠡᠷᠭᠡ᠎ᠪᠠᠨ ᠴᠡᠴᠡᠷᠯᠢᠭ᠎ᠡᠴᠡ ᠨᠢᠭᠡ ᠵᠡᠭᠡᠯᠢ ᠠᠯᠤᠰᠯᠠᠨᠬᠤᠯᠠ
ᠵᠣᠭ᠍ᠰᠣᠭᠠᠪᠠ᠃ ᠭᠡᠲᠡᠯ᠎ᠡ ᠡᠭᠦᠳᠡᠨ ᠳᠡᠭᠡᠷ᠎ᠡ ᠨᠢ ᠬᠦᠷᠬᠦ ᠳ᠋ᠦ ᠲᠣᠮᠣ ᠫᠠᠢᠰᠠ ᠳᠡᠭᠡᠷ᠎ᠡ 《ᠠᠮᠠᠷᠠᠨ᠎ᠠ》 ᠭᠡᠵᠦ᠍ ᠪᠢᠴᠢᠵᠦ᠍ ᠪᠠᠢᠭᠰᠠᠨ ᠴᠸ᠋᠂
ᠬᠡᠳᠦᠨ ᠺᠠᠳ᠋ᠷ ᠪᠠ ᠠᠵᠢᠯᠲᠠᠨ ᠲᠡᠨᠳᠡ ᠬᠦᠯᠢᠶᠡᠵᠦ᠍ ᠪᠠᠢᠪᠡ᠃ ᠤᠤᠯ ᠨᠢ ᠬᠠᠮᠠᠭᠠᠯᠠᠭ᠍ᠴᠢ ᠨᠢ ᠬᠣᠯᠪᠣᠭ᠍ᠳᠠᠯ
ᠪᠦᠬᠦᠢ ᠰᠠᠯᠠᠭ᠎ᠠ ᠮᠥᠴᠢᠷ᠎ᠲᠦ ᠮᠡᠳᠡᠭ᠌ᠳᠡᠵᠦ᠍ ᠲᠤᠰᠭᠠᠢᠯᠠᠨ ᠲᠣᠬᠢᠷᠠᠭᠤᠯᠤᠭᠰᠠᠨ ᠨᠢ ᠡᠨᠡ ᠪᠠᠢᠵᠠᠢ᠃ ᠫᠸᠩ
ᠳ᠋ᠸ ᠬᠤᠸᠠᠢ ᠡᠭᠦᠨ᠎ᠢ ᠮᠡᠳᠡᠭᠡᠳ ᠲᠤᠢᠯ᠎ᠢᠶᠠᠷ ᠠᠭᠤᠷᠯᠠᠵᠤ᠄《ᠲᠠ᠎ᠨᠠᠷ
ᠤᠯᠠᠨ ᠲᠦᠮᠡᠨ᠎ᠢ ᠬᠥᠭᠡᠭᠡᠵᠦ᠍ ᠶᠠᠪᠤᠭᠤᠯᠤᠭ᠍ᠰᠠᠨ ᠪᠢᠵᠡ?》 ᠬᠡᠵᠤ ᠠᠰᠠᠭᠤᠭᠰᠠᠨ
ᠳ᠋ᠦ ᠳᠡᠭᠡᠳᠦ ᠱᠠᠲᠤᠨ᠎ᠤ ᠵᠢᠭᠠᠪᠤᠷᠢ᠎ᠪᠠᠷ ᠴᠡᠴᠡᠷᠯᠢᠭ᠎ᠢᠶᠡᠨ ᠬᠠᠭᠠᠵᠤ ᠳᠠᠷᠤᠭ᠎ᠠ᠎ᠵᠢ ᠬᠦᠯᠢᠶᠡᠨ ᠠᠪᠤᠭ᠍ᠰᠠᠨ
ᠭᠡᠵᠦ᠍ ᠠᠵᠢᠯᠲᠠᠨ ᠲᠠᠢᠯᠪᠤᠷᠢᠯᠠᠨ᠎ᠠ᠃ ᠫᠸᠩ ᠳ᠋ᠸ ᠬᠤᠸᠠᠢ᠄《ᠡᠢᠮᠦ᠍
