ᠠᠷᠠᠳ ᠲᠦᠮᠡᠨ᠎ᠤ ᠪᠠᠲᠤ ᠲᠦᠱᠢᠭ
ᠠᠭᠤᠤ ᠳᠠᠢᠴᠢᠨ ᠡᠪ ᠬᠠᠮᠲᠤ ᠨᠠᠮ ᠮᠢᠨᠢ
ᠠᠯᠲᠠᠨ ᠳᠡᠯᠡᠬᠡᠢ᠎ᠶ᠋ᠢᠨ ᠭᠡᠭᠡᠨ ᠰᠣᠨᠣᠷ᠎ᠲᠤ
ᠠᠯᠳᠠᠷ᠎ᠨᠢ ᠡᠭᠦᠷᠢᠳᠡ ᠲᠠᠭᠣᠷᠢᠰᠣᠨᠠ
ᠡᠩᠬᠡ ᠲᠠᠢᠪᠤᠩ᠎ᠤᠨ ᠲᠤᠭ᠎ᠢᠶᠠᠨ ᠡᠷᠭᠦᠵᠦ᠍
ᠡᠯ᠎ᠡ ᠦᠨᠳᠦᠰᠦᠲᠡᠨ᠎ᠢ ᠪᠥᠯᠬᠦᠮᠳᠡᠨ ᠳᠠᠭᠠᠭᠤᠯᠵᠤ
ᠬᠦᠴᠢᠷ᠎ᠤᠨ ᠡᠮᠦᠨ᠎ᠡ ᠨᠣᠭᠣᠷᠠᠰᠢ ᠦᠭᠡᠢ
ᠬᠦᠰᠡᠯ ᠢᠲᠡᠭᠡᠯ᠎ᠢᠶᠠᠷ ᠣᠷᠭᠢᠯ᠎ᠳᠤ ᠠᠪᠠᠷᠢᠪᠠ
ᠬᠤᠪᠢᠰᠭᠠᠯᠲᠤ ᠪᠠᠭᠠᠲᠤᠷ᠎ᠤᠨ ᠬᠥᠯᠦᠰᠦ ᠴᠢᠰᠤ᠎ᠪᠠᠷ
ᠬᠤᠪᠢᠷᠠᠵᠤ ᠱᠢᠨᠡᠲᠦᠭ᠌ᠰᠡᠨ ᠥᠨᠥᠳᠦᠷ᠎ᠤᠨ ᠭᠡᠷᠡᠴᠢ
ᠬᠤᠷᠢᠨ ᠨᠢᠭᠡᠳᠦᠭᠡᠷ ᠵᠠᠭᠤᠨ᠎ᠤ ᠳᠣᠷᠤᠨ᠎ᠠ᠎ᠶ᠋ᠢᠨ ᠨᠠᠷᠠ
ᠬᠤᠢᠴᠢ ᠦᠶᠡᠳ᠋ᠡᠭᠡᠨ ᠵᠢᠳᠬᠦᠯ᠎ᠤᠨ ᠵᠠᠮᠴᠢ
ᠡᠪ ᠬᠠᠮᠲᠤ ᠨᠠᠮ᠎ᠤᠨ ᠦᠵᠡᠯ ᠰᠠᠨᠠᠭ᠎ᠠ᠎ᠪᠠᠷ
ᠥᠷᠭᠡᠨ ᠲᠦᠮᠡᠨ᠎ᠤ ᠢᠳᠡᠪᠬᠢᠵᠢᠯ ᠪᠠᠳᠠᠷᠠᠪᠠ
ᠡᠬᠡ ᠳᠤᠮᠳᠠᠳᠤ᠎ᠶᠢᠨ ᠬᠠᠮᠲᠤ᠎ᠶ᠋ᠢᠨ ᠴᠣᠭ᠍ᠴᠠ
ᠥᠷᠯᠦᠭ ᠰᠣᠶᠣᠯ᠎ᠤᠨ ᠠᠯᠳᠠᠷ᠎ᠢ ᠭᠠᠢᠬᠠᠭᠤᠯᠪᠠ
ᠮᠠᠨᠳᠤᠯ ᠬᠥᠭ᠌ᠵᠢᠯ᠎ᠤᠨ ᠥᠷᠭᠡᠨ ᠬᠠᠷᠭᠤᠢ᠎ᠳᠤ
ᠮᠦᠩᠭᠡ ᠵᠢᠳᠭᠦᠬᠦ ᠵᠣᠷᠢᠭ ᠰᠠᠨᠠᠭ᠎ᠠ᠎ᠪᠠᠷ
ᠪᠥᠮᠪᠦᠷᠴᠡᠭ᠎ᠤᠨ ᠠᠭᠤᠳᠠᠮ᠎ᠢᠶᠠᠷ ᠳᠡᠭᠦᠯᠢᠭ᠌ᠰᠡᠨ
ᠪᠥᠯᠬᠦᠮᠳᠡᠯ᠎ᠤᠨ ᠠᠭᠤᠤ ᠳᠠᠢᠴᠢᠨ ᠨᠠᠮ ᠮᠢᠨᠢ
ᠠᠭᠤᠰᠭᠢ ᠵᠢᠷᠦᠬᠡᠨ᠎ᠤ ᠬᠠᠢᠷ᠎ᠠ᠎ᠪᠠᠨ ᠳᠡᠭᠡᠵᠢᠯᠡᠵᠦ᠍
ᠠᠭᠤᠯᠠ ᠤᠰᠤᠨ᠎ᠳᠠᠭᠠᠨ ᠰᠠᠴᠣᠯᠢ ᠡᠷᠭᠦᠶ᠎ᠡ
ᠠᠭᠤᠤ ᠨᠠᠮ᠎ᠢᠶᠠᠨ ᠮᠠᠭ᠍ᠲᠠᠨ ᠳᠠᠭᠤᠯᠠᠵᠤ
ᠠᠶᠠᠯᠭᠤ ᠳᠠᠭᠤᠤ᠎ᠪᠠᠷ᠎ᠢᠶᠠᠨ ᠤᠶᠠᠩᠭ᠎ᠠ ᠪᠠᠷᠢᠶ᠎ᠠ
ᠮᠢᠩᠭ᠎ᠠ ᠮᠢᠩᠭᠠᠨ ᠬᠠᠪᠤᠷ ᠱᠢᠭ᠋
ᠡᠩᠬᠡᠵᠢᠨ ᠴᠡᠴᠡᠭ᠌ᠯᠡᠲᠦᠬᠡᠢ ᠡᠨᠡᠷᠢᠯᠲᠦ ᠨᠠᠮ ᠮᠢᠨᠢ
ᠮᠢᠷᠠᠯᠵᠠᠨ ᠴᠡᠴᠡᠭ᠌ᠯᠡᠬᠦ᠌ ᠱᠢᠷ᠎ᠠ ᠲᠠᠯ᠎ᠠ᠎ᠶ᠋ᠢᠨ ᠠᠯᠲᠠᠩᠬᠸ᠎ᠠ ᠱᠢᠭ᠋
ᠱᠢᠵᠢᠷᠲᠦᠨ ᠮᠥᠩᠬᠡᠷᠡᠲᠦᠭᠡᠢ ᠠᠴᠢᠲᠤ ᠨᠠᠮ ᠮᠢᠨᠢ