ᠠᠷᠠᠯᠲᠦ ᠰᠠᠢᠬᠠᠨ ᠬᠤᠭᠤᠷ᠎ᠢᠶᠠᠨ ᠠᠶᠠᠯᠭᠤᠯᠤᠭᠠᠳ ᠢᠷ᠎ᠡ ᠬᠤᠭᠤᠷᠴᠢᠳ ᠮᠢᠨᠢ
ᠠᠨᠳᠠᠢ ᠪᠦᠵᠢᠭ᠎ᠤᠨ ᠤᠷᠠᠯᠢᠭ᠎ᠢᠶᠠᠨ ᠭᠠᠢᠬᠠᠭᠤᠯᠤᠭᠠᠳ ᠢᠷ᠎ᠡ ᠪᠦᠵᠢᠭ᠌ᠴᠢᠳ ᠮᠢᠨᠢ
ᠠᠮᠪᠠᠨ ᠢᠷᠭᠡ᠎ᠶ᠋ᠢᠨ ᠱᠢᠭᠦᠰᠦ᠎ᠪᠠᠨ ᠳᠠᠪᠠᠭ᠍ᠯᠠᠭᠠᠳ ᠢᠷ᠎ᠡ ᠮᠠᠯᠴᠢᠳ ᠮᠢᠨᠢ
ᠠᠷᠢᠭᠤᠨ ᠰᠦ᠎ᠶ᠋ᠢᠨ ᠳᠡᠭᠡᠵᠢ᠎ᠪᠠᠨ ᠰᠦᠩᠨᠡᠭᠡᠳ ᠢᠷ᠎ᠡ ᠨᠦᠬᠦᠳ ᠮᠢᠨᠢ
ᠠᠯᠮᠠᠰ ᠪᠢᠷ᠎ᠤᠨ ᠦᠵᠦᠭᠦᠷ᠎ᠢᠶᠠᠨ ᠵᠢᠷᠪᠢᠯᠵᠡᠭᠦᠯᠦᠭᠡᠳ ᠢᠷ᠎ᠡ ᠵᠤᠬᠢᠶᠠᠯᠴᠢᠳ ᠮᠢᠨᠢ
ᠠᠯᠲᠠᠨ ᠳᠤᠪᠤᠷᠤᠲᠦ ᠵᠤᠳᠤᠭ᠎ᠢᠶᠠᠨ ᠭᠢᠯᠠᠯᠵᠠᠭᠤᠯᠤᠭᠠᠳ ᠢᠷ᠎ᠡ ᠪᠦᠬᠡᠴᠦᠳ ᠮᠢᠨᠢ
ᠠᠮᠤ ᠲᠠᠷᠢᠶᠠᠨ᠎ᠤ ᠬᠤᠷᠢᠶᠠᠯᠲᠠ᠎ᠪᠠᠨ ᠡᠷᠭᠦᠭᠡᠳ ᠢᠷ᠎ᠡ ᠲᠠᠷᠢᠶᠠᠴᠢᠳ ᠮᠢᠨᠢ
ᠠᠷᠢᠬᠢ ᠳᠠᠷᠠᠰᠤᠨᠤ ᠤᠬᠢ᠎ᠪᠠᠨ ᠢᠲᠠᠮᠯᠡᠭᠠᠳ ᠢᠷ᠎ᠡ ᠬᠦᠮᠦᠰ ᠮᠢᠨᠢ
ᠦᠨᠳᠦᠷ ᠰᠦᠷᠯᠢᠭ ᠺᠦᠨᠯᠦᠢ᠍ᠨ ᠠᠭᠤᠯᠠ ᠨᠤᠭᠤᠭᠠᠨ ᠬᠦᠷᠮ᠎ᠡ ᠬᠡᠲᠦᠷᠡᠭᠡᠳ
ᠦᠶᠡᠯᠡᠨ ᠳᠠᠪᠠᠯᠭᠠᠯᠠᠬᠤ ᠬᠦᠭᠡ ᠮᠦᠷᠡᠨ ᠡᠭᠡᠱᠢᠭ ᠤᠶᠠᠩᠭᠠᠯᠠᠨ ᠬᠠᠯᠬᠢᠯᠠᠨᠠᠮ