ᠲᠤᠮᠤ ᠴᠡᠴᠡᠷᠯᠢᠭ᠎ᠲᠦ ᠪᠢᠳᠡ ᠢᠷᠡᠪᠡᠯ ᠥᠭᠡᠷ᠎ᠡ ᠬᠥᠮᠦᠨ ᠢᠷᠡᠵᠦ᠍ ᠪᠣᠯᠬᠤ ᠦᠭᠡᠢ ᠤᠤ? ᠡᠢᠮᠦ᠍ ᠶᠣᠰᠣ ᠲᠦᠷᠢᠮ ᠮᠠᠨ᠎ᠤ ᠡᠪ ᠬᠠᠮᠲᠤ ᠨᠠᠮ᠎ᠤᠨ ᠤᠳᠤᠷᠢᠳᠤᠭ᠍ᠰᠠᠨ ᠤᠯᠤᠰ᠎ᠲᠤ
ᠪᠠᠢᠵᠤ ᠤᠬ᠍ᠳᠤ ᠪᠣᠯᠬᠤ ᠦᠭᠡᠢ!》 ᠬᠡᠵᠤ ᠲᠡᠷᠡ ᠴᠡᠴᠡᠷᠯᠢᠭ᠎ᠡᠴᠡ
ᠳᠤᠤᠷ᠎ᠠ ᠨᠢ ᠭᠠᠷᠴᠤ᠌᠂ ᠵᠠᠮ ᠵᠠᠭᠤᠷ᠎ᠠ ᠬᠠᠮᠠᠭᠠᠯᠠᠭ᠍ᠴᠢ᠎ᠳᠠᠭᠠᠨ᠄《ᠪᠢ
ᠬᠣᠢᠱᠢᠳᠠ ᠴᠡᠴᠡᠷᠯᠢᠭ᠎ᠢᠶᠡᠷ ᠲᠣᠭᠣᠷᠢᠬᠤ ᠦᠭᠡᠢ᠂ ᠠᠷᠠᠳ ᠲᠦᠮᠡᠨ᠎ᠦ ᠬᠠᠷᠢᠶᠠᠯ ᠲᠠᠯᠪᠢᠬᠤ ᠵᠢ ᠰᠤᠨᠤᠰᠬᠤ
ᠰᠠᠨᠠᠭ᠎ᠠ ᠦᠭᠡᠢ》 ᠬᠡᠪᠡ᠃
ᠶᠡᠷᠦ ᠵᠢᠨ ᠠᠮᠢᠳᠤᠷᠠᠯ
ᠳᠤᠮᠳᠠ ᠪᠠᠨ ᠫᠸᠩ ᠳ᠋ᠸ ᠬᠤᠸᠠᠢ ᠪᠡᠶ᠎ᠠ ᠳ᠋ᠡᠭᠡᠨ ᠮᠥᠨ ᠮᠠᠰᠢ《ᠬᠠᠷᠠᠮᠴᠢ》 ᠪᠠᠢᠳᠠᠭ᠃ ᠳᠣᠲᠣᠷ ᠴᠠᠮᠴᠠ᠎ᠨᠢ ᠠᠷᠪᠢᠨ ᠨᠥᠬᠥᠭᠡᠰᠦ ᠲᠠᠢ ᠪᠤᠯᠤᠭᠰᠠᠨ ᠴᠸ᠋ ᠪᠠᠰᠠ
ᠬᠠᠶᠠᠵᠤ ᠲᠦᠪᠳᠡᠬᠦ᠌ ᠦᠭᠡᠢ ᠪᠠᠢᠪᠠ᠃ ᠬᠠᠭᠤᠴᠢᠨ ᠮᠠᠶᠢᠭ᠎ᠤᠨ ᠮᠠᠱᠢᠨ ᠲᠡᠷᠭᠡ᠎ᠶ᠋ᠢ ᠨᠢ ᠬᠣᠯᠪᠣᠭ᠍ᠳᠠᠯ
ᠪᠦᠬᠦᠢ ᠰᠠᠯᠠᠭ᠎ᠠ ᠮᠥᠴᠢᠷ᠎ᠡᠴᠡ ᠱᠢᠨ᠎ᠡ᠎ᠪᠡᠷ ᠰᠣᠯᠢᠪᠠ᠂ ᠡᠭᠦᠨ᠎ᠳᠤ ᠲᠡᠷᠡ᠄ 《ᠡᠭᠦᠨ᠎ᠢ
ᠪᠠᠰᠠ ᠬᠡᠷᠡᠭ᠌ᠯᠡᠵᠦ᠍ ᠪᠣᠯᠤᠨ᠎ᠠ᠂ ᠶᠠᠭᠤᠨ ᠳ᠋ᠦ ᠰᠣᠯᠢᠬᠤ ᠪᠤᠢ?》 ᠬᠡᠵᠤ
ᠠᠰᠠᠭᠤᠭᠰᠠᠨ ᠳ᠋ᠦ ᠵᠠᠷᠢᠮ ᠬᠦᠮᠦᠨ ᠴᠣᠩᠬᠣᠨ ᠪᠦᠲᠡᠭᠡᠯᠭᠡ ᠨᠢ ᠬᠠᠭᠤᠴᠢᠷᠠᠵᠠᠢ᠂ ᠬᠠᠮᠠᠭᠠᠯᠠᠭ᠍ᠴᠢ
ᠰᠣᠯᠢᠬᠤ᠎ᠪᠠᠷ ᠳᠤᠷᠠᠳᠴᠠᠢ ᠭᠡᠰᠡᠨ᠎ᠳᠤ ᠲᠡᠷᠡ᠄ 《ᠬᠠᠭᠤᠴᠢᠷᠠᠵᠠᠢ?ᠠᠷᠠᠳ᠎ᠤᠳ ᠡᠢᠮᠦ᠍ ᠪᠥᠰ᠎ᠢᠶᠡᠷ ᠬᠤᠪᠴᠠᠰᠤ ᠬᠢᠪᠡᠯ ᠬᠡᠴᠢᠨᠡᠨ ᠵᠢᠯ ᠡᠮᠦᠰᠬᠦ ᠵᠢ ᠪᠦᠦ
ᠮᠡᠳᠡ!》 ᠬᠡᠵᠤ ᠬᠠᠷᠢᠭᠤᠯᠵᠠᠢ᠃
ᠫᠸᠩ ᠳ᠋ᠸ ᠬᠤᠸᠠᠢ
ᠥᠪᠡᠷ᠎ᠦᠨ ᠪᠡᠶ᠎ᠠ ᠳ᠋ᠡᠭᠡᠨ《ᠬᠠᠷᠠᠮᠴᠢ》
ᠪᠤᠯᠪᠠᠴᠤ ᠤᠯᠤᠰ ᠣᠷᠣᠨ᠂ ᠨᠥᠬᠥᠳ᠎ᠲᠡᠬᠡᠨ ᠬᠠᠷᠢᠨ ᠬᠠᠷᠠᠮ
ᠦᠭᠡᠢ ᠪᠠᠢᠳᠠᠭ᠃ 1954 ᠣᠨ᠎ᠳᠤ
ᠤᠯᠤᠰ ᠪᠠ ᠴᠡᠷᠢᠭ ᠠᠩᠬᠢ᠎ᠶ᠋ᠢᠨ ᠺᠠᠳ᠋ᠷ ᠲᠸ᠋ ᠴᠠᠯᠢᠩ᠎ᠤᠨ ᠲᠦᠷᠢᠮ᠎ᠢ ᠬᠡᠷᠡᠭ᠌ᠵᠢᠭᠦᠯᠵᠦ᠍᠂
ᠬᠠᠩᠭᠠᠯᠭ᠎ᠠ᠎ᠶ᠋ᠢᠨ ᠲᠦᠷᠢᠮ᠎ᠦᠨ ᠬᠠᠷᠠᠭᠠᠯᠵᠠᠯ᠎ᠢ ᠬᠦᠷᠳᠡᠭ᠌ᠰᠡᠭᠡᠷ ᠢᠷᠡᠭ᠌ᠰᠡᠨ ᠺᠠᠳ᠋ᠷ᠎ᠤᠨ ᠦᠷ᠎ᠡ
ᠬᠡᠦᠬᠡᠳ᠎ᠦᠨ ᠰᠤᠷᠤᠯᠭ᠎ᠠ᠎ᠶ᠋ᠢᠨ ᠰᠦᠢᠳᠭᠡᠯ᠎ᠢ ᠭᠡᠷ ᠪᠦᠯᠢ᠎ᠪᠡᠷ ᠡᠭᠦᠷᠭᠡᠯᠡᠭᠦᠯᠬᠦ᠌ ᠪᠣᠯᠪᠠ᠃ ᠫᠸᠩ ᠳ᠋ᠸ
ᠬᠤᠸᠠᠢ ᠵᠢᠨ ᠠᠴᠢ ᠥᠬᠢᠨ ᠪᠣᠯ ᠦᠷᠡᠭ᠌ᠳᠡᠭ᠌ᠰᠡᠨ ᠪᠠᠭᠠᠲᠤᠷ᠎ᠤᠨ ᠦᠷ᠎ᠡ ᠬᠡᠦᠬᠡᠳ ᠮᠥᠨ᠂ ᠰᠤᠷᠤᠯᠭ᠎ᠠ᠎ᠶ᠋ᠢᠨ
