ᠶᠧ ᠵᠢᠶᠠᠨ ᠶᠢᠩ ᠄ ᠬᠠᠳᠠᠭᠤ ᠱᠢᠯᠭᠠᠯᠲᠠ᠎ᠶ᠋ᠢ ᠦᠡᠭᠭᠡᠷᠡᠭᠡᠵᠤ ᠨᠠᠮ ᠳ᠋ᠦ ᠣᠷᠣᠵᠠᠢ
2022-06-23 09:52:18
ᠵᠣᠬᠢᠶᠠᠭ᠍ᠴᠢ᠄
ᠡᠦ ᠸᠸᠨ ᠯᠦᠡᠭ
ᠣᠩᠱᠢᠭ᠍ᠰᠠᠨ ᠣᠳᠠᠭ᠎ᠠ᠄
★★★☆☆

ᠶᠧ ᠵᠢᠶᠠᠨ ᠶᠢᠩ ᠰᠦᠨ ᠵᠦᠩ ᠱᠠᠨ᠎ᠢ ᠲᠠᠭᠠᠵᠤ ᠠᠷᠠᠳᠴᠢᠯᠠᠭ᠍ᠰᠠᠨ ᠬᠤᠪᠢᠰᠭᠠᠯ᠎ᠳᠤ ᠣᠷᠣᠯᠴᠠᠵᠤ᠂ ᠤᠷᠢᠳ ᠬᠣᠵᠢᠳ ᠲᠠᠯᠠᠢ᠎ᠶ᠋ᠢᠨ ᠴᠡᠷᠢᠭ᠎ᠦᠨ ᠬᠠᠭᠤᠷᠠᠢ᠎ᠳᠤ ᠪᠠᠢᠯᠳᠤᠬᠤ ᠠᠡᠭᠭᠢ᠎ᠶ᠋ᠢᠨ ᠪᠠᠲ᠋ᠯᠢᠶᠣᠨ᠎ᠤ ᠳᠠᠷᠤᠭ᠎ᠠ᠂ ᠤᠯᠤᠰ ᠪᠠᠢᠭᠤᠯᠤᠭ᠍ᠰᠠᠨ ᠭᠤᠸᠠᠩᠳᠦ᠋ᠩ ᠎ᠦᠨ ᠴᠡᠷᠢᠭ᠎ᠦᠨ ᠬᠣᠶᠠᠳᠤᠭᠠᠷ ᠳ᠋ᠢᠸᠢᠽᠢ᠎ᠶ᠋ᠢᠨ ᠱᠲ᠋ᠠᠪ᠎ᠤᠨ ᠳᠠᠷᠤᠭ᠎ᠠ ᠵᠡᠷᠭᠡ ᠲᠤᠱᠢᠶᠠᠯ᠎ᠢ ᠬᠠᠷᠢᠭᠤᠴᠠᠵᠤ ᠦᠡᠭᠭᠡᠷᠡᠵᠠᠢ᠃ ᠬᠤᠸᠠᠩᠫᠦ᠋ ᠵᠢᠨ ᠴᠡᠷᠢᠭ᠎ᠦᠨ ᠰᠤᠷᠭᠠᠭᠤᠯᠢ᠎ᠳᠤ ᠲᠤᠱᠢᠶᠠᠯ ᠬᠠᠷᠢᠭᠤᠴᠠᠵᠤ ᠪᠠᠢᠬᠤ ᠬᠤᠭᠤᠴᠠᠭᠠᠨ᠎ᠳᠠᠭᠠᠨ᠂ ᠲᠡᠷᠡ ᠨᠣᠢᠷ ᠬᠣᠭᠣᠯᠠ᠎ᠪᠠᠨ ᠮᠠᠷᠲᠠᠨ ᠮᠠᠷᠺᠰ ᠯᠧᠨᠢᠨ᠎ᠦ ᠦᠵᠡᠯ᠎ᠦᠨ ᠵᠣᠬᠢᠶᠠᠯ᠎ᠢ ᠤᠩᠱᠢᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠣᠬᠢᠶᠠᠨ ᠪᠠᠢᠭᠤᠯᠵᠤ ᠥᠷᠨᠢᠭᠦᠯᠦᠭ᠌ᠰᠡᠨ ᠡᠯ᠎ᠡ ᠵᠦᠢᠯ᠎ᠦᠨ ᠠᠵᠢᠯᠯᠠᠭ᠎ᠠ᠎ᠳᠤ ᠦᠷᠭᠦᠯᠵᠢ ᠣᠷᠣᠯᠴᠠᠬᠤ᠎ᠶ᠋ᠢᠨ ᠬᠠᠮᠲᠤ ᠨᠠᠮ᠎ᠤᠨ ᠵᠣᠬᠢᠶᠠᠨ ᠪᠠᠢᠭᠤᠯᠤᠯᠲᠠ᠎ᠳᠤ ᠵᠢᠩᠬᠢᠨᠢ᠎ᠪᠡᠷ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠬᠤ ᠭᠤᠶᠤᠴᠢᠯᠠᠯ ᠲᠤᠰᠢᠶᠠᠵᠠᠢ᠃ ᠲᠤᠬᠠᠢ᠎ᠶ᠋ᠢᠨ ᠦᠶ᠎ᠡ᠎ᠳᠦ᠂ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠵᠠᠷᠢᠮ ᠨᠥᠬᠥᠳ ᠶᠧ ᠵᠢᠶᠠᠨ ᠶᠢᠩ ᠪᠣᠯ ᠭᠣᠮᠢᠨᠳᠠᠩ᠎ᠤᠨ ᠴᠡᠷᠢᠭ᠎ᠦᠨ ᠳᠡᠭᠡᠳᠦ ᠵᠡᠷᠭᠡ᠎ᠶ᠋ᠢᠨ ᠣᠹᠢᠼᠧᠷ ᠮᠥᠨ᠂ ᠤᠷᠳᠤ ᠬᠤᠭᠤᠴᠠᠭᠠᠨ᠎ᠤ ᠱᠢᠯᠭᠠᠯᠲᠠ᠎ᠶ᠋ᠢ ᠥᠩᠭᠡᠷᠡᠭᠡᠪᠡᠯ ᠰᠠᠶᠢ ᠡᠯᠰᠡᠭ᠌ᠳᠡᠵᠦ᠍ ᠪᠤᠯᠤᠨ᠎ᠠ ᠭᠡᠵᠦ᠍ ᠦᠵᠡᠭᠡᠳ ᠲᠡᠭᠦᠨ᠎ᠦ ᠭᠤᠶᠤᠴᠢᠯᠠᠯ᠎ᠢ ᠲᠡᠪᠴᠢᠵᠡᠢ᠃ ᠭᠡᠪᠡᠴᠦ᠍ ᠶᠧ ᠵᠢᠶᠠᠨ ᠶᠢᠩ ᠵᠣᠷᠢᠭ ᠮᠣᠬᠣᠭ᠍ᠰᠠᠨ ᠦᠭᠡᠢ᠂ ᠲᠡᠷᠡ ᠮᠥᠨ ᠯᠡ ᠮᠠᠷᠺᠰ ᠯᠧᠨᠢᠨ᠎ᠦ ᠦᠵᠡᠯ᠎ᠢ ᠰᠤᠷᠤᠯᠴᠠᠵᠤ᠂ ᠴᠡᠷᠢᠭ᠎ᠦᠨ ᠰᠤᠷᠭᠠᠭᠤᠯᠢ᠎ᠳᠠᠬᠢ ᠡᠪ ᠬᠠᠮᠲᠤᠴᠤᠳ᠎ᠲᠠᠶ ᠦᠷᠭᠦᠯᠵᠢᠯᠡᠨ ᠶᠠᠪᠤᠯᠴᠠᠵᠤ ᠪᠠᠢᠪᠠ᠃

