3 ᠰᠠᠷ᠎ᠠ᠎ᠶ᠋ᠢᠨ 26᠎ᠤ᠋ ᠡᠳᠤᠷ ᠡᠴᠡ 4 ᠰᠠᠷ᠎ᠠ᠎ᠶ᠋ᠢᠨ 24 ᠤ᠋ ᠡᠳᠦᠷ ᠪᠣᠯᠲᠠᠯ᠎ᠠ᠂
ᠲᠥᠪ᠎ᠦᠨ ᠠᠮᠢ ᠠᠬᠤᠢ ᠣᠷᠴᠢᠨ ᠲᠣᠭᠣᠷᠢᠨ᠎ᠤ ᠬᠠᠮᠠᠭᠠᠯᠠᠯᠲᠠ ᠵᠢᠨ ᠭᠤᠷᠪᠠᠳᠤᠭᠠᠷ ᠱᠠᠯᠠᠪᠳᠠᠭᠤᠯᠤᠨ ᠪᠠᠢᠴᠠᠭᠠᠬᠤ
ᠳᠤᠭᠤᠢᠯᠠᠩ ( ᠳᠣᠷᠣᠭ᠍ᠰᠢ 《 ᠲᠥᠪ᠎ᠦᠨ ᠱᠠᠯᠠᠪᠳᠠᠭᠤᠯᠤᠨ
ᠪᠠᠢᠴᠠᠭᠠᠬᠤ ᠳᠤᠭᠤᠢᠯᠠᠩ 》 ᠭᠡᠵᠦ᠍ ᠳᠥᠭᠥᠮᠴᠢᠯᠡᠨ᠎ᠡ)ᠮᠠᠨ᠎ᠤ ᠣᠷᠣᠨ᠎ᠳᠤ 30 ᠪᠦᠯᠦᠭ ᠨᠡᠢᠳᠡ 2641 ᠬᠡᠷᠡᠭ᠎ᠢ ᠰᠢᠢᠳᠪᠦᠷᠢᠯᠡᠭᠦᠯᠬᠦ
ᠪᠡᠷ ᠲᠤᠰᠢᠶᠠᠵᠠᠢ᠃ ᠲᠥᠪ᠎ᠦᠨ ᠱᠠᠯᠠᠪᠳᠠᠭᠤᠯᠤᠨ ᠪᠠᠢᠴᠠᠭᠠᠬᠤ ᠳᠤᠭᠤᠢᠯᠠᠩ᠎ᠤᠨ ᠠᠵᠢᠯ᠎ᠤᠨ ᠱᠠᠭᠠᠷᠳᠠᠯᠭ᠎ᠠ ᠶᠣᠰᠣᠭᠠᠷ᠂
ᠣᠳᠣᠬᠠᠨ᠎ᠳᠤ᠂ ᠪᠥᠬᠥ᠌ ᠣᠷᠣᠨ ᠵᠢᠡᠷ᠎ᠢᠶᠡᠨ ᠬᠣᠷᠢᠨ ᠬᠤᠶᠠᠳᠤᠭᠠᠷ ᠪᠦᠯᠦᠭ᠎ᠦᠨ 118 ᠬᠤᠪᠢ ᠵᠠᠬᠢᠳᠠᠯ ᠰᠤᠷᠪᠤᠯᠵᠢᠯᠠᠯ᠎ᠤᠨ
ᠬᠡᠷᠡᠭ᠎ᠢ ᠪᠠᠢᠴᠠᠭᠠᠨ ᠱᠢᠶ᠋ᠳᠪᠦᠷᠢᠯᠡᠵᠤ ᠪᠤᠢ᠂ ᠡᠭᠦᠨ᠎ᠳᠦ 44 ᠬᠤᠪᠢ᠎ᠶ᠋ᠢ ᠨᠢ ᠨᠢᠭᠡᠨᠲᠡ ᠱᠢᠶ᠋ᠳᠪᠦᠷᠢᠯᠡᠨ ᠳᠠᠭᠤᠰᠭᠠᠵᠤ᠂
43 ᠬᠤᠪᠢ᠎ᠶ᠋ᠢ ᠨᠢ ᠱᠠᠲᠤᠴᠢ
ᠴᠢᠨᠠᠷᠲᠠᠶ᠎ᠪᠠᠷ ᠱᠢᠶ᠋ᠳᠪᠦᠷᠢᠯᠡᠨ ᠳᠠᠭᠤᠰᠭᠠᠵᠤ᠂ 31 ᠬᠤᠪᠢ᠎ᠶ᠋ᠢ ᠨᠢ ᠬᠠᠷᠠᠬᠠᠨ ᠱᠢᠶ᠋ᠳᠪᠦᠷᠢᠯᠡᠵᠤ ᠪᠠᠷᠠᠭᠠᠳᠤᠢ᠂
8 ᠬᠤᠪᠢ ᠵᠢ ᠨᠢ ᠵᠠᠷᠯᠢᠭᠳᠡᠨ
ᠴᠡᠭᠴᠡᠯᠡᠨ ᠰᠠᠢᠵᠢᠷᠠᠭᠤᠯᠵᠤ᠂ 2 ᠬᠤᠪᠢ ᠵᠢ ᠨᠢ ᠬᠡᠷᠡᠭ ᠪᠣᠯᠭᠠᠨ ᠳᠡᠩᠰᠡᠯᠡᠨ ᠰᠢᠢᠳᠭᠡᠵᠤ᠂ ᠵᠤᠭᠤᠰ᠎ᠢᠶᠡᠷ ᠲᠤᠷᠭᠠᠭᠰᠠᠨ ᠮᠦᠡᠭᠬᠦᠨᠤ
ᠲᠤᠭ᠎ᠠ ᠨᠢ 2.5 ᠲᠦᠮᠡᠨ ᠲᠥᠭᠥᠷᠢᠭ ᠪᠠᠢᠵᠤ᠂ 6 ᠬᠥᠮᠦᠨ᠎ᠡᠴᠡ ᠬᠠᠷᠢᠭᠤᠴᠠᠯᠭ᠎ᠠ ᠨᠡᠬᠡᠮᠵᠢᠯᠡᠪᠡ᠃
4 ᠰᠠᠷ᠎ᠠ᠎ᠶ᠋ᠢᠨ 24 ᠤ᠋ ᠡᠳᠦᠷ ᠪᠣᠯᠲᠠᠯ᠎ᠠ᠂
ᠪᠥᠬᠥ᠌ ᠣᠷᠣᠨ ᠵᠢᠡᠷ ᠵᠢᠡᠨ ᠨᠢᠭᠡᠨᠲᠡ 1 — 22 ᠳ᠋ᠤᠭᠠᠷ ᠪᠦᠯᠦᠭ᠎ᠦᠨ 1839 ᠬᠤᠪᠢ ᠵᠠᠬᠢᠳᠠᠯ ᠰᠤᠷᠪᠤᠯᠵᠢᠯᠠᠯ᠎ᠤᠨ ᠬᠡᠷᠡᠭ᠎ᠢ ᠪᠠᠢᠴᠠᠭᠠᠨ ᠱᠢᠶ᠋ᠳᠪᠦᠷᠢᠯᠡᠵᠤ ᠪᠤᠢ᠂ ᠡᠭᠦᠨ᠎ᠳᠦ᠂
703 ᠬᠤᠪᠢ᠎ᠶ᠋ᠢ ᠨᠢ ᠨᠢᠭᠡᠨᠲᠡ
ᠱᠢᠶ᠋ᠳᠪᠦᠷᠢᠯᠡᠨ ᠳᠠᠭᠤᠰᠭᠠᠵᠤ᠂ 671 ᠬᠤᠪᠢ᠎ᠶ᠋ᠢ ᠨᠢ ᠱᠠᠲᠤᠴᠢ ᠴᠢᠨᠠᠷᠲᠠᠶ᠎ᠪᠠᠷ ᠱᠢᠶ᠋ᠳᠪᠦᠷᠢᠯᠡᠨ ᠳᠠᠭᠤᠰᠭᠠᠵᠤ᠂ 465 ᠬᠤᠪᠢ᠎ᠶ᠋ᠢ ᠨᠢ ᠬᠠᠷᠠᠬᠠᠨ
ᠱᠢᠶ᠋ᠳᠪᠦᠷᠢᠯᠡᠵᠤ ᠪᠠᠷᠠᠭᠠᠳᠤᠢ᠂ 784 ᠬᠤᠪᠢ᠎ᠶ᠋ᠢ ᠨᠢ ᠵᠠᠷᠯᠢᠭᠳᠡᠨ ᠴᠡᠭᠴᠡᠯᠡᠨ ᠰᠠᠢᠵᠢᠷᠠᠭᠤᠯᠵᠤ᠂ 98 ᠬᠤᠪᠢ ᠵᠢ ᠨᠢ ᠬᠡᠷᠡᠭ
ᠪᠣᠯᠭᠠᠨ ᠳᠡᠩᠰᠡᠯᠡᠨ ᠰᠢᠢᠳᠭᠡᠵᠤ᠂ ᠵᠤᠭᠤᠰ᠎ᠢᠶᠡᠷ ᠲᠤᠷᠭᠠᠭᠰᠠᠨ ᠮᠦᠡᠭᠬᠦᠨᠤ ᠲᠤᠭ᠎ᠠ ᠨᠢ 709.0678 ᠲᠦᠮᠡᠨ ᠲᠥᠭᠥᠷᠢᠭ ᠪᠠᠢᠵᠤ᠂
38 ᠬᠡᠷᠡᠭ᠎ᠢ ᠬᠡᠷᠡᠭ ᠪᠣᠯᠭᠠᠨ
ᠳᠡᠩᠰᠡᠯᠡᠵᠦ᠍ ᠲᠠᠩᠨᠠᠨ ᠪᠠᠢᠴᠠᠭᠠᠵᠤ᠂ 12 ᠬᠥᠮᠦᠨ᠎ᠢ ᠡᠷᠡᠭᠦᠦ᠍᠎ᠶ᠋ᠢᠨ ᠬᠡᠷᠡᠭ᠎ᠢᠶᠡᠷ ᠲᠦᠷ ᠬᠣᠷᠢᠵᠤ᠂ 68 ᠬᠥᠮᠦᠨ᠎ᠲᠡᠶ ᠪᠣᠯᠵᠣᠨ
ᠶᠠᠷᠢᠯᠴᠠᠵᠤ᠂ 67 ᠬᠥᠮᠦᠨ᠎ᠡᠴᠡ ᠬᠠᠷᠢᠭᠤᠴᠠᠯᠭ᠎ᠠ
ᠨᠡᠬᠡᠮᠵᠢᠯᠡᠪᠡ᠃
ᠲᠥᠪ᠎ᠦᠨ
ᠱᠠᠯᠠᠪᠳᠠᠭᠤᠯᠤᠨ ᠪᠠᠢᠴᠠᠭᠠᠬᠤ ᠳᠤᠭᠤᠢᠯᠠᠩ᠎ᠤᠨ ᠱᠠᠯᠠᠪᠳᠠᠭᠤᠯᠤᠨ ᠪᠠᠢᠴᠠᠭᠠᠬᠤ᠎ᠶ᠋ᠢᠨ ᠳᠠᠭᠠᠤ ᠴᠡᠭ᠌ᠴᠡᠯᠡᠨ ᠰᠠᠢᠵᠢᠷᠠᠭᠤᠯᠬᠤ
ᠠᠵᠢᠯ᠎ᠤᠨ ᠱᠠᠭᠠᠷᠳᠠᠯᠭ᠎ᠠ ᠶᠣᠰᠣᠭᠠᠷ᠂ ᠬᠣᠯᠪᠣᠭ᠍ᠳᠠᠯ ᠪᠦᠬᠦᠢ ᠬᠡᠷᠡᠭ᠎ᠢ ᠪᠠᠢᠴᠠᠭᠠᠨ ᠱᠢᠢᠳᠪᠦᠷᠢᠯᠡᠵᠦ᠍ ᠴᠡᠭ᠌ᠴᠡᠯᠡᠨ
ᠰᠠᠢᠵᠢᠷᠠᠭᠤᠯᠬᠤ ᠠᠵᠢᠯ᠎ᠢ ᠦᠷᠭᠦᠯᠵᠢᠯᠡᠨ ᠠᠬᠢᠭᠤᠯᠵᠤ ᠪᠠᠢᠨ᠎ᠠ᠃
ᠬᠣᠷᠢᠨ
ᠬᠤᠶᠠᠳᠤᠭᠠᠷ ᠪᠦᠯᠦᠭ᠎ᠦᠨ ᠪᠥᠬᠥ᠌ ᠬᠡᠷᠡᠭ᠎ᠢ ᠱᠢᠶ᠋ᠳᠪᠦᠷᠢᠯᠡᠭ᠌ᠰᠡᠨ ᠪᠠᠢᠳᠠᠯ᠎ᠢ ᠤᠢᠯᠠᠭᠠᠶᠠ ᠭᠡᠪᠡᠯ ᠬᠣᠶᠠᠷ
ᠬᠡᠮᠵᠢᠯᠳᠦ ᠺᠣᠳ᠋ ᠢ᠋ ᠱᠢᠷᠪᠢᠵᠦ᠍ ᠦᠵᠡᠭᠡᠷᠡᠶ᠃