ᠰᠦᠢᠳᠭᠡᠯ᠎ᠢ ᠨᠢ ᠤᠯᠤᠰ᠎ᠠᠴᠠ ᠭᠠᠷᠭᠠᠨ᠎ᠠ ᠬᠡᠵᠤ ᠲᠤᠭᠳᠠᠭᠠᠪᠠ᠃ ᠫᠸᠩ ᠳ᠋ᠸ ᠬᠤᠸᠠᠢ ᠬᠠᠷᠢᠨ ᠠᠴᠢ
ᠥᠬᠢᠨ᠎ᠳᠡᠭᠡᠨ᠄《ᠦᠭᠡᠢ᠂ ᠴᠢᠨᠦ᠍ ᠰᠤᠷᠭᠠᠭᠤᠯᠢ᠎ᠳᠤ ᠰᠠᠭᠤᠬᠤ᠎ᠶ᠋ᠢ ᠪᠢ
ᠬᠠᠮᠢᠶᠠᠷᠬᠤ ᠶᠣᠰᠣᠲᠠᠶ》 ᠬᠡᠪᠡ᠃ ᠲᠡᠷᠡ ᠰᠤᠷᠭᠠᠭᠤᠯᠢ᠎ᠳᠤ ᠨᠢ ᠶᠠᠪᠤᠭᠤᠯᠤᠭᠰᠠᠨ ᠵᠠᠬᠢᠳᠠᠯ᠎ᠳᠠᠭᠠᠨ᠄ 《ᠤᠯᠤᠰ᠎ᠠᠴᠠ ᠭᠠᠷᠭᠠᠬᠤ ᠬᠡᠷᠡᠭ ᠦᠭᠡᠢ᠂ ᠪᠢ ᠡᠭᠦᠷᠭᠡᠯᠡᠶ᠎ᠡ》 ᠬᠡᠵᠤ ᠪᠢᠴᠢᠪᠡ᠃ ᠲᠡᠷᠡ ᠪᠠᠰᠠ᠄ 《ᠤᠳᠤ ᠤᠯᠤᠰ
ᠣᠷᠣᠨ ᠪᠠᠰᠠ ᠮᠠᠰᠢ ᠬᠦᠴᠢᠷᠳᠡᠯᠲᠡᠶ ᠪᠠᠢᠭ᠍ᠰᠠᠭᠠᠷ᠂ ᠵᠣᠭᠣᠰ ᠬᠡᠷᠡᠭ᠌ᠯᠡᠬᠦ᠌ ᠭᠠᠵᠠᠷ ᠤᠯᠠᠨ ᠪᠠᠢᠨ᠎ᠠ᠂
ᠪᠢᠳᠡ ᠤᠯᠤᠰ᠎ᠤᠨ ᠳᠠᠷᠤᠭᠠᠰᠤ᠎ᠶ᠋ᠢ ᠵᠢᠭᠠᠬᠠᠨ ᠴᠸ᠋ ᠭᠡᠰᠡᠨ ᠬᠥᠩᠭᠡᠯᠡᠬᠦ᠌ ᠨᠢ ᠴᠦ᠍ ᠵᠦᠢᠲᠡᠢ ᠶᠤᠮ》 ᠬᠡᠪᠡ᠃
ᠲᠡᠭᠦᠨ᠎ᠡᠴᠡ ᠬᠣᠢᠰᠢ᠂ ᠫᠸᠩ ᠳ᠋ᠸ ᠬᠤᠸᠠᠢ ᠥᠪᠡᠷ᠎ᠦᠨ ᠴᠠᠯᠢᠩᠢᠶᠠᠷᠢᠶᠠᠨ ᠠᠴᠢ ᠥᠬᠢᠨ᠎ᠢᠶᠡᠨ
ᠰᠤᠷᠭᠠᠭᠤᠯᠢ᠎ᠳᠤ ᠰᠠᠭᠤᠯᠭᠠᠵᠠᠢ᠃
ᠢᠷᠡᠯᠳᠡ᠄ 《ᠡᠪ ᠬᠠᠮᠳᠤ ᠨᠠᠮ᠎ᠤᠨ ᠬᠡᠰᠢᠭᠦᠨ ᠮᠡᠳᠡᠬᠦ ᠶᠤᠰᠤᠳᠠᠢ ᠨᠠᠮ᠎ᠤᠨ ᠲᠡᠤᠬᠡ ᠵᠢᠨ ᠵᠢᠵᠢᠭ
ᠦᠯᠢᠭᠡᠷ ᠤ᠋ᠤᠨ》