ᠤᠮᠠᠷᠠᠰᠢ ᠳᠠᠢᠯᠠᠬᠤ ᠲᠠᠢ᠌ᠨ ᠡᠬᠢᠯᠡᠭ᠌ᠰᠡᠨ᠎ᠦ ᠲᠠᠷᠠᠭ᠎ᠠ᠂ ᠵᠢᠶᠠᠩ ᠵᠢᠶ᠍ᠸ ᠱ᠌ᠢ ᠶᠧ ᠵᠢᠶᠠᠨ ᠶᠢᠩ᠎ᠢ ᠢᠷᠭᠡᠨ᠎ᠦ ᠬᠤᠪᠢᠰᠭᠠᠯᠲᠤ ᠴᠡᠷᠢᠭ᠎ᠦᠨ ᠨᠢᠭᠡᠳᠦᠭᠡᠷ ᠠᠷᠮᠢ᠎ᠶ᠋ᠢᠨ ᠱᠲ᠋ᠠᠪ᠎ᠤᠨ ᠳᠠᠷᠤᠭ᠎ᠠ ᠪᠥᠭᠡᠳ ᠱᠢᠨ᠎ᠡ᠎ᠪᠡᠷ ᠪᠠᠢᠭᠤᠯᠤᠭ᠍ᠰᠠᠨ ᠬᠣᠶᠠᠳᠤᠭᠠᠷ ᠳ᠋ᠢᠸᠢᠽᠢ᠎ᠶ᠋ᠢᠨ ᠣᠷᠣᠯᠠᠭ᠍ᠴᠢ ᠳ᠋ᠢᠸᠢᠽᠢ᠎ᠶ᠋ᠢᠨ ᠳᠠᠷᠤᠭ᠎ᠠ᠎ᠪᠠᠷ ᠲᠣᠮᠢᠯᠠᠵᠤ᠂ ᠴᠡᠷᠢᠭ ᠠᠩᠬᠢ᠎ᠳᠠᠭᠠᠭᠤᠯᠤᠨ ᠨᠠᠨᠴᠠᠩ᠎ᠠᠴᠠ ᠵᠶ᠋ᠢ ᠠᠨ᠎ᠢ ᠰᠡᠷᠭᠡᠢᠯᠡᠬᠦ᠌᠎ᠪᠡᠷ ᠱᠢᠯᠵᠢᠭᠦᠯᠪᠡ᠃ ᠵᠶ᠋ᠢ ᠠᠨ᠎ᠳᠤ ᠲᠡᠷᠡ ᠴᠡᠷᠢᠭ ᠠᠩᠬᠢ᠎ᠶ᠋ᠢᠨ ᠵᠡᠭᠦᠨ᠎ᠦ ᠴᠡᠷᠢᠭ᠎ᠦᠨ ᠳᠠᠷᠤᠭ᠎ᠠ ᠪᠣᠯᠤᠨ ᠨᠢᠭᠤᠴᠠ ᠡᠪ ᠬᠠᠮᠲᠤ ᠨᠠᠮ᠎ᠤᠨ ᠭᠡᠱᠢᠭᠦᠨ᠎ᠦ ᠦᠵᠡᠯ ᠰᠠᠨᠠᠭᠠᠨ᠎ᠤ ᠨᠥᠯᠥᠭᠡ᠎ᠶ᠋ᠢ ᠭᠦᠨ ᠬᠦᠷᠳᠡᠵᠤ᠂ ᠳᠠᠪᠱᠢᠩᠭᠤᠢ ᠬᠤᠪᠢᠰᠭᠠᠯᠲᠤ ᠠᠵᠢᠯᠯᠠᠭ᠎ᠠ᠎ᠶ᠋ᠢ ᠶᠡᠬᠡ ᠪᠡᠷ ᠳᠡᠮᠵᠢᠪᠡ᠃ ᠵᠢᠶᠠᠩ ᠵᠢᠶ᠍ᠸ ᠱ᠌ᠢ 《4·12》 ᠎ᠤᠨ ᠬᠤᠪᠢᠰᠭᠠᠯ᠎ᠤᠨ ᠡᠰᠡᠷᠭᠦᠦ ᠲᠦᠷᠦ᠍᠎ᠶ᠋ᠢᠨ ᠬᠤᠪᠢᠰᠤᠯ ᠭᠠᠷᠭᠠᠭ᠍ᠰᠠᠨ᠎ᠤ ᠲᠠᠷᠠᠭ᠎ᠠ᠂ ᠴᠠᠭᠠᠨ᠎ᠤ ᠰᠦᠷᠳᠡᠭᠦᠯᠦᠯ ᠪᠦᠬᠦ᠌ ᠤᠯᠤᠰ᠎ᠢ ᠪᠦᠷᠬᠦᠵᠦ᠍᠂ ᠶᠧ ᠵᠢᠶᠠᠨ ᠶᠢᠩ ᠲᠤᠢᠯ᠎ᠢᠶᠠᠷ ᠬᠢᠯᠢᠩᠨᠡᠪᠡ᠃ ᠲᠡᠷᠡ ᠪᠠᠴᠢᠮ ᠱᠢᠷᠦᠭᠦᠨ ᠦᠵᠡᠯ ᠰᠠᠨᠠᠭᠠᠨ᠎ᠤ ᠲᠡᠮᠡᠴᠡᠯ᠎ᠢᠶᠡᠷ ᠲᠠᠮᠵᠢᠨ ᠬᠥᠮᠦᠨ᠎ᠦ ᠠᠮᠢᠳᠤᠷᠠᠯ᠎ᠤᠨ ᠴᠢᠬᠤᠯᠠ ᠰᠣᠩᠭᠣᠯᠲᠠ ᠬᠢᠪᠡ᠄ ᠪᠦᠬᠦ᠌ ᠤᠯᠤᠰ᠎ᠲᠤ ᠴᠠᠬᠢᠯᠭᠠᠨ ᠮᠡᠳᠡᠭᠡ ᠶᠠᠪᠤᠭᠤᠯᠵᠤ ᠵᠢᠶᠠᠩ ᠵᠢᠶ᠍ᠸ ᠱ᠌ᠢ᠎ᠶ᠋ᠢ ᠡᠰᠡᠷᠭᠦᠴᠡᠵᠡᠢ᠃ ᠵᠢᠶᠠᠩ ᠵᠢᠶ᠍ᠸ ᠱ᠌ᠢ ᠡᠨᠡ ᠴᠢᠮᠡᠭᠡ᠎ᠶ᠋ᠢ ᠰᠣᠨᠣᠰᠤᠭᠠᠳ ᠶᠧ ᠵᠢᠶᠠᠨ ᠶᠢᠩ᠎ᠢ ᠭᠣᠮᠢᠨᠳᠠᠩ᠎ᠠᠴᠠ 《ᠡᠭᠦᠷᠢᠳᠡ》 ᠬᠥᠭᠡᠭᠡᠵᠦ᠍ ᠭᠠᠷᠭᠠᠨ᠎ᠠ ᠭᠡᠵᠦ᠍ ᠨᠡᠢᠲᠡᠯᠡᠪᠡ᠃ ᠵᠶ᠋ᠢ ᠠᠨ᠎ᠤ ᠲᠡᠷᠰᠯᠡᠭᠦᠦ ᠬᠦᠴᠦᠨ ᠴᠦ᠍ ᠵᠢᠳᠠᠨ ᠦᠵᠦᠭᠦᠷ᠎ᠢᠶᠡᠨ ᠶᠧ ᠵᠢᠶᠠᠨ ᠶᠢᠩ᠎ᠳᠦ ᠱᠢᠭᠤᠳ ᠬᠠᠨᠳᠤᠭᠤᠯᠵᠤ᠂ ᠲᠡᠭᠦᠨ᠎ᠢ ᠠᠷᠭ᠎ᠠ ᠪᠤᠰᠤ ᠵᠶ᠋ᠢ ᠠᠨ᠎ᠠᠴᠠ ᠶᠠᠪᠤᠭᠤᠯᠪᠠ᠃