ᠦᠷᠨᠢᠨ ᠴᠡᠴᠡᠭ᠌ᠯᠡᠭ᠌ᠰᠡᠨ ᠡᠬᠡ ᠤᠯᠤᠰ ᠮᠢᠨᠢ ᠳᠤᠷᠤᠨᠠᠳᠠᠬᠢᠨ᠎ᠳᠤ ᠰᠦᠨᠳᠡᠷᠯᠡᠷᠤᠨ
ᠦᠯᠡᠮᠵᠢ ᠶᠡᠭᠡ ᠠᠯᠳᠠᠷ ᠨᠡᠷ᠎ᠡ᠎ᠪᠠᠨ ᠶᠢᠷᠲᠢᠨᠴᠦ᠍ ᠳᠡᠯᠡᠬᠡᠢ᠎ᠳᠤ ᠮᠠᠨᠳᠤᠭᠤᠯᠤᠨᠠᠮ
ᠴᠠᠭᠠᠨ ᠬᠡᠷᠡᠮ᠎ᠤᠨ ᠴᠠᠭᠠᠨ᠎ᠠ ᠨᠠᠭᠠᠨ᠎ᠠ ᠪᠠᠶᠠᠷ᠎ᠤᠨ ᠳᠠᠭᠤᠯᠠᠯ ᠬᠠᠩᠭᠢᠨᠠᠷᠤᠨ
ᠴᠠᠯᠭᠢᠯᠠᠬᠤ ᠮᠦᠷᠡᠨ᠎ᠤ ᠡᠮᠦᠨ᠎ᠡ ᠤᠮᠠᠷ᠎ᠠ ᠵᠢᠷᠭᠠᠯ᠎ᠤᠨ ᠴᠡᠴᠡᠭ ᠮᠦᠱᠢᠶᠡᠨᠡᠮ
ᠶ᠋ᠢᠨ ᠱᠦᠢ ᠭᠤᠤᠯ᠎ᠤᠨ ᠪᠢᠳᠦᠷᠶᠠᠨ ᠤᠰᠤᠨ᠎ᠳᠤ ᠡᠷᠳᠡᠨᠢ᠎ᠶ᠋ᠢᠨ ᠵᠢᠭᠠᠰᠤ ᠢᠷᠡᠯᠵᠢᠷᠦᠨ
ᠶ᠋ᠢᠨ ᠱᠠᠨ ᠠᠭᠤᠯᠠᠨ᠎ᠤ ᠤᠭ᠌ᠶᠤᠨ ᠱᠢᠭᠤᠢᠳᠤ ᠠᠯᠲᠠᠨ ᠭᠤᠷᠭᠤᠤᠯᠳᠠᠢ ᠳᠤᠩᠭᠤᠳᠤᠨᠠᠮ
ᠲᠠᠩᠰᠤᠭ ᠰᠠᠢᠬᠠᠨ ᠳᠤᠮᠳᠠᠳᠤ ᠭᠦᠷᠦᠨ᠎ᠳᠤ ᠲᠠᠢᠪᠦᠩ ᠠᠮᠢᠳᠤᠷᠠᠯ ᠪᠢᠯᠬᠠᠷᠤᠨ
ᠲᠠᠪᠤᠨ ᠤᠳᠤᠳᠤ ᠤᠯᠠᠭᠠᠨ ᠲᠤᠭ ᠲᠢᠶᠠᠨ ᠠᠨ ᠮᠧᠨ ᠲᠠᠯᠠᠪᠠᠢ᠎ᠳᠤ ᠨᠠᠮᠢᠷᠠᠨᠠᠮ
ᠲᠠᠪᠢᠨ ᠵᠢᠷᠭᠤᠭᠠᠨ ᠦᠨᠳᠦᠰᠦᠲᠡᠨ ᠠᠨᠠᠷ᠎ᠤᠨ ᠦᠷ᠎ᠡ ᠰᠢᠭ ᠪᠦᠯᠬᠦᠮᠳᠡᠷᠦᠨ
ᠳᠠᠢᠴᠢᠨ ᠶᠡᠭᠡ ᠬᠤᠷᠢᠳᠤᠭᠠᠷ ᠬᠤᠷᠠᠯ᠎ᠢ ᠳᠠᠯᠠᠢ ᠪᠠᠶᠠᠷ᠎ᠢᠶᠠᠷ ᠤᠭ᠍ᠳᠤᠨᠡᠮ
ᠬᠠᠰ ᠴᠠᠭᠠᠨ ᠮᠤᠩᠭᠤᠯ ᠭᠡᠷ᠎ᠢᠶᠠᠨ ᠬᠠᠷᠠᠭ᠎ᠠ ᠰᠤᠯᠤᠩᠭᠠᠷᠠᠲᠠᠯᠠ ᠴᠢᠮᠡᠭ᠌ᠯᠠᠷᠦᠨ
ᠭᠢᠯᠭᠠᠰᠤᠨ ᠬᠦᠪᠴᠢᠲᠦ ᠮᠤᠷᠢᠨ ᠬᠤᠭᠤᠷ᠎ᠢᠶᠠᠨ ᠬᠠᠢᠷ᠎ᠠ᠎ᠶ᠋ᠢ ᠲᠠᠲᠠᠲᠠᠯ᠎ᠠ ᠬᠦᠩᠭᠢᠨᠡᠭᠦᠯᠦᠨᠡᠮ
ᠰᠠᠭᠠᠯᠢ ᠰᠦᠨ᠎ᠤ ᠳᠡᠭᠡᠵᠢ᠎ᠪᠠᠨ ᠰᠠᠴᠦᠯᠢ ᠪᠤᠯᠭᠠᠵᠤ ᠡᠷᠭᠦᠷᠦᠨ
ᠰᠠᠴᠦᠷᠠᠩᠭᠤᠢ ᠪᠤᠳᠤᠯᠭ᠎ᠠ᠎ᠲᠦ ᠶᠡᠭᠡ ᠬᠤᠷᠠᠯ᠎ᠢᠶᠠᠨ ᠰᠠᠷᠠᠪᠴᠢᠯᠠᠨ ᠪᠠᠷᠠᠯᠠᠨ ᠤᠭ᠍ᠲᠦᠨᠠᠮ
ᠬᠤᠷᠴᠢᠨ᠎ᠤ ᠠᠭᠤᠳᠠᠮ ᠨᠤᠲᠤᠭ᠎ᠠᠴᠠ᠎ᠪᠠᠨ ᠬᠠᠢᠷ᠎ᠠ᠎ᠶ᠋ᠢᠨ ᠬᠠᠳᠠᠭ᠎ᠢᠶᠠᠨ ᠡᠷᠭᠦᠭᠡᠳ
ᠬᠤᠷᠢᠳᠤᠭᠠᠷ ᠶᠡᠭᠡ ᠬᠤᠷᠠᠯ᠎ᠤᠨ ᠬᠤᠤᠰ ᠦᠭᠡᠢ ᠠᠮᠵᠢᠯᠲᠠ᠎ᠶ᠋ᠢ ᠵᠦᠩᠨᠡᠶ᠎ᠡ
ᠳᠠᠯᠠᠯᠤᠭ᠍ᠰᠠᠨ ᠬᠡᠱᠢᠭ᠎ᠨᠢ ᠳᠠᠯᠠᠢ ᠪᠤᠯᠵᠤ ᠳᠠᠶᠠᠭᠠᠷ ᠪᠠᠶᠠᠷᠯᠠᠯᠳᠤᠬᠤ᠎ᠶ᠋ᠢ ᠪᠡᠯᠭᠡᠯᠡᠶ᠎ᠡ
ᠬᠤᠷᠤᠢᠯᠠᠭ᠍ᠰᠠᠨ ᠪᠤᠶᠠᠨ᠎ᠨᠢ ᠬᠤᠷᠸ᠎ᠠ ᠳᠦᠭᠦᠷᠴᠦ᠍ ᠬᠤᠲᠠᠯᠠᠭᠠᠷ ᠵᠢᠷᠭᠠᠬᠤ᠎ᠶ᠋ᠢ ᠳᠠᠭᠠᠳᠭᠠᠶᠠ