ᠶᠧ ᠵᠢᠶᠠᠨ ᠶᠢᠩ ᠵᠢᠶ ᠠᠨ᠎ᠠᠴᠠ ᠰᠠᠯᠤᠭ᠍ᠰᠠᠨ᠎ᠤ ᠳᠠᠷᠠᠭ᠎ᠠ ᠦᠬᠠᠨ᠎ᠳᠤ ᠬᠦᠷᠴᠡᠶ᠃ ᠲᠡᠷᠡ ᠦᠬᠠᠨ᠎ᠳᠤ ᠭᠤᠸᠠᠩᠳᠦ᠋ᠩ᠎ᠦᠨ ᠮᠧᠢ ᠱᠢᠶᠠᠨ᠎ᠤ ᠬᠠᠭᠤᠴᠢᠨ ᠲᠠᠨᠢᠯ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ᠂ ᠲᠤᠬᠠᠢ᠎ᠶ᠋ᠢᠨ ᠦᠶ᠎ᠡ᠎ᠵᠢᠨ ᠦᠬᠠᠨ᠎ᠤ ᠳᠣᠲᠣᠭᠠᠳᠤ᠎ᠶ᠋ᠢ ᠬᠠᠮᠠᠭᠠᠯᠠᠬᠤ ᠲᠣᠪᠴᠢᠶᠠᠨ᠎ᠤ ᠡᠷᠬᠢᠯᠡᠭᠴᠢ  ᠵᠢᠨ ᠨᠠᠷᠢᠨ ᠪᠢᠴᠢᠭᠡᠴᠢ ᠪᠠᠢᠭ᠍ᠰᠠᠨ ᠯᠢ ᠱ᠌ᠢ ᠠᠨ᠎ᠲᠠᠶ ᠤᠯᠠᠨ ᠤᠳᠠᠭ᠎ᠠ ᠠᠭᠤᠯᠵᠠᠵᠤ᠂ ᠴᠠᠭ᠎ᠤᠨ ᠪᠠᠢᠳᠠᠯ᠎ᠤᠨ ᠲᠤᠬᠠᠢ ᠦᠵᠡᠯᠲᠡ᠎ᠪᠡᠨ ᠶᠠᠷᠢᠵᠤ᠂ ᠰᠡᠳᠭᠢᠯ᠎ᠦᠨ ᠪᠤᠬᠢᠨᠢᠳᠤᠯ᠎ᠢᠶᠠᠨ ᠲᠣᠭᠠᠴᠢᠭ᠍ᠰᠠᠨ ᠪᠥᠭᠡᠳ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠬᠤ ᠭᠤᠶᠤᠴᠢᠯᠠᠯ᠎ᠢᠶᠠᠨ ᠳᠠᠬᠢᠨᠲᠠ ᠳᠤᠷᠠᠳᠪᠠ᠃ ᠯᠢ ᠱ᠌ᠢ ᠠᠨ ᠲᠡᠷᠡ ᠳᠠᠷᠤᠢ᠎ᠳᠤᠨᠢ ᠨᠢᠭᠤᠴᠠ᠎ᠪᠠᠷ ᠵᠧᠦ ᠡᠸᠨ ᠯᠠᠢ᠎ᠶ᠋ᠢ ᠡᠷᠢᠵᠦ᠍ ᠣᠴᠢᠭᠠᠳ ᠶᠧ ᠵᠢᠶᠠᠨ ᠶᠢᠩ᠎ᠦᠨ ᠪᠠᠢᠳᠠᠯ᠎ᠢ ᠬᠠᠷᠢᠭᠤ ᠮᠡᠳᠡᠭᠦᠯᠪᠡ᠃ 1927 ᠣᠨ᠎ᠤ 7 ᠰᠠᠷ᠎ᠠ᠎ᠶ᠋ᠢᠨ ᠡᠬᠢ᠎ᠪᠡᠷ᠂ ᠵᠧᠦ ᠧᠨ ᠯᠠᠢ᠎ᠶ᠋ᠢᠨ ᠵᠥᠪᠱᠢᠶᠡᠷᠡᠯ᠎ᠢᠶᠡᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠢ᠎ᠠ᠎ᠠᠴᠠ ᠶᠧ ᠵᠢᠶᠠᠨ ᠶᠢᠩ᠎ᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠢᠩᠬᠢᠨᠢ ᠭᠡᠱᠢᠭᠦᠨ᠎ᠢᠶᠡᠷ ᠵᠥᠪᠱᠢᠶᠡᠷᠡᠪᠡ᠃

ᠶᠧ ᠵᠢᠶᠠᠨ ᠶᠢᠩ ᠨᠢᠭᠡᠨ ᠬᠤᠪᠢᠰᠭᠠᠯᠲᠤ ᠠᠷᠠᠳᠴᠢᠯᠠᠭ᠍ᠰᠠᠨ ᠦᠵᠡᠯᠲᠡᠨ ᠪᠠᠢᠭ᠍ᠰᠠᠨ᠎ᠠᠴᠠ᠎ᠪᠠᠨ ᠡᠪ ᠬᠠᠮᠲᠤ ᠶᠣᠰᠣᠨ᠎ᠤ ᠪᠠᠢᠯᠳᠤᠭ᠍ᠴᠢ ᠪᠣᠯᠪᠠ᠂ ᠡᠨᠡᠬᠦ᠌ ᠬᠤᠪᠢᠷᠠᠯᠲᠠ ᠪᠣᠯ ᠲᠡᠭᠦᠨ᠎ᠦ ᠬᠦᠴᠢᠷ ᠪᠡᠷᠬᠡᠱᠢᠶᠡᠯ ᠨᠤᠭᠤᠷᠠᠯ ᠪᠦᠳᠦᠷᠢᠯ᠎ᠢ ᠲᠤᠭᠤᠯᠵᠤ᠂ ᠠᠷᠢᠭᠤᠨ ᠴᠢᠰᠤ ᠤᠯᠠᠭᠠᠨ ᠭᠠᠯ᠎ᠤᠨ ᠳᠠᠪᠲᠠᠯᠲᠠ ᠪᠠ ᠱᠢᠯᠭᠠᠯᠲᠠ᠎ᠶ᠋ᠢ ᠥᠩᠭᠡᠷᠡᠭᠦᠯᠦᠭ᠌ᠰᠡᠨ᠎ᠦ ᠳᠠᠷᠠᠭᠠᠬᠢ ᠡᠷᠡᠰ ᠪᠠᠲᠤ ᠰᠣᠩᠭᠣᠯᠲᠠ ᠪᠣᠯᠤᠨ᠎ᠠ᠃

ᠢᠷᠡᠯᠳᠡ᠄ 《ᠡᠪ ᠬᠠᠮᠳᠤ ᠨᠠᠮ᠎ᠤᠨ ᠬᠡᠰᠢᠭᠦᠨ ᠮᠡᠳᠡᠬᠦ ᠶᠤᠰᠤᠳᠠᠢ ᠨᠠᠮ᠎ᠤᠨ ᠲᠡᠤᠬᠡ ᠵᠢᠨ ᠵᠢᠵᠢᠭ ᠦᠯᠢᠭᠡᠷ ᠤ᠋ᠤᠨ》

